ᠨᠡᠪᠲᠡᠷᠡᠨ ᠤᠷᠤᠬᠤ
ᠰᠢᠯᠦᠭ᠌ ᠮᠢᠨᠢ

ᠰᠢᠯᠦᠭ᠌ ᠮᠢᠨᠢ︕

ᠣᠮᠤᠭᠯᠠᠩ ᠪᠠᠢ᠌ᠬᠤ ᠶᠢᠨ ᠴᠠᠭ ᠳᠤ

ᠣᠷᠴᠢᠯᠠᠩ ᠳᠤ ᠡᠷᠭᠦᠭ᠍ᠰᠡᠨ ᠳᠠᠩᠭ᠋ᠠᠷᠢᠭ᠂

ᠣᠢ᠌ᠤᠠᠬᠠᠷ ᠭᠤᠨᠢᠭ ᠶᠢᠡᠨ ᠠᠷᠭᠠᠳᠠᠵᠤ

ᠦᠪᠡᠷ ᠲᠡᠭᠡᠨ ᠳᠠᠭᠤᠯᠠᠭᠰᠠᠨ ᠠᠶᠠᠯᠭᠤ︕

ᠬᠤᠯᠠ ᠶᠢ ᠪᠣᠳᠤᠭᠰᠠᠨ ᠪᠣᠳᠤᠯ ᠡᠴᠡ

ᠬᠠᠷᠪᠣᠵᠤ ᠣᠨᠤᠭᠰᠠᠨ ᠣᠴᠢ

ᠬᠤᠷᠸ᠎ᠠ ᠶᠢᠨ ᠮᠠᠭᠤᠬᠠᠢ ᠪᠦᠭᠦᠨ ᠢ

ᠬᠠᠷᠪᠣᠵᠤ ᠣᠨᠤᠭᠠᠬᠤ ᠰᠤᠮᠤ︕

ᠰᠢᠯᠦᠭ᠌ ᠮᠢᠨᠢ︕

ᠣᠶᠤᠨ ᠰᠡᠳᠭᠢᠯ ᠡᠴᠡ ᠳᠦᠷᠦᠭ᠍ᠰᠡᠨ

ᠣᠷᠤᠭ᠎ᠠ ᠬᠠᠩᠬᠠᠯ ᠳᠠᠭᠢ

ᠠᠮᠠᠷᠠᠭ ᠶᠢᠡᠨ ᠭᠦᠯᠢᠶᠡᠭᠦ ᠳᠡᠭᠡᠨ ᠠᠶᠠᠯᠠᠭᠰᠠᠨ

ᠣᠳᠤᠳ ᠲᠤ ᠡᠷᠭᠦᠭ᠍ᠰᠡᠨ ᠡᠭᠡᠰᠢᠭ᠌

ᠣᠷᠴᠢᠯᠠᠩ ᠤᠨ ᠰᠠᠢ᠌ᠬᠠᠨ ᠳᠤ ᠣᠶᠠᠷᠠᠵᠤ

ᠰᠡᠳᠭᠢᠯ ᠶᠢᠡᠷ ᠶᠢᠡᠨ ᠡᠷᠭᠦᠭ᠍ᠰᠡᠨ ᠰᠠᠴᠤᠯᠢ

ᠠᠭᠤᠯᠠᠰ ᠤᠨ ᠵᠤᠯᠠᠢ ᠳᠤ ᠮᠦᠷᠭᠦᠵᠤ

ᠰᠠᠷᠠᠯ ᠶᠢᠡᠷ ᠶᠢᠡᠨ ᠨᠡᠮᠡᠭ᠍ᠰᠡᠨ ᠴᠢᠯᠠᠭᠤ︕


ᠰᠢᠯᠦᠭ᠌ ᠮᠢᠨᠢ︕

ᠶᠠᠷᠳᠢᠠᠴᠤ ᠶᠢᠨ ᠶ‍ᠢᠰᠤᠨ ᠥᠩᠭᠡ ᠵᠢ

ᠣᠩᠭ᠋ᠤᠳ ᠶᠢᠡᠷ ᠬᠠᠷᠠᠭᠰᠠᠨ ᠨᠢᠳᠤ

ᠢᠨᠢᠶᠠᠳᠤᠨ ᠳᠤ ᠬᠠᠭᠤᠷᠳᠠᠭᠰᠠᠨ ᠬᠤᠷᠸ᠎ᠠ ᠵᠢ

ᠭᠡᠢ᠌ᠭᠦᠯᠵᠤ ᠴᠢᠳᠠᠬᠤ ᠠᠶᠠᠯᠭᠤ︕


      2009.3.5


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ