☆ ᠭᠡᠷᠡᠯᠳᠦᠶᠠᠭ᠎ᠠ
ᠪᠣᠴᠠᠵᠤ ᠰᠠᠨᠠᠭᠳᠠᠭᠰᠠᠨ ᠬᠠᠢ᠌ᠷ᠎ᠠ
ᠭᠤᠴᠢ ᠶᠢ ᠭᠠᠳᠤᠯᠤᠭᠠᠤᠨ ᠬᠠᠢ᠌ᠷ᠎ᠠ ᠶᠢᠨ ᠰᠢᠯᠦᠭ᠌ ᠪᠢᠴᠢᠭᠦ ᠳ᠋ᠤ
ᠭᠤᠳᠤᠷᠠᠬᠤ ᠨᠠᠰᠤ ᠮᠢᠨᠢ ᠵᠠᠯᠠᠭᠤᠵᠢᠵᠤ ᠢᠷᠠᠮᠠᠷ ᠰᠠᠨᠠᠭᠳᠠᠨ᠎ᠠ
ᠭᠤᠨᠠᠷᠠᠬᠤ ᠨᠠᠮᠤᠷ ᠤᠨ ᠠᠮᠢᠰᠬᠤᠭ᠎ᠠ ᠪᠠᠷ ᠲᠡᠩᠴᠡᠬᠦᠷᠢ ᠠᠯᠳᠠᠨ ᠭᠡᠩᠰᠡᠷᠡᠭᠦ ᠳ᠋ᠤ
ᠭᠤᠨᠢᠭᠳᠤ ᠰᠡᠳᠭᠢᠯ ᠤᠨ ᠭᠦᠡᠳᠤ ᠣᠢ᠌ᠤᠠᠬᠠᠷ ᠨᠦᠷᠢᠵᠤ ᠢᠷᠠᠮᠠᠷ ᠪᠣᠳᠤᠭᠳᠠᠨ᠎ᠠ
ᠴᠢᠨᠤ ᠳᠤᠬᠠᠢ ᠪᠣᠳᠤᠯ
ᠴᠡᠭᠡᠵᠢᠨ ᠳᠤ ᠳᠠᠩᠳᠠ ᠣᠷᠭᠤᠬᠤ ᠶᠤᠮ
ᠴᠢᠠᠳᠠᠮᠤᠨᠢᠯᠠᠵᠤ ᠬᠠᠢ᠌ᠷᠠᠯᠠᠬᠤ ᠰᠡᠳᠭᠢᠯ
ᠰᠠᠨᠠᠭᠠᠨ ᠤ ᠬᠠᠷᠭᠤᠢ ᠶᠢ ᠡᠵᠡᠯᠡᠭᠦ ᠶᠤᠮ
ᠴᠢᠮᠢ᠋ᠢ ᠰᠠᠨᠠᠬᠤ ᠪᠦᠷᠢ
ᠰᠡᠳᠭᠢᠯ ᠳᠤ ᠪᠣᠷᠠᠮ ᠠᠮᠳᠠᠯᠠᠭᠳᠠᠬᠤ ᠶᠤᠮ
ᠵᠢᠷᠦᠭᠡᠨ ᠤ ᠴᠤᠭᠢᠯᠭ᠎ᠠ ᠳᠦᠷᠭᠡᠰᠳᠡᠭ᠌ ᠶᠤᠮ
ᠵᠡᠭᠦᠳᠤᠨ ᠤ ᠮᠢᠨᠢ ᠳᠦᠷᠢᠵᠢᠯ ᠴᠤ ᠣᠯᠠᠰᠢᠷᠠᠳᠠᠭ ᠶᠤᠮ
ᠬᠠᠢ᠌ᠷ᠎ᠠ ᠶᠢᠨ ᠰᠡᠳᠭᠢᠯ ᠳᠤ ᠴᠢ ᠮᠢᠨᠢ
ᠬᠠᠰ ᠪᠣᠯᠵᠤ ᠭᠢᠯᠠᠯᠵᠠᠨ᠎ᠠ
ᠬᠠᠰ ᠰᠢᠭ ᠭᠡᠷᠡᠯᠳᠡᠢ ᠪᠠᠢ᠌ᠳᠠᠭ ᠶᠢᠡᠷ ᠵᠢᠠᠨ
ᠬᠠᠷᠠᠮᠨᠠᠵᠤ ᠥᠮᠴᠢᠷᠭᠡᠮᠡᠷ ᠴᠤ ᠰᠠᠨᠠᠭᠳᠠᠨ᠎ᠠ
ᠬᠠᠢ᠌ᠷᠠᠳᠠᠢ ᠪᠦᠭᠦᠨ ᠦᠮᠴᠢᠨ ᠳᠤ ᠦᠭᠡᠶ ᠭᠡᠵᠤ
ᠬᠤᠷᠤ᠎ᠠ ᠭᠦᠮᠦᠰ ᠲᠤ ᠬᠠᠳᠠᠭᠤᠬᠠᠨ ᠰᠢᠪᠠᠨᠠᠪᠠ
ᠬᠠᠢ᠌ᠷᠠᠳᠠᠢ ᠵᠣᠢ᠌ᠯ ᠶᠢᠡᠨ ᠣᠷᠭᠢᠵᠤ ᠴᠢᠳᠠᠬᠤ
ᠬᠠᠳᠠᠭᠤ ᠳᠠᠷᠴᠢᠯᠭᠠᠨ ᠳᠤ ᠳᠠᠰᠤᠭᠠᠷᠠᠢ ᠭᠡᠵᠤ ᠴᠢᠩᠭ᠋ᠠᠯᠠᠨ ᠰᠤᠷᠭᠠᠪᠠ
ᠴᠢᠮᠢ᠋ᠢ ᠬᠠᠰᠤᠵᠤ ᠣᠷᠭᠢᠭᠰᠠᠨ ᠮᠢᠨᠢ
ᠮᠢᠨᠤᠭᠢ ᠊᠊᠊᠊᠊᠊᠊᠊᠊᠊᠊᠊᠊᠊᠊
ᠬᠤᠷᠤᠮᠬᠠᠨ ᠵᠠᠭᠤᠷ᠎ᠠ ᠶᠢᠨ ᠭᠤᠮᠤᠳᠠᠯ ᠶᠤᠮ
ᠭᠡᠵᠢᠶ᠎ᠡ ᠴᠤ ᠮᠠᠷᠳᠠᠵᠤ ᠴᠢᠳᠠᠬᠤ ᠦᠭᠡᠶ ᠣᠰᠤᠯ ᠶᠤᠮ
ᠴᠢᠨᠤᠭᠢ ᠊᠊᠊᠊᠊᠊᠊᠊᠊᠊᠊᠊᠊᠊᠊
ᠵᠢᠷᠦᠭᠡᠨ ᠤ ᠴᠢᠨᠢ ᠳᠤᠯᠳᠤ ᠳ᠋ᠠᠭᠢ ᠡᠳᠡᠭᠡᠷᠡᠵᠤ ᠳᠠᠢ᠌ᠯᠤᠰᠢ ᠥᠭᠡᠢ
ᠭᠦᠡᠳᠤ ᠰᠢᠷᠬᠠᠯᠠᠯ ᠶᠤᠮ
ᠠᠮᠢᠳᠤᠷᠠᠯ ᠰᠠᠢ᠌ᠬᠠᠨ ᠪᠠᠢ᠌ᠳᠠᠭ ᠶᠤᠮ
ᠬᠠᠳᠠᠭᠤᠬᠠᠨ ᠴᠤ ᠪᠠᠢ᠌ᠳᠠᠭ ᠶᠤᠮ
ᠡᠶ᠎ᠡ ᠲᠡᠶ ᠰᠠᠢ᠌ᠬᠠᠨ ᠠᠮᠢᠳᠤᠷᠠᠯ ᠤᠨ ᠴᠢᠨᠢ
ᠡᠯᠢᠭᠡ ᠶᠢ ᠪᠣᠤ ᠰᠡᠪᠳᠦᠭᠡᠶ᠎ᠡ ᠭᠡᠵᠤ
ᠠᠮᠢᠠᠴᠢᠷᠬᠠᠨ ᠦᠨᠡᠠᠴᠢ ᠬᠠᠢ᠌ᠷᠠᠨ ᠳᠤ ᠴᠢᠨᠢ
ᠰᠠᠯᠠᠭ᠎ᠠ ᠪᠢᠳᠡᠭᠡᠢ ᠭᠠᠷᠭᠠᠶ᠎ᠠ ᠭᠡᠵᠤ
ᠬᠠᠢ᠌ᠷᠠᠳᠠᠢ ᠪᠣᠯᠬᠤᠷ ᠶᠢᠡᠨ ᠴᠢᠮᠢ᠋ᠢ ᠡᠴᠠ ᠪᠢ
ᠳᠡᠷᠳᠡᠭᠡ ᠳᠠᠯᠳᠠᠬᠠᠨ ᠪᠠᠢ᠌ᠶ᠎ᠠ ᠭᠡᠵᠤ
ᠵᠢᠷᠦᠭᠡᠨ ᠤ ᠴᠢᠨᠢ ᠳᠤᠯᠳᠤ ᠶᠢ ᠵᠥᠭᠡᠯᠡᠭᠡᠨ ᠥᠨᠦᠰᠦᠭᠡᠳ
ᠪᠠᠶᠠᠷᠳᠠᠢ ᠭᠡᠵᠤ ᠦᠴᠢᠶ᠎ᠠ
ᠬᠠᠢ᠌ᠷ᠎ᠠ ᠮᠢᠨᠢ︕
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ
ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ