☆ ᠡ᠊·ᠳᠠᠮᠤᠷ
ᠪᠢᠳᠡᠭᠦᠨ ᠤ ᠰᠦᠨᠢ
ᠭᠡᠷᠡᠯ ᠳᠠᠭᠤᠨ ᠤ ᠬᠤᠷᠳᠤᠴᠠ ᠢᠯᠭᠠᠷᠠᠵᠤ
ᠪᠢᠳᠡᠭᠦᠨ ᠤ ᠰᠦᠨᠢ ᠪᠣᠴᠠᠯᠤᠨ᠎ᠠ
ᠪᠢᠳᠠ ᠪᠦᠭᠦᠨ ᠤ ᠪᠣᠳᠤᠯ ᠤᠨ ᠥᠵᠦᠭᠦᠷ
ᠭᠠᠯ ᠤᠨ ᠪᠣᠷᠬᠠᠤᠨ ᠮᠤᠷᠢᠯᠠᠨᠠ
ᠵᠡᠭᠡᠯᠢ ᠭᠤᠳᠤᠮᠵᠢ ᠪᠣᠯᠤᠩ ᠳᠤᠬᠤᠢ ᠪᠠᠷ
ᠫᠣᠤᠵᠢᠩ ᠤᠨ ᠴᠠᠭᠠᠰᠤ ᠪᠣᠳᠠᠷᠠᠵᠤ
ᠵᠢᠭᠡᠯᠡᠯᠭᠡ ᠪᠠᠷ ᠢᠷᠡᠭ᠍ᠰᠡᠨ ᠠᠷᠠᠤᠨ ᠤᠨ ᠵᠤᠭᠤᠰ
ᠬᠤᠳᠠᠯᠳᠤᠭᠠᠴᠢᠨ ᠤ ᠭᠠᠷ ᠶᠢᠡᠷ ᠱᠤᠤᠭᠢᠨ᠎ᠠ
ᠰᠦᠨᠢᠵᠢᠨ ᠨᠥᠵᠢᠭᠢᠨᠡᠭ᠍ᠰᠡᠨ ᠬᠠᠭᠢᠷ ᠳᠠᠭᠤᠨ ᠳᠤ
ᠰᠦᠨᠢ ᠶᠢᠨ ᠨᠣᠢ᠌ᠷ ᠦᠷᠭᠦᠵᠤ
ᠰᠢᠨ᠎ᠠ ᠵᠢᠯ ᠤᠨ ᠡᠭᠢᠨ ᠤ ᠦᠷᠯᠦᠭᠡ
ᠨᠣᠢ᠌ᠷᠮᠤᠭ ᠳᠠᠭᠵᠢᠵᠤ ᠰᠠᠷᠢᠨ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 03 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ