ᠨᠡᠪᠲᠡᠷᠡᠨ ᠤᠷᠤᠬᠤ
ᠭᠦᠭᠡ᠊ᠤ᠋ᠰᠤᠨ ᠤ ᠭᠤᠤᠯ ᠮᠢᠨᠢ

ᠮᠦᠩᠭᠦᠨ ᠴᠠᠰᠤ ᠲᠡᠶ ᠠᠭᠤᠯᠠᠰ ᠲᠤ ᠨᠢ

ᠮᠥᠩᠭᠡ ᠶᠢᠨ ᠨᠠᠷᠠᠰᠤ ᠰᠥᠡᠳᠡᠷᠯᠡᠭ᠍ᠰᠡᠨ

ᠮᠥᠯᠦᠭᠡᠷ ᠨᠤᠭᠤᠭᠠᠨ ᠬᠠᠢ᠌ᠷᠠᠬᠠᠨ ᠳᠤ ᠨᠢ

ᠪᠦᠷᠭᠦᠤᠨ ᠰᠢᠪᠠᠭᠤ ᠬᠠᠯᠢᠭᠰᠠᠨ

ᠠᠷᠢᠭᠤᠬᠠᠨ ᠣᠷᠤᠰᠬᠠᠯ ᠲᠡᠶ ᠭᠦᠭᠡ᠊ᠤ᠋ᠰᠤᠨ ᠤ ᠭᠤᠤᠯ ᠮᠢᠨᠢ

ᠡᠷᠳᠡᠨᠢ ᠪᠠᠢ᠌ᠭᠠᠯᠢ ᠶᠢᠨ ᠠᠮᠢᠯᠠᠯ ᠤᠨ ᠷᠠᠰᠢᠶᠠᠨ

ᠡᠯᠦᠡᠴᠡ ᠡᠪᠦᠭᠡ ᠶᠢᠨ ᠳᠡᠦᠭᠡ ᠲᠡᠶ ᠪᠠᠭᠤᠷᠢ

ᠡᠷᠡᠯᠭᠡᠭ᠌ ᠮᠠᠯᠴᠢᠳ ᠤᠨ ᠠᠮᠢᠳᠤᠷᠠᠯ ᠤᠨ ᠦᠯᠦᠭᠡᠢ

ᠦᠨᠢᠷ ᠰᠦᠷᠦᠭ᠌ ᠤᠨ ᠰᠢᠮ᠎ᠠ ᠲᠡᠶ ᠪᠠᠯᠴᠢᠭᠡᠷ

ᠡᠪᠠᠰᠤ ᠴᠡᠴᠡᠭ᠌ ᠤᠨ ᠦᠵᠡᠮᠵᠢᠳᠤ ᠣᠷᠤᠨ

ᠪᠣᠯᠤᠷ ᠣᠷᠤᠰᠬᠠᠯ ᠲᠡᠶ ᠭᠦᠭᠡ᠊ᠤ᠋ᠰᠤᠨ ᠤ ᠭᠤᠤᠯ ᠮᠢᠨᠢ

ᠪᠣᠶᠠᠠᠳᠤ ᠮᠠᠯᠴᠢᠳ ᠤᠨ ᠵᠢᠷᠭᠠᠯ ᠤᠨ ᠷᠠᠰᠢᠶᠠᠨ

ᠶᠡᠭᠡ ᠳᠤᠮᠳᠠ ᠡᠭᠢᠨ ᠳᠠᠪᠠᠭ᠎ᠠ ᠪᠠᠷ ᠵᠢᠠᠨ

ᠦᠷᠭᠡᠨ ᠵᠤᠯᠴᠠ ᠳᠠᠭᠠᠨ ᠡᠭᠦᠳᠡ ᠪᠠᠨ ᠨᠡᠭᠡᠭᠡᠭ᠍ᠰᠡᠨ

ᠬᠠᠷᠠᠭᠠᠢ ᠴᠠᠭᠢᠭᠤᠷ ᠭᠠᠯᠳᠠᠮᠪᠠ ᠶᠢᠨ ᠷᠠᠰᠢᠶᠠᠨ ᠶᠢᠡᠷ ᠵᠢᠠᠨ

ᠬᠤᠯᠠ ᠵᠤᠭᠠᠴᠠᠭᠰᠠᠤᠨ ᠤᠨ ᠪᠠᠬᠠᠷᠤᠯ ᠢ ᠳᠠᠳᠠᠭᠰᠠᠨ

ᠬᠠᠮᠤᠭ ᠠᠮᠢᠳᠠᠨ ᠤ ᠠᠮᠢᠯᠠᠯ ᠤᠨ ᠷᠠᠰᠢᠶᠠᠨ

ᠬᠠᠢ᠌ᠷᠠᠳᠤ ᠮᠠᠯᠴᠢᠳ ᠤᠨ ᠪᠠᠶᠠᠨ ᠪᠠᠭᠤᠷᠢ ᠭᠦᠭᠡ᠊ᠤ᠋ᠰᠤᠨ

ᠭᠤᠷᠪᠠᠨ ᠳᠠᠪᠠᠭ᠎ᠠ ᠶᠢᠨ ᠦᠨᠳᠦᠷ ᠠᠭᠤᠯᠠ ᠡᠴᠠ

ᠭᠤᠸ᠎ᠠ ᠦᠵᠡᠮᠵᠢᠳᠤ ᠳᠤᠷᠭᠠᠨ ᠵᠤᠰᠠᠯᠠᠩ ᠨᠠᠯᠠᠢ᠌ᠨ᠎ᠠ

ᠭᠤᠤᠯ ᠤᠨ ᠡᠭᠢᠨ ᠡᠴᠠ ᠬᠠᠷᠠᠭ᠎ᠠ ᠪᠠᠯᠴᠢᠨ ᠪᠠᠷᠠᠭᠠᠯᠬᠤ ᠳ᠋ᠤ

ᠭᠣᠢ᠌ᠪᠠᠯᠵᠠᠨ ᠮᠤᠰᠭᠢᠷᠠᠯᠳᠤᠭᠰᠠᠨ ᠵᠠᠰᠠᠮᠠᠯ ᠵᠠᠮ ᠰᠤᠨᠤᠯᠵᠠᠨ᠎ᠠ

ᠮᠢᠷᠠᠯᠵᠠᠨ ᠣᠷᠤᠰᠬᠤ ᠭᠦᠭᠡ᠊ᠤ᠋ᠰᠤᠨ ᠤ ᠭᠤᠤᠯ ᠮᠢᠨᠢ

ᠮᠤᠯᠤᠷ ᠡᠷᠳᠡᠨᠢ ᠳᠤᠨᠤᠷᠠᠨ ᠭᠢᠯᠯᠠᠵᠠᠨ᠎ᠠ

ᠭᠢᠷᠤᠪ ᠤᠨ ᠠᠭᠠᠷ ᠣᠭᠵᠢ ᠶᠢᠨ ᠠᠭᠠᠷ

ᠭᠡᠵᠢᠶᠡᠨᠢ ᠴᠠᠭ ᠤᠨ ᠡᠪᠦᠭᠡᠳ ᠤᠨ ᠪᠠᠭᠤᠷᠢ

ᠰᠡᠩᠭᠡ ᠰᠤᠶᠤᠯ ᠳᠠᠯᠠᠢ

ᠰᠠᠷᠠᠭᠤᠯ ᠨᠤᠳᠤᠭ ᠤᠨ ᠪᠠᠭᠠᠳᠤᠷ ᠡᠵᠡᠳ

ᠡᠷᠳᠡᠨᠢ ᠪᠠᠢ᠌ᠭᠠᠯᠢ ᠶᠢᠨ ᠣᠷᠠᠨ ᠵᠢᠷᠤᠭ

ᠦᠵᠡᠮᠵᠢ ᠳᠡᠭᠦᠰ ᠭᠦᠭᠡ᠊ᠤ᠋ᠰᠤᠨ ᠤ ᠭᠤᠤᠯ ᠮᠢᠨᠢ


ᠵᠤᠬᠢᠶᠠᠭᠴᠢ ᠶᠢᠨ ᠬᠠᠶ‍ᠢᠭ᠄ ᠰᠢᠠᠵᠠᠶᠠᠩ ᠤᠨ ᠪᠠᠶᠠᠭᠤᠤᠯ ᠵᠸᠤ ᠡᡁᠸᠵᠢᠩ ᠰᠢᠶᠠᠨ ᠤ ᠪᠠᠶᠠᠭᠤᠤᠯ ᠰᠤᠮᠤᠨ ᠤ ᠮᠠᠯ ᠤᠨ ᠡᠮᠴᠢ ᠶᠢᠨ ᠦᠷᠳᠡᠭᠡᠨ

ᠵᠤᠬᠢᠶᠠᠭᠴᠢ᠄ ᠮᠦᠩᠭᠦᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2010 ᠤᠨ ᠤ 08 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ