ᠨᠡᠪᠲᠡᠷᠡᠨ ᠤᠷᠤᠬᠤ
ᠤᠬᠠᠭᠠᠨ ᠳᠡᠷᠡᠯᠡᠭ᠍ᠰᠡᠨ ᠠᠮᠢᠳᠤᠷᠠᠯ

ᠠᠴᠢᠳᠤ ᠬᠤᠶᠠᠷ ᠪᠣᠷᠬᠠᠨ ᠳᠤ ᠪᠠᠨ

ᠠᠯᠠᠭ᠎ᠠ ᠪᠠᠨ ᠬᠠᠮᠳᠤᠤᠠᠬᠠᠨ

ᠠᠰᠢᠳᠠ ᠳᠠᠯᠠᠷᠬᠠᠨᠠᠮ ᠪᠢ

ᠠᠯᠠᠭ ᠴᠡᠴᠡᠭ᠌ ᠤᠨ ᠵᠠᠰᠠᠯ ᠲᠡᠶ

ᠠᠯᠳᠠᠩᠬᠠᠨ ᠬᠤᠷᠸ᠎ᠠ ᠳᠤ

ᠠᠮᠢ ᠨᠠᠰᠤ ᠣᠯᠭᠤᠭᠰᠠᠨ

ᠨᠤᠳᠤᠭ ᠤᠨ ᠶᠢᠡᠨ ᠠᠯᠠᠭ ᠴᠢᠯᠠᠭᠤᠨ ᠶᠢᠡᠨ

ᠠᠮᠠᠷᠠᠭ ᠬᠤᠩᠬᠤᠷ ᠶᠢᠡᠨ ᠰᠢᠭ

ᠠᠯᠠᠭᠠᠨ ᠳᠠᠭᠠᠨ ᠦᠨᠦᠰᠴᠤ ᠳᠠᠯᠠᠷᠬᠠᠨᠠᠮ ᠪᠢ

ᠠᠯᠤᠰ ᠤᠨ ᠠᠶᠠᠨ ᠳ᠋ᠤ

ᠪᠦᠳᠦᠷᠢᠭᠦᠯᠵᠤ᠂ ᠪᠣᠰᠬᠠᠵᠤ

ᠭᠦᠯ ᠳᠤ ᠣᠷᠤᠭᠤᠯᠵᠤ

ᠭᠦᠴᠤ ᠶᠢ ᠡᠷᠴᠢᠯᠡᠭ᠍ᠰᠡᠨ

ᠣᠯᠤᠮ ᠦᠭᠡᠶ ᠭᠦᠨ

ᠣᠷᠤᠰᠬᠠᠯᠳᠤ ᠭᠤᠤᠯ ᠳᠠᠭᠠᠨ

ᠣᠶᠠᠷᠠᠨ ᠳᠠᠭᠤᠯᠠᠵᠤ ᠳᠠᠯᠠᠷᠬᠠᠨᠠᠮ ᠪᠢ

ᠣᠮᠪᠠᠨ ᠱᠤᠮᠪᠠᠨ ᠣᠰᠤ ᠵᠠᠯᠭᠢᠨ ᠪᠠᠢ᠌ᠵᠤ

ᠣᠯᠤᠮ ᠴᠡᠭᠡᠯ ᠢ ᠨᠢ ᠳᠠᠨᠢᠭᠰᠠᠨ

ᠦᠨᠳᠦᠰᠦ ᠣᠭ ᠨᠢ ᠳᠠᠰᠤᠷᠠᠮᠠᠷ ᠪᠠᠢ᠌ᠭ᠎ᠠ

ᠦᠷᠭᠡᠰᠤ ᠲᠡᠶ ᠬᠠᠯᠠᠭᠠᠢ᠂ ᠭᠠᠰᠢᠭᠤᠨ ᠨᠤᠭᠤᠭ᠎ᠠ ᠳᠤ

ᠦᠨᠡᠨ ᠵᠢᠷᠦᠭᠡᠨ ᠡᠴᠡ ᠪᠠᠨ ᠳᠠᠯᠠᠷᠬᠠᠨ᠎ᠠ ᠪᠢ

ᠥᠯᠦᠰᠭᠦᠯᠡᠩ ᠭᠠᠴᠢᠭ ᠣᠨ ᠵᠢᠯ ᠳᠤ

ᠦᠯᠦᠨ ᠭᠡᠳᠡᠰᠤ ᠶᠢ ᠳᠦᠭᠦᠷᠭᠡᠵᠤ

ᠦᠨ᠎ᠡ ᠬᠠᠩᠰᠢ ᠦᠭᠡᠶ ᠥᠶ‍ᠦᠭ᠍ᠰᠢᠭᠦᠯᠦᠭ᠍ᠰᠡᠨ

ᠣᠷᠤᠭᠰᠢ ᠵᠠᠮ ᠳᠡᠭᠡᠷ᠎ᠡ

ᠴᠢᠯᠠᠭᠤ ᠬᠠᠶᠠᠵᠤ

ᠴᠢᠳᠤᠷ ᠵᠤᠬᠢᠶᠠᠭᠰᠠᠨ

ᠦᠰᠳᠠᠨ ᠵᠢᠳᠦᠭᠡᠳᠡᠨ ᠳᠡᠭᠡᠨ

ᠦᠷᠤ ᠵᠢᠷᠦᠭᠡᠨ ᠡᠴᠡ ᠪᠠᠨ ᠳᠠᠯᠠᠷᠬᠠᠨ᠎ᠠ

ᠣᠢ ᠣᠬᠠᠭᠠᠨ ᠢ ᠮᠢᠨᠢ ᠰᠢᠷᠭᠠᠭᠠᠵᠤ

ᠣᠷᠠᠨ ᠪᠣᠯᠭᠠᠵᠤ ᠣᠬᠠᠭ᠎ᠠ ᠰᠠᠭᠤᠯᠭᠠᠭᠰᠠᠨ

ᠦᠨᠡᠨ ᠬᠤᠳᠠᠯ ᠬᠤᠶᠠᠷ ᠢ

ᠣᠰᠤ ᠰᠥ᠋ ᠮᠠᠳᠤ ᠠᠭᠤᠰᠬᠠᠵᠤ

ᠦᠯ ᠬᠤᠭᠤᠯᠠᠨ ᠤ ᠣᠷᠤ ᠪᠣᠯᠭᠠᠵᠤ᠂

ᠳᠦᠷᠤ ᠪᠠᠷᠢᠭᠤᠯᠵᠤ ᠪᠠᠢ᠌ᠭᠰᠠᠨ

ᠣᠷᠤᠭ᠎ᠠ ᠪᠣᠰᠬᠠᠭ᠎ᠠ ᠣᠨ ᠵᠢᠯ ᠤᠳ ᠲᠤ

ᠣᠠᠴᠠ ᠳᠠᠯᠠᠷᠬᠠᠨ᠎ᠠ ᠪᠢ

ᠣᠯᠵᠤ ᠠᠯᠳᠠᠭᠰᠠᠨ ᠶᠢᠡᠨ ᠳᠤᠩᠭ᠋ᠠᠵᠤ ᠳᠤᠯᠢᠳᠠᠬᠤ

ᠬᠠᠭᠤᠳᠠᠰᠤ ᠣᠯᠠᠨ ᠳᠡᠦᠭᠡ ᠶᠢᠨ ᠨᠤᠮ ᠶᠢᠡᠷ

ᠣᠳᠤ ᠪᠢ ᠳᠤᠳᠠᠬᠤ ᠥᠭᠡᠢ

ᠠᠭᠰᠢᠷᠠᠭ᠎ᠠ ᠪᠣᠭᠤᠷᠤᠯ ᠠᠪᠣ ᠶᠢᠨ ᠮᠢᠨᠢ

ᠠᠭᠤᠵᠢᠮ ᠦᠷᠭᠡᠨ ᠮᠠᠩᠨᠠᠢ ᠳᠤ

ᠬᠤᠷᠤᠭᠤ ᠨᠢᠭᠤᠭᠳᠠᠮ᠎ᠠ ᠠᠳᠤᠷᠢᠶ᠎ᠠ ᠥᠯᠡᠳᠡᠭᠡᠭ᠍ᠰᠡᠨ

ᠭᠦᠮᠤᠨ ᠤ ᠠᠮᠢᠳᠤᠷᠠᠯ ᠳᠤ

ᠭᠦᠡᠳᠦᠳᠡ ᠳᠠᠯᠠᠷᠬᠠᠨᠠᠮ ᠪᠢ

ᠠᠭᠳᠠ ᠶᠢᠨ ᠠᠯᠠᠭ ᠡᠴᠡ

ᠠᠮᠢᠳᠤᠷᠠᠯ ᠤᠨᠠᠯᠠᠭ ᠢ

ᠠᠯᠠᠭ᠎ᠠ ᠶᠢᠨ ᠵᠢᠷᠤᠭᠠᠰᠤ ᠮᠠᠳᠤ ᠳᠠᠨᠢᠭᠤᠯᠤᠭᠰᠠᠨ

ᠡᠷᠭᠡ ᠳᠠᠪᠠᠳᠢ ᠠᠮᠢᠳᠤᠷᠠᠵᠤ ᠣᠷᠤᠰᠢᠭ᠎ᠠ

ᠡᠭᠡ ᠳᠡᠯᠡᠭᠡᠢ ᠳᠡᠭᠡᠨ ᠡᠭᠦᠷᠢᠳᠡ ᠳᠠᠯᠠᠷᠬᠠᠨᠠᠮ

ᠡᠭᠡ ᠶᠢᠨ ᠰᠥ᠋ ᠰᠢᠭ᠌ ᠣᠠᠳᠤᠷᠤᠭ᠎ᠠ

ᠡᠭᠡ ᠪᠠᠶᠠᠯᠢᠭ ᠡᠯᠪᠠᠭ᠌ ᠰᠢᠮ᠎ᠠ ᠶᠢ ᠨᠢ

ᠢᠳᠠᠵᠤ ᠡᠮᠦᠰᠴᠤ ᠭᠡᠷᠡᠭᠯᠡᠵᠤ

ᠥᠶ‍ᠦᠭ᠌ ᠳᠤᠯᠠᠭᠠᠨ ᠶᠠᠪᠣᠭᠰᠠᠨ ᠶᠤᠮ

ᠪᠦᠮᠪᠦᠷᠴᠡᠭ᠌ ᠤᠨ ᠬᠠᠭᠠᠰ ᠢ

ᠪᠦᠰᠡ ᠲᠡᠶ ᠮᠤᠷᠢ ᠲᠡᠶ

ᠨᠢᠭᠡ ᠴᠤ ᠳᠤᠳᠠᠭᠤ ᠦᠭᠡᠶ

ᠨᠠᠷ᠎ᠠ ᠵᠢᠭᠠᠵᠤ

ᠨᠠᠳᠠ ᠳᠤ ᠴᠢᠮ᠎ᠠ ᠳᠤ

ᠥᠯᠡᠳᠡᠭᠡᠵᠤ ᠥᠪᠯᠡᠭ᠍ᠰᠡᠨ

ᠳᠡᠭᠡᠳᠦᠰ ᠲᠡᠭᠡᠨ ᠪᠢ

ᠲᠦᠮᠡᠨ ᠦᠶ᠎ᠡ ᠳᠠᠯᠠᠷᠬᠠᠨᠠᠮ

ᠳᠠᠷᠠ ᠲᠡᠶ ᠳᠠᠷᠠ ᠦᠭᠡᠶ

ᠳᠢᠪ ᠠᠽᠢᠶ᠎ᠠ ᠶᠢᠨ ᠴᠡᠭᠡᠵᠢᠨ ᠳᠡᠭᠡᠷ᠎ᠡ

ᠮᠤᠩᠭ᠋ᠤᠯ ᠭᠦᠮᠤᠨ ᠭᠡᠵᠤ

ᠪᠣᠯᠪᠠᠰᠤᠨ ᠮᠤᠩᠭ᠋ᠤᠯ ᠥᠰᠦᠭ᠌ ᠲᠡᠶ

ᠪᠣᠷᠬᠠᠨ ᠠᠮᠢᠳᠤ ᠭᠡᠯᠡ ᠲᠡᠶ

ᠪᠦᠮᠪᠦᠷᠴᠡᠭ᠌ ᠢ ᠪᠦᠷᠭᠦᠵᠤ

ᠪᠣᠰᠤᠭ᠎ᠠ ᠭᠡᠢ᠌ᠮᠦᠷᠢ ᠲᠡᠶ ᠶᠠᠪᠣᠨᠠᠮ


ᠵᠤᠬᠢᠶᠠᠭᠴᠢ ᠶᠢᠨ ᠬᠠ‍‌ᠶᠢᠭ ᠄ ᠵᠠᠷᠤᠳ᠂ ᠭᠠᠬᠠᠢ᠌ᠳᠤ

ᠵᠤᠬᠢᠶᠠᠭᠴᠢ᠄ ᠭᠦᠭᠡ᠊ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ