ᠨᠡᠪᠲᠡᠷᠡᠨ ᠤᠷᠤᠬᠤ
ᠴᠢᠨ᠋ᠸ᠎ᠠ ᠶᠢᠨ ᠳᠡᠯᠭᠡᠰᠢ ᠲᠡᠶ ᠣᠷᠤᠨ ᠳᠤ ᠮᠤᠩᠭ᠋ᠤᠯ ᠡᠷ᠎ᠡ ᠳᠡᠨᠡᠢ᠌ᠳᠡᠭ᠌ ᠴᠤ ᠭᠡᠯ᠎ᠡ

ᠶᠡᠭᠡ ᠠᠯᠳᠠᠢ ᠶᠢᠨ ᠡᠩᠭᠡᠷ ᠡᠭᠦᠯᠡᠰ ᠬᠤᠷᠠᠳᠠᠭ ᠵᠢᠮ᠎ᠠ ᠲᠡᠶ

ᠡᠩᠭᠡᠷ ᠶᠢᠠᠨ ᠳᠡᠯᠭᠡᠭ᠍ᠰᠡᠨ ᠪᠦᠷᠭᠦᠤᠨ ᠳᠡᠭ᠍ᠷᠢ ᠴᠤᠮᠤᠳᠠᠬᠤ ᠳᠠᠪᠢᠯᠳᠠ ᠲᠡᠶ

ᠶᠡᠭᠡ ᠬᠠᠢ᠌ᠷᠬᠠᠤᠨ ᠤᠨ ᠪᠠᠷ᠎ᠠ ᠨᠢ ᠡᠪᠦᠭᠡᠨ ᠰᠦᠷ ᠶᠢᠡᠷ ᠳᠤᠭᠵᠢᠷᠠᠳᠠᠭ

ᠢᠯᠤᠮ ᠵᠢᠯᠤᠮ ᠊᠊᠊᠊᠊᠊᠊᠊᠊᠊᠊᠊᠊᠊᠊ ᠢᠯᠤᠮ ᠵᠢᠯᠦᠮᠭᠡᠨ

      ᠮᠤᠩᠭ᠋ᠤᠯ ᠤᠨ ᠠᠭᠤᠳᠠᠮ ᠣᠷᠤᠨ

ᠬᠠᠶᠠᠭ᠎ᠠ ᠬᠠᠳᠤᠷᠠᠵᠤ ᠠᠷᠠᠭ᠎ᠠ ᠳᠠᠴᠢᠭᠢᠨᠠᠭᠤᠯᠤᠨ ᠣᠷᠢᠯᠠᠯᠳᠤᠬᠤ ᠦᠭᠡᠶ

ᠬᠠᠮᠢᠭ᠎ᠠ ᠴᠤ ᠨᠡᠭᠦᠳᠡᠯᠯᠡᠭᠦ ᠦᠭᠡᠶ

ᠬᠠᠷ᠎ᠠ ᠳᠠᠷᠠᠤ ᠭᠠᠵᠠᠷ ᠶᠢᠡᠷ ᠭᠦᠯ ᠶᠢᠡᠨ ᠠᠮᠠᠷᠠᠭᠠᠭᠰᠠᠨ ᠮᠦᠷ ᠲᠡᠶ

ᠬᠠᠭᠠᠯᠭ᠎ᠠ ᠣᠷᠤᠩᠨᠠᠳᠠᠭ ᠦᠭᠡᠶ

     ᠵᠡᠯᠢᠭᠦᠤᠨ ᠡᠵᠡᠭᠦᠢ ᠳᠡᠨᠦᠭ᠍ᠴᠢ

ᠥᠯᠢᠭᠡᠷ ᠰᠢᠭ᠌ ᠪᠠᠷ᠎ᠠ

ᠳᠤᠮᠤᠭ ᠰᠢᠭ᠌ ᠰᠦᠷ

ᠴᠢᠨ᠋ᠸ᠎ᠠ ᠳᠠᠳᠠᠨᠤᠰ ᠢ ᠭᠠᠢ᠌ᠬᠠᠬᠤᠢ

ᠮᠤᠩᠭ᠋ᠤᠯ ᠡᠷ᠎ᠡ ᠶᠢ ᠵᠤᠷᠢᠭ ᠪᠣᠰᠤᠭ᠎ᠠ ᠴᠠᠭ

ᠵᠤᠪᠠᠯ ᠳᠡᠮᠡᠴᠡᠭᠦ ᠰᠦᠰᠦ

ᠮᠤᠬᠤᠭᠰᠠᠨ ᠡᠷ᠎ᠡ ᠶᠢᠨ ᠡᠪᠦᠳᠦᠭ᠌ ᠰᠢᠷᠣᠢ᠌ᠳᠠᠬᠤ ᠦᠶ᠎ᠡ

ᠵᠤᠪᠠᠯᠭ᠎ᠠ ᠳᠡᠮᠳᠡᠭᠯᠡᠳᠡᠭ᠌ ᠭᠡᠮᠢᠯᠢᠶᠡᠨ

ᠬᠠᠮᠢᠭ᠎ᠠ ᠳᠦᠷᠦᠳᠡᠭ᠌ ᠲᠤᠨᠢ ᠬᠠᠳᠤᠨ ᠳᠡᠯᠡᠭᠡᠢ ᠲᠦᠯᠡᠢ

ᠬᠠᠮᠢᠭ᠎ᠠ ᠨᠥᠭ᠍ᠴᠢᠳᠡᠭ᠌ ᠲᠤᠨᠢ ᠬᠠᠨ ᠬᠤᠷᠸ᠎ᠠ ᠶᠠᠪᠠ

ᠥᠯᠢᠭᠡᠷ ᠰᠢᠭ᠌ ᠴᠠᠭ ᠡᠴᠡ

ᠳᠤᠮᠤᠭ ᠰᠢᠭ᠌ ᠮᠦᠴᠡ ᠭᠦᠷᠳᠡᠯ᠎ᠡ

ᠣᠨᠢᠰᠤᠭ᠎ᠠ ᠰᠢᠭ᠌ ᠱᠤᠭᠰᠢᠶ᠎ᠠ

ᠣᠷᠠᠢ ᠳᠠᠭᠤᠨ ᠤ ᠡᠮᠤᠨ᠎ᠡ

ᠭᠠᠯᠵᠠᠭᠤ ᠢᠷᠯᠡᠭ᠍ᠰᠡᠨ ᠮᠠᠰᠠ

ᠶᠡᠭᠡ ᠠᠯᠳᠠᠢ ᠶᠢᠨ ᠪᠠᠷ᠎ᠠ ᠳᠤ ᠰᠢᠩᠭᠡᠵᠤ

ᠶᠡᠭᠡ ᠬᠠᠢ᠌ᠷᠬᠠᠤᠨ ᠤᠨ ᠡᠪᠦᠷ ᠲᠤ ᠬᠤᠨᠤᠭᠰᠢᠭᠰᠠᠨ

ᠢᠯᠤᠮ ᠵᠢᠯᠦᠮᠭᠡᠨ ᠊᠊᠊᠊᠊᠊᠊᠊᠊᠊᠊᠊᠊᠊᠊ ᠢᠯᠤᠮ ᠵᠢᠯᠦᠮᠭᠡᠨ

      ᠮᠤᠩᠭ᠋ᠤᠯ ᠤᠨ ᠠᠭᠤᠳᠠᠮ ᠣᠷᠤᠨ

ᠢᠯᠡᠭᠦᠤ ᠡᠴᠠ ᠢᠯᠡᠭᠦᠤ ᠴᠠᠭ ᠢ ᠪᠢᠳᠠ ᠭᠤᠮᠤᠳᠠᠭᠠᠳᠠᠭ ᠪᠣᠶᠤ

ᠢᠷᠡᠭᠦ ᠡᠴᠠ ᠢᠷᠡᠭᠦ ᠵᠠᠭᠤᠨ ᠳᠠᠨ ᠳᠤ ᠣᠴᠢᠳᠠᠭ ᠪᠣᠶᠤ

ᠪᠣᠷᠬᠠᠨ ᠬᠠᠯᠳᠤᠨ ᠠᠭᠤᠯᠠᠨ᠎ᠠ ᠡᠪᠦᠭᠡᠳ ᠤᠨ ᠰᠦᠨᠠᠰᠤᠨ ᠰᠠᠷᠨᠢᠭ᠎ᠠ ᠦᠭᠡᠶ

ᠣᠨᠤᠨ ᠮᠦᠷᠠᠨ ᠤ ᠭᠦᠪᠠᠭᠡᠨ ᠡᠴᠠ ᠭᠦᠭ᠍ᠰᠢᠳ ᠤᠨ ᠮᠦᠷ ᠪᠠᠯᠠᠷᠠᠭ᠎ᠠ ᠦᠭᠡᠶ

ᠡᠪᠠᠰᠤ ᠮᠤᠳᠤ ᠪᠠᠷ ᠢᠭᠴᠤᠷᠠᠭᠰᠠᠭᠠᠷ

ᠥᠯᠦᠡᠭ᠌ ᠪᠣᠳᠠ ᠪᠠᠷ ᠳᠦᠩᠭᠦᠢᠭ᠍ᠰᠡᠭᠡᠷ

ᠪᠠᠭᠠᠳᠤᠷ ᠡᠷᠡᠴᠦᠳ ᠤᠨ ᠡᠷᠢᠯ ᠮᠦᠨ

     ᠪᠢᠯᠠᠭᠤ ᠰᠢᠳᠠᠮ ᠲᠡᠶ ᠪᠠᠨ ᠵᠡᠭᠡᠰᠦᠳᠡᠢ

ᠪᠠᠭ᠎ᠠ ᠭᠦᠦᠴᠦᠦᠯ ᠤᠨ ᠠᠯᠢᠶ᠎ᠠ ᠨᠢ ᠮᠦᠨ

     ᠣᠨᠠᠭ᠎ᠠ ᠳᠠᠭ᠎ᠠ ᠲᠡᠶ ᠪᠠᠨ ᠳᠤᠭᠯᠠᠭᠠᠰᠤᠳᠠᠢ

ᠶᠡᠭᠡ ᠬᠠᠢ᠌ᠷᠬᠠᠤᠨ ᠤᠨ ᠡᠪᠦᠷ ᠡᠴᠠ

     ᠪᠠᠯᠳᠡᠷᠭᠡ ᠶᠢᠨ ᠳᠠᠭᠤᠨ ᠬᠠᠩᠭᠢᠨᠠᠬᠤᠢ

ᠢᠪᠠᠷᠠᠵᠤ ᠣᠳᠤᠭᠰᠠᠨ ᠵᠢᠷᠦᠭᠡ ᠤᠳ

     ᠳᠡᠭᠦᠨ ᠤ ᠳᠠᠭᠤᠨ ᠡᠴᠠ ᠰᠤᠴᠢᠬᠤᠢ

ᠡᠪᠦᠭᠡ ᠶᠢᠨ ᠥᠯᠢᠭᠡᠷ ᠢ

ᠥᠯᠪᠠᠷᠡᠭ᠍ᠰᠡᠨ ᠴᠢᠨ᠋ᠸ᠎ᠠ ᠳᠤᠵᠢ ᠬᠤᠯᠭᠤᠳᠠᠭ ᠪᠠᠢ᠌ᠯ᠎ᠠ

ᠦᠪᠡᠷ ᠤᠨ ᠮᠢᠨᠢ ᠵᠢᠷᠦᠭᠡ ᠳᠠᠷᠠ ᠦᠶ᠎ᠡ ᠡᠴᠠ ᠴᠢᠩᠭ᠋ᠠᠷᠳᠠᠭ ᠪᠠᠢ᠌ᠯ᠎ᠠ

ᠦᠷᠤ ᠵᠢᠷᠦᠭᠡ ᠡ ᠊᠊᠊᠊᠊᠊᠊᠊᠊᠊᠊᠊᠊᠊᠊ ᠴᠢ᠃ ᠦᠷᠤ ᠵᠢᠷᠦᠭᠡ

ᠥᠯᠪᠠᠷᠡᠭ᠍ᠰᠡᠨ ᠴᠢᠨ᠋ᠸ᠎ᠠ ᠶᠢᠨ ᠰᠦᠨᠠᠰᠤ ᠣᠷᠤᠩᠨᠠᠭᠰᠠᠨ

ᠡᠭᠦᠷᠢᠳᠡ ᠶᠢᠨ ᠣᠷᠤᠨ ᠵᠠᠢ ᠭᠡᠵᠤ ᠁

ᠶᠡᠭᠡ ᠠᠯᠳᠠᠢ ᠶᠢᠨ ᠡᠩᠭᠡᠷ ᠰᠢᠭᠤᠷᠭ᠎ᠠ ᠰᠢᠭᠤᠷᠳᠠᠭ ᠪᠣᠯᠤᠭᠰᠠᠨ ᠭᠡᠨ᠎ᠡ

ᠢᠵᠢᠯ ᠵᠢᠰᠤᠮ ᠤᠨ ᠣᠯᠢᠯᠳᠠ ᠳᠡᠭ᠍ᠷᠢ ᠴᠤᠤᠷᠢᠶᠠᠯᠬᠤ ᠴᠤ ᠪᠣᠯᠤᠭᠰᠠᠨ ᠭᠡᠨ᠎ᠡ

ᠶᠡᠭᠡ ᠬᠠᠢ᠌ᠷᠬᠠᠤᠨ ᠤᠨ ᠪᠠᠷ᠎ᠠ ᠡᠪᠦᠭᠡᠨ ᠰᠦᠷ ᠪᠠᠷ ᠳᠤᠭᠵᠢᠷᠠᠭᠰᠠᠭᠠᠷ

ᠶᠠᠷᠤ ᠡᠴᠠ ᠢᠯᠤᠮ ᠵᠢᠯᠤᠮ ᠊᠊᠊᠊᠊᠊᠊᠊᠊᠊᠊᠊᠊᠊᠊ ᠢᠯᠤᠮ ᠵᠢᠯᠦᠮᠭᠡᠨ

     ᠮᠤᠩᠭ᠋ᠤᠯ ᠤᠨ ᠠᠭᠤᠳᠠᠮ ᠳᠠᠯ᠎ᠠ ᠡ


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠣᠩᠨᠢᠭᠤᠳ᠂ ᠬᠠᠳᠠᠳᠤ

ᠵᠤᠬᠢᠶᠠᠭᠴᠢ᠄ ᠪᠣᠶᠠᠠᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 11 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ