ᠨᠡᠪᠲᠡᠷᠡᠨ ᠤᠷᠤᠬᠤ
ᠭᠦᠳᠡᠭᠡ ᠳᠡᠭᠡᠨ ᠣᠴᠢᠨ᠎ᠠ

ᠥᠭᠡ ᠪᠠᠨ ᠭᠡᠭᠡᠭ᠍ᠰᠡᠨ ᠮᠠᠠᠵᠤ ᠰᠢᠭ

ᠣᠰᠤ ᠪᠠᠷ ᠬᠠᠳᠠᠭᠰᠠᠨ ᠭᠦᠳᠡᠭᠡ ᠳᠤ

ᠠᠭᠤᠯᠠ ᠶᠢᠨ ᠴᠢᠨᠡᠭᠡᠨ ᠮᠤᠭᠠᠢ ᠰᠢᠭ

ᠣᠯᠠᠭᠠᠨ ᠰᠠᠯᠭᠢ ᠪᠣᠰᠴᠤ ᠪᠣᠢ

ᠣᠳᠤᠮ ᠤᠨ ᠳᠠᠷᠠ ᠨᠤᠳᠤᠭ ᠲᠤ

ᠣᠨ ᠣᠨ ᠶᠢᠡᠷ ᠨᠡᠭᠦᠳᠡᠯᠯᠡᠨ

ᠦᠷ᠎ᠡ ᠭᠡᠦᠭᠡᠰ ᠶᠢᠡᠨ ᠳᠤᠷᠠᠰᠬᠤ ᠳᠠᠭᠠᠨ

ᠥᠩᠭᠡᠳᠤ ᠮᠥᠩᠭᠡ ᠪᠠᠨ ᠨᠢᠭᠡ ᠪᠠᠷᠠᠭᠠᠯᠠᠳᠠᠭ

ᠣᠯᠠᠨ ᠣᠯᠠᠨ ᠮᠤᠩᠭ᠋ᠤᠯᠴᠤᠳ ᠪᠣᠢ

ᠬᠠᠮᠤᠭ ᠮᠤᠩᠭ᠋ᠤᠯ ᠤᠨ ᠳᠤᠯᠠᠭᠠᠨ ᠪᠠᠭᠤᠷᠢ ᠳᠤ

ᠬᠠᠳᠠᠭᠤ ᠴᠢᠯᠠᠭᠤ ᠪᠠᠷ ᠭᠡᠷ ᠪᠠᠨ ᠰᠡᠯᠪᠢᠭ᠍ᠰᠡᠨ

ᠪᠣᠰᠤᠭ᠎ᠠ ᠴᠤᠭᠴᠠᠳᠤ ᠮᠤᠩᠭ᠋ᠤᠯ ᠭᠡᠯᠡ ᠪᠠᠨ

ᠪᠠᠭᠤᠷᠢ ᠳᠤ ᠭᠡᠭᠡᠭᠡᠭᠦ ᠴᠡᠭᠡᠷᠯᠡᠯ ᠲᠡᠶ ᠳᠠᠮᠤᠵᠢᠨ ᠤ ᠮᠠᠯᠴᠢᠳ ᠪᠣᠢ

ᠮᠡᠳᠡᠯᠭᠡ ᠭᠡᠳᠡᠭ᠌ ᠬᠠᠳᠠᠭᠤ ᠳᠠᠯᠠᠰᠳᠤ ᠪᠠᠷ

ᠮᠢᠩᠭ᠋ᠠᠨ ᠵᠠᠭᠤᠨ ᠪᠠᠷ ᠭᠡᠷᠡᠯᠳᠦᠭᠦ ᠠᠷᠠᠤᠨ ᠤᠳ ᠪᠣᠢ

ᠮᠢᠨᠤ ᠪᠢᠴᠢᠭ᠌ ᠤᠨ ᠰᠢᠷᠡᠭᠡ ᠳᠠᠠᠳᠠ ᠪᠣᠢ

ᠮᠢᠨᠤ ᠠᠪᠣ ᠡᠵᠢ ᠠᠯᠤᠰ ᠢᠷᠡᠭᠡᠳᠦᠢ ᠪᠦᠷ ᠳᠠᠠᠳᠠ ᠪᠣᠢ

ᠪᠢ ᠭᠦᠳᠡᠭᠡ ᠳᠡᠭᠡᠨ ᠣᠴᠢᠨ᠎ᠠ

ᠪᠢᠷ ᠤᠨ ᠭᠦᠩᠭᠡᠭᠡᠨ ᠭᠦᠶ‍ᠦᠳᠡᠯ ᠶᠢᠡᠷ ᠪᠢᠯᠢᠭ᠌ ᠨᠡᠭᠡᠭᠡᠵᠤ

ᠪᠢᠴᠢᠭ᠌ ᠤᠨ ᠰᠢᠳᠠᠳᠤ ᠭᠦᠴᠤᠨ ᠶᠢᠡᠷ ᠣᠬᠠᠭ᠎ᠠ ᠳᠡᠯᠡᠭᠡᠤᠨ

ᠡᠭᠡ ᠭᠡᠯᠡᠨ ᠤ ᠢᠷᠠᠭᠤ ᠡᠭᠡᠰᠢᠭ᠌ ᠲᠡᠶ ᠣᠴᠢᠨ᠎ᠠ

ᠡᠵᠡᠨ ᠭᠦᠮᠤᠨ ᠤ ᠴᠢᠩᠭ᠋᠎ᠠ ᠠᠯᠬᠤᠭ᠎ᠠ ᠲᠡᠶ ᠣᠴᠢᠨ᠎ᠠ᠃

ᠵᠤᠬᠢᠶᠠᠭᠴᠢ᠄ ᠣᠷᠠᠩᠬᠤᠸᠠᠷ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄ ᠰᠢᠯᠦᠭ
ᠳᠠᠷᠤᠮ᠄ 5174
ᠴᠠᠭ᠄ 2008 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ