ᠨᠡᠪᠲᠡᠷᠡᠨ ᠤᠷᠤᠬᠤ
ᠪᠣᠯᠵᠤᠭ᠎ᠠ

ᠦᠳᠡ ᠶᠢᠨ ᠨᠠᠷᠠ ᠬᠠᠯᠠᠭᠤᠬᠠᠨ ᠪᠠᠢ᠌ᠯ᠎ᠠ

ᠣᠳᠠᠨ ᠤ ᠰᠡᠭᠦᠳᠡᠷ ᠰᠡᠷᠢᠭᠦᠭᠡᠨ ᠪᠠᠢ᠌ᠯ᠎ᠠ

ᠥᠩᠭᠡ ᠶᠢᠨ ᠪᠣᠳᠤᠯ ᠰᠤᠯᠤᠩᠭ᠋ᠠᠷᠠᠨ ᠪᠠᠢ᠌ᠯ᠎ᠠ

ᠦᠷᠦᠴᠡᠨ ᠤ ᠭᠤᠨᠢᠭ ᠰᠠᠮᠠᠷᠠᠨ ᠪᠠᠢ᠌ᠯ᠎ᠠ

ᠰᠤᠳᠠᠯ ᠳᠠᠮᠵᠢᠨ ᠯᠤᠭᠰᠢᠬᠤ ᠬᠠᠢ᠌ᠷ᠎ᠠ ᠶᠢᠨ ᠥᠭᠡᠰ

ᠭᠡᠯᠡᠨ ᠳᠤ ᠬᠠᠰᠢᠭᠳᠠᠵᠤ ᠭᠡᠳᠡᠷᠭᠦ ᠪᠣᠴᠠᠨ᠎ᠠ

ᠰᠤᠷᠮᠤᠤᠰᠤ ᠳᠠᠪᠠᠨ ᠪᠦᠮᠪᠦᠷᠢᠭᠦ ᠬᠠᠯᠠᠭᠤᠨ ᠨᠢᠯᠪᠣᠰᠤ

ᠭᠡᠭᠡᠷ᠎ᠡ ᠣᠨᠠᠵᠤ ᠰᠠᠯᠭᠢᠨ ᠳᠤ ᠬᠠᠳᠠᠨ᠎ᠠ

ᠭᠦᠭᠡᠭᠡᠵᠤ ᠭᠦᠢᠴᠡᠭᠦ ᠦᠭᠡᠶ ᠳᠤᠷᠠᠰᠤᠯ ᠳᠡᠭᠦᠵᠤ

ᠡᠮᠨᠢᠭ᠌ ᠵᠢᠷᠦᠭᠡ ᠮᠥᠷᠦᠭᠡᠳᠦᠯ ᠳᠤ ᠳᠠᠪᠳᠤᠨ᠎ᠠ

ᠭᠦᠮᠤᠨ ᠤ ᠨᠤᠳᠤᠭ ᠤᠨ ᠰᠠᠯᠭᠢᠨ ᠳᠤ ᠰᠤᠭᠳᠤᠵᠤ

ᠡᠷ᠎ᠡ ᠵᠠᠶᠠᠭ᠎ᠠ ᠡᠯᠡᠰᠤᠨ ᠳᠤ ᠰᠢᠩᠭᠡᠨ᠎ᠡ

ᠭᠠᠷ ᠭᠠᠷ ᠶᠢᠡᠨ ᠪᠠᠷᠢᠯᠴᠠᠨ ᠰᠠᠭᠤᠭᠰᠠᠨ ᠴᠤ

ᠭᠠᠨᠢᠷᠠᠬᠤ ᠰᠠᠤᠠᠭᠢᠯ ᠳᠤ ᠭᠠᠰᠢᠭᠤᠨ ᠪᠠᠢ᠌ᠯ᠎ᠠ

ᠭᠠᠩ ᠲᠡᠶ ᠨᠤᠳᠤᠭ ᠤᠨ ᠪᠣᠷᠤᠭᠠᠨ ᠳᠤ ᠳᠡᠪᠳᠦᠭ᠍ᠰᠡᠨ ᠴᠤ

ᠭᠠᠩᠰᠠᠷᠠᠬᠤ ᠪᠣᠳᠤᠯ ᠳᠤ ᠬᠠᠭᠤᠷᠠᠢ ᠪᠠᠢ᠌ᠯ᠎ᠠ

ᠠᠯᠢ ᠪᠦᠭᠦᠨ ᠶᠢᠡᠨ ᠪᠣᠴᠠᠭᠠᠵᠤ ᠴᠢᠳᠠᠬᠤ ᠥᠭᠡᠢ

ᠠᠬᠠᠷᠬᠠᠨ  ᠨᠠᠰᠤᠨ ᠤ ᠪᠣᠯᠵᠤᠭ᠎ᠠ ᠪᠠᠢ᠌ᠨ᠎ᠠ

ᠠᠷᠢᠭᠤᠨ ᠬᠠᠢ᠌ᠷ᠎ᠠ ᠪᠠᠨ ᠵᠢᠷᠦᠭᠡᠨ ᠳᠡᠭᠡᠨ ᠳᠡᠭᠡᠳᠦᠯᠡᠭ᠍ᠰᠡᠨ

ᠠᠮᠢᠳᠤᠷᠠᠯ ᠤᠨ ᠠᠯᠳᠠᠨ ᠳᠤᠷᠠᠤᠠᠬᠠᠯ ᠪᠠᠢ᠌ᠨ᠎ᠠ

ᠠᠯᠳᠠᠭᠰᠠᠨ ᠪᠣᠯᠭᠠᠨ ᠭᠦᠮᠤᠨ ᠤ ᠭᠢ ᠴᠤ ᠪᠢᠰᠢ ᠡ

ᠠᠯᠳᠠᠭᠠᠳᠤᠢ ᠪᠦᠭᠦᠨ ᠦᠪᠡᠷ ᠤᠨ ᠭᠢ ᠴᠤ ᠪᠢᠰᠢ ᠡ

ᠪᠣᠯᠵᠤᠭ᠎ᠠ ᠪᠣᠯᠭᠠᠨ ᠡᠭᠢᠯᠡᠯ ᠪᠢᠰᠢ ᠡ

ᠪᠣᠯᠵᠤᠭᠰᠠᠨ ᠪᠦᠭᠦᠨ ᠳᠡᠭᠦᠰᠭᠡᠯ ᠴᠤ ᠪᠢᠰᠢ ᠡ︕

ᠵᠤᠬᠢᠶᠠᠭᠴᠢ᠄ ᠯ·ᠣᠳᠤᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 18849
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ