ᠨᠡᠪᠲᠡᠷᠡᠨ ᠤᠷᠤᠬᠤ
ᠰᠤᠷᠬᠤ ᠨᠠᠰᠤᠨ ᠡᠴᠠ ᠡᠮᠦᠨᠡᠭᠢ ᠭᠦᠮᠦᠵᠢᠯ

     ᠣᠳᠤ ᠳᠡᠯᠡᠭᠡᠢ ᠶᠢᠨ ᠵᠠᠭᠤᠨ ᠤ ᠶᠠᠷᠠ ᠡᠴᠠ ᠳᠡᠭᠡᠭ᠍ᠰᠢᠭᠢ ᠣᠯᠤᠰ ᠬᠡᠦᠬᠡᠳ ᠤᠨ ᠰᠤᠷᠬᠤ ᠨᠠᠰᠤᠨ ᠡᠴᠠ ᠡᠮᠦᠨᠡᠭᠢ ᠭᠦᠮᠦᠵᠢᠯ ᠢ ᠭᠦᠡᠳᠦᠳᠭᠡᠨ ᠦᠵᠡᠵᠤ ᠪᠣᠢ᠂ ᠣᠠᠴᠠ ᠵᠠᠷᠢᠮ ᠣᠯᠤᠰ 3 ᠊᠊᠊᠊᠊᠊᠊᠊᠊᠊᠊᠊᠊᠊᠊ 4 ᠨᠠᠰᠤᠨ ᠤ ᠬᠡᠦᠬᠡᠳ ᠡᠴᠠ ᠡᠭᠢᠯᠡᠨ ᠠᠳᠬᠤᠵᠤ᠂ ᠪᠠᠰᠠ ᠨᠢᠭᠡ ᠵᠣᠢ᠌ᠯ ᠤᠨ ᠣᠠᠴᠠᠭᠠᠢ ᠭᠦᠮᠦᠵᠢᠯ ᠤᠨ ᠰᠤᠷᠭᠠᠭᠤᠯᠢ 《ᠪᠢᠴᠢᠬᠠᠨ ᠪᠠᠭ᠎ᠠ ᠰᠤᠷᠭᠠᠭᠤᠯᠢ》 ᠭᠡᠵᠤ ᠪᠠᠢ᠌ᠭᠤᠯᠵᠤ ᠪᠠᠢ᠌ᠨ᠎ᠠ᠃ ᠡᠢ᠌ᠮᠤ ᠡᠴᠠ ᠬᠣᠢ᠌ᠴᠢ ᠦᠶ᠎ᠡ ᠪᠠᠨ ᠬᠠᠯᠠᠮᠵᠢᠯᠠᠬᠤ ᠡᠭᠦᠳᠡᠨ ᠡᠴᠠ ᠰᠤᠷᠬᠤ ᠨᠠᠰᠤᠨ ᠡᠴᠠ ᠡᠮᠦᠨᠡᠭᠢ ᠭᠦᠮᠦᠵᠢᠯ ᠢ ᠮᠦᠴᠢᠳ ᠥᠭᠦᠯᠡᠵᠤ ᠳᠠ ᠪᠦᠭᠦᠨ ᠤ ᠴᠢᠬᠤᠯᠠᠴᠢᠯᠠᠨ ᠥᠵᠡᠭᠦ ᠶᠢ ᠭᠦᠰᠡᠶ᠎ᠡ ︕

     ᠰᠠᠳᠭᠢᠴᠠ ᠶᠢᠨ ᠵᠦᠢ᠌ ᠶᠢᠨ ᠣᠬᠠᠭᠠᠠᠳᠠᠨ ᠨᠡᠷ ᠤᠨ ᠥᠵᠡᠭᠦ ᠪᠠᠷ ᠬᠡᠦᠬᠡᠳ ᠤᠨ ᠪᠠᠶᠠᠴᠢ ᠨᠥᠭᠦᠴᠡᠯ ᠡᠴᠠ ᠦᠵᠡᠪᠠᠯ ᠬᠤᠶᠠᠷ ᠨᠠᠰᠤᠨ ᠡᠴᠠ ᠡᠮᠦᠨᠡᠭᠢ ᠪᠠᠯᠴᠢᠷ ᠨᠠᠰᠤᠨ ᠤ ᠬᠡᠦᠬᠡᠳ ᠤᠨ ᠦᠶ᠎ᠡ ᠶᠢᠨ ᠳᠠᠷᠢᠭᠢᠨ ᠤ ᠮᠠᠳᠠᠷᠠᠯ ᠤᠨ ᠨᠡᠭᠡᠳᠡᠰᠤ ᠪᠠ ᠪᠦᠳᠦᠴᠡ ᠨᠢᠭᠡᠨᠲᠡ ᠨᠠᠰᠤᠨ ᠳᠤ ᠭᠦᠷᠦᠭ᠍ᠰᠡᠳ ᠲᠡᠶ ᠤᠢ᠌ᠷᠠᠳᠬᠤ ᠪᠠ ᠳᠠᠷᠢᠭᠢᠨ ᠤ ᠭᠦᠡᠳᠤ ᠨᠢ ᠨᠰᠤᠨ ᠳᠤ ᠭᠦᠷᠦᠭ᠍ᠰᠡᠳ ᠤᠨ ᠭᠢ ᠲᠡᠶ ᠮᠦᠨ ᠤᠢ᠌ᠷᠠᠳᠴᠤ ᠣᠴᠢᠬᠤ ᠶᠤᠮ᠃

     ᠬᠡᠦᠬᠡᠳ ᠤᠨ ᠰᠠᠷᠠᠵᠤ ᠮᠡᠳᠡᠷᠡᠭᠦ ᠴᠢᠳᠠᠪᠣᠷᠢ ᠶᠢᠨ ᠭᠦᠭ᠍ᠵᠢᠯᠳᠡ ᠡᠴᠠ ᠦᠵᠡᠪᠠᠯ 0 ᠊᠊᠊᠊᠊᠊᠊᠊᠊᠊᠊᠊᠊᠊᠊ 1 ᠨᠠᠰᠤᠨ ᠤ ᠬᠡᠦᠬᠡᠳ ᠣᠷᠴᠢᠨ ᠳᠤᠭᠤᠷᠢᠨ ᠤ ᠭᠡᠷᠡᠭ᠌ ᠪᠣᠳᠠᠰ ᠤᠨ ᠳᠦᠷᠰᠤ ᠪᠣᠯᠤᠨ ᠭᠠᠳᠠᠭᠠᠳᠤ ᠬᠠᠷᠢᠴᠠᠭ᠎ᠠ ᠶᠢ ᠵᠤᠭᠢᠬᠤ ᠭᠡᠮᠵᠢᠶ᠎ᠡ ᠳᠤᠳᠤᠷ᠎ᠠ ᠡᠵᠡᠮᠰᠢᠵᠤ ᠡᠭᠢᠯᠡᠨ᠎ᠡ᠂ ᠳᠠᠷᠤᠢ ᠰᠡᠷᠡᠭᠦ ᠴᠢᠳᠠᠪᠣᠷᠢ ᠮᠡᠳᠡᠷᠡᠭᠦ ᠴᠢᠳᠠᠪᠣᠷᠢ ᠭᠦᠭ᠍ᠵᠢᠭᠦ ᠶᠢᠨ ᠴᠢᠬᠤᠯᠠ ᠴᠠᠭ ᠦᠶ᠎ᠡ ᠮᠦᠨ᠂ ᠰᠠᠷᠠᠵᠤ ᠣᠯᠤᠠᠠᠰᠠᠨ ᠥᠵᠡᠭ᠍ᠳᠡᠯ ᠭᠡᠳᠦᠢ ᠣᠯᠠᠨ ᠪᠣᠯ ᠮᠠᠳᠠᠷᠠᠴᠠ ᠭᠡᠳᠦᠢ ᠭᠦᠭ᠍ᠵᠢᠵᠤ᠂ ᠰᠠᠷᠠᠵᠤ ᠣᠯᠬᠤ ᠵᠣᠢ᠌ᠯ ᠤᠨ ᠭᠦᠷᠢᠶ᠎ᠡ ᠭᠡᠪᠴᠢᠶ᠎ᠡ ᠦᠷᠭᠡᠳᠭᠦ ᠶᠢᠨ ᠳᠠᠭᠠᠤ ᠰᠡᠳᠭᠢᠭᠦ ᠴᠢᠳᠠᠪᠣᠷᠢ ᠢᠯᠠᠳᠳᠠ ᠭᠦᠭ᠍ᠵᠢᠨ᠎ᠡ᠃

     1 ᠊᠊᠊᠊᠊᠊᠊᠊᠊᠊᠊᠊᠊᠊᠊ 3 ᠨᠠᠰᠤᠨ ᠤ ᠬᠡᠦᠬᠡᠳ ᠤᠨ ᠰᠡᠳᠭᠢᠭᠦ ᠴᠢᠳᠠᠪᠣᠷᠢ ᠠᠩᠬ᠎ᠠ ᠠᠯᠬᠤᠮ ᠪᠣᠢ ᠪᠣᠯᠵᠤ ᠪᠠᠰᠠ ᠠᠩᠬ᠎ᠠ ᠠᠯᠬᠤᠮ ᠤᠨ ᠬᠤᠷᠢᠶᠠᠩᠭ᠋ᠣᠢ᠌ᠯᠠᠨ ᠵᠠᠳᠠᠯᠬᠤ ᠴᠢᠳᠠᠪᠣᠷᠢ ᠲᠡᠶ ᠪᠣᠯᠳᠠᠭ᠃

     3 ᠊᠊᠊᠊᠊᠊᠊᠊᠊᠊᠊᠊᠊᠊᠊ 4 ᠨᠠᠰᠤᠨ ᠤ ᠬᠡᠦᠬᠡᠳ ᠤᠨ ᠰᠡᠳᠭᠢᠭᠦ ᠴᠢᠳᠠᠪᠣᠷᠢ ᠮᠠᠰᠢ ᠳᠦᠷᠭᠡᠨ ᠭᠦᠭ᠍ᠵᠢᠭᠦ ᠦᠶ᠎ᠡ ᠮᠦᠨ᠂ ᠡᠨᠡ ᠦᠶ᠎ᠡ ᠶᠢᠨ ᠬᠡᠦᠬᠡᠳ ᠴᠡᠭᠡᠵᠢᠯᠡᠭᠦ ᠴᠢᠳᠠᠪᠣᠷᠢ ᠪᠠ ᠠᠩᠬᠠᠷᠤᠮᠵᠢ ᠮᠠᠰᠢ ᠰᠠᠢ᠌ᠨ ᠪᠠᠢ᠌ᠳᠠᠭ᠂ ᠭᠡᠷᠡᠭ᠌ ᠣᠴᠢᠷ ᠢ ᠴᠡᠭᠡᠵᠢᠯᠡᠪᠠᠯ ᠶᠠᠷᠤ ᠡᠴᠠ ᠮᠠᠷᠳᠠᠬᠤ ᠦᠭᠡᠶ᠂ ᠶᠠᠭᠠᠭᠢᠭᠠᠤᠨ ︖ ᠶᠠᠮᠠᠷ ᠣᠴᠢᠷ ᠡᠴᠠ ︖ ᠭᠡᠳ ᠠᠰᠠᠭᠤᠭᠠᠤᠨ ᠪᠠᠢ᠌ᠳᠠᠭ᠂ ᠣᠯᠠᠩᠭᠢ ᠳᠤ ᠪᠠᠨ ᠶᠡᠭᠡ ᠭᠦᠮᠤᠨ ᠢ ᠠᠰᠠᠭᠤᠵᠤ ᠭᠠᠷᠳᠠᠭᠠᠳᠠᠭ ᠶᠤᠮ᠃

     ᠰᠤᠷᠭᠠᠨ ᠭᠦᠮᠦᠵᠢᠯ ᠤᠨ ᠰᠠᠭᠤᠷᠢ ᠶᠢ ᠭᠤᠤᠯᠳᠠᠭᠤ ᠳᠠᠪᠤᠨ ᠨᠠᠰᠤᠨ ᠡᠴᠠ ᠡᠮᠤᠨ᠎ᠡ ᠳᠠᠯᠪᠢᠳᠠᠭ᠂ ᠬᠡᠦᠬᠡᠳ ᠤᠨ ᠳᠦᠷᠦᠭ᠍ᠰᠡᠨ ᠴᠠᠭ ᠮᠦᠴᠡ ᠪᠣᠯ ᠳᠠᠷᠤᠢ ᠳᠡᠭᠦᠨ ᠢ ᠰᠤᠷᠭᠠᠵᠤ ᠭᠦᠮᠦᠵᠢᠭᠦᠯᠭᠦ ᠴᠠᠭ ᠮᠦᠴᠡ ᠮᠦᠨ᠃ ᠬᠡᠦᠬᠡᠳ ᠢ ᠭᠡᠳᠤᠨ ᠰᠠᠷ᠎ᠠ ᠪᠣᠯᠤᠮᠠᠠᠠᠴᠠ ᠭᠡᠷ ᠤᠨ ᠠᠯᠢᠪᠠ ᠡᠳ᠋ ᠭᠡᠷᠡᠭ᠍ᠰᠡᠯ ᠤᠳ ᠶᠢᠡᠨ ᠨᠢᠭᠡ ᠨᠢᠭᠡ ᠪᠠᠷ ᠵᠢᠭᠠᠵᠤ᠂ ᠶᠠᠭᠤ ᠪᠣᠯᠬᠤ ᠶᠢ ᠶᠠᠷᠢᠵᠤ ᠦᠭ‍ᠭᠦ᠂ ᠢᠩᠭᠢᠪᠠᠯ ᠬᠡᠦᠬᠡᠳ ᠥᠭᠡ ᠭᠡᠯᠡᠮᠡᠭ᠍ᠴᠡ ᠬᠠᠮᠤᠭ ᠳᠡᠷᠢᠭᠦᠨ ᠳᠤ ᠳᠡᠳᠡᠭᠡᠷ ᠭᠡᠷ ᠤᠨ ᠡᠳ᠋ ᠭᠡᠷᠡᠭ᠍ᠰᠡᠯ ᠤᠳ ᠢ ᠨᠢᠭᠡ ᠨᠢᠭᠡ ᠪᠠᠷ ᠵᠦᠪ ᠣᠨᠤᠪᠴᠢᠳᠠᠢ ᠭᠡᠯᠡᠵᠤ ᠴᠢᠳᠠᠬᠤ ᠪᠣᠯᠤᠨ᠎ᠠ᠂ ᠬᠡᠦᠬᠡᠳ ᠤᠨ ᠰᠠ‍‌ᠶᠢ ᠡᠭᠢᠯᠡᠵᠤ ᠥᠭᠡ ᠭᠡᠯᠡᠵᠤ ᠰᠤᠷᠬᠤ ᠦᠶ᠎ᠡ ᠳᠤ ᠮᠤᠩᠭ᠋ᠤᠯ ᠭᠢᠳᠠᠤᠨ ᠬᠤᠶᠠᠷ ᠵᠣᠢ᠌ᠯ ᠤᠨ ᠭᠡᠯᠡ ᠪᠠᠷ ᠵᠢᠭᠠᠵᠤ᠂ ᠵᠡᠭᠡᠯᠢ ᠳᠤ ᠳᠠᠪᠠᠷᠢᠨ ᠭᠠᠷᠪᠠᠯ ᠡᠯ᠎ᠡ ᠵᠣᠢ᠌ᠯ ᠤᠨ ᠭᠡᠷᠡᠭ᠌ ᠪᠣᠳᠠᠰ ᠢ ᠨᠢᠭᠡ ᠨᠢᠭᠡ ᠪᠠᠷ ᠵᠢᠭᠠᠨ ᠳᠠᠨᠢᠭᠤᠯᠬᠤ᠂ ᠠᠯᠬᠤᠵᠤ ᠴᠢᠳᠠᠬᠤ ᠪᠣᠯᠪᠠᠯ ᠴᠡᠴᠡᠷᠯᠢᠭ᠌ ᠶᠢᠡᠷ ᠳᠤᠭᠤᠷᠢᠭᠤᠯᠵᠤ ᠡᠯ᠎ᠡ ᠵᠣᠢ᠌ᠯ ᠤᠨ ᠮᠤᠳᠤᠳ ᠪᠠ ᠴᠡᠴᠡᠭ᠌ ᠢ ᠳᠠᠨᠢᠭᠤᠯᠬᠤ᠂ ᠡᠰᠡᠭᠦᠯ᠎ᠡ ᠵᠠᠮ ᠤᠨ ᠬᠠᠵᠠᠭᠤᠳᠠᠭᠢ ᠮᠤᠳᠤᠳ ᠢ ᠳᠤᠭᠠᠯᠠᠭᠤᠯᠤᠨ᠎ᠠ᠃ ᠢᠩᠭᠢᠵᠤ ᠬᠡᠦᠬᠡᠳ ᠲᠤ ᠣᠷᠴᠢᠨ ᠳᠤᠭᠤᠷᠢᠨ ᠤ ᠭᠡᠷᠡᠭ᠌ ᠪᠣᠳᠠᠰ ᠶᠢᠡᠨ ᠢᠯᠡᠭᠦᠭᠡᠨ ᠳᠠᠨᠢᠭᠤᠯᠤᠨ ᠮᠡᠳᠡᠭᠦᠯᠵᠤ᠂ ᠳᠠᠳᠠᠨ ᠤ ᠰᠠᠷᠠᠯ ᠤᠨ ᠳᠠᠨᠢᠯᠳᠠ ᠶᠢ ᠰᠠᠢ᠌ᠳᠤᠷ ᠭᠦᠭ᠍ᠵᠢᠭᠦᠯᠭᠦ ᠭᠡᠷᠡᠭ᠍ᠳᠡᠢ᠃ ᠰᠠᠷᠠᠯᠳᠠ ᠪᠠ ᠮᠠᠳᠠᠷᠠᠴᠠ ᠶᠢ ᠭᠦᠭ᠍ᠵᠢᠭᠦᠯᠭᠦ ᠶᠢᠨ ᠳᠠᠭᠠᠤ ᠴᠢᠳᠠᠬᠤ ᠶᠢᠨ ᠳᠤᠳᠤᠷ᠎ᠠ ᠳᠠᠷᠢᠭᠢ ᠶᠢ ᠨᠢ ᠢᠯᠡᠭᠦᠭᠡᠨ ᠭᠦᠳᠡᠯᠭᠡᠭᠦ ᠭᠡᠷᠡᠭ᠍ᠳᠡᠢ᠂ ᠳᠠᠷᠢᠭᠢ ᠳᠤᠯᠤᠭᠠᠢ ᠶᠢ ᠨᠢ ᠢᠯᠡᠭᠦᠭᠡᠨ ᠭᠦᠳᠡᠯᠭᠡᠵᠤ ᠢᠯᠡᠭᠦᠭᠡᠨ ᠪᠣᠳᠤᠯᠭᠢᠯᠠᠪᠠᠯ ᠰᠠ‍‌ᠶᠢ ᠴᠢᠳᠠᠪᠣᠷᠢ ᠭᠦᠭ᠍ᠵᠢᠵᠤ ᠴᠢᠳᠡᠨ᠎ᠡ᠂ ᠰᠡᠳᠭᠢᠭᠦ ᠴᠢᠳᠠᠪᠣᠷᠢ ᠶᠢᠨ ᠭᠦᠭ᠍ᠵᠢᠯᠳᠡ ᠮᠠᠭᠤ ᠪᠣᠯ ᠬᠡᠦᠬᠡᠳ ᠤᠨ ᠰᠤᠷᠬᠤ ᠴᠢᠳᠠᠪᠣᠷᠢ ᠳᠤᠷᠤᠢ᠂ ᠰᠤᠷᠤᠯᠴᠠᠯᠭ᠎ᠠ ᠳᠤ ᠭᠦᠴᠢᠷᠳᠡᠭᠦ ᠪᠣᠯᠤᠨ᠎ᠠ᠃ ᠵᠢᠱᠢᠶᠠᠯᠠᠪᠠᠯ᠄ ᠰᠢᠡᠵᠢᠯᠡᠭᠦ ᠣᠬᠠᠭᠠᠠᠳᠠᠨ ᠠᠢ᠌ᠳᠢᠰᠤᠨ ᠪᠠᠭ᠎ᠠ ᠰᠤᠷᠭᠠᠭᠤᠯᠢ ᠳᠤ ᠣᠷᠤᠠᠠᠰᠠᠨ ᠳᠠᠷᠠ ᠳᠠᠷᠤᠢ ᠳᠤ ᠭᠢᠷᠢ ᠪᠦᠳᠦᠮᠵᠢ ᠨᠢ ᠮᠠᠭᠤ ᠪᠠᠢ᠌ᠠᠠᠰᠠᠨ ᠰᠢᠯᠳᠠᠭᠠᠨ ᠨᠢ ᠳᠡᠭᠦᠨ ᠤ ᠰᠡᠳᠭᠢᠭᠦ ᠢᠳᠠᠪᠭᠢᠵᠢᠯ ᠨᠢ ᠭᠢᠵᠠᠭᠠᠷᠯᠠᠠᠠᠳᠠᠠᠠᠰᠠᠨ ᠡᠴᠠ ᠪᠣᠯᠤᠠᠠᠰᠠᠨ ᠶᠤᠮ᠂ ᠳᠡᠭᠦᠨ ᠤ ᠡᠵᠢ ᠨᠢ ᠠᠢ᠌ᠳᠢᠰᠤᠨ ᠢ ᠰᠤᠷᠭᠠᠭᠤᠯᠢ ᠡᠴᠠ ᠰᠠᠯᠭᠠᠵᠤ ᠭᠡᠷ ᠲᠤ ᠪᠠᠨ ᠠᠪᠠᠴᠢᠭᠠᠤᠨ ᠦᠪᠡᠷ ᠶᠢᠡᠨ ᠵᠢᠭᠠᠨ ᠰᠤᠷᠭᠠᠠᠠᠰᠠᠨ ᠪᠠ ᠠᠢ᠌ᠳᠢᠰᠤᠨ ᠤ ᠰᠡᠳᠭᠢᠭᠦ ᠴᠢᠳᠠᠪᠣᠷᠢ ᠶᠢ ᠰᠡᠩᠭᠡᠷᠡᠭᠦᠯᠭᠦ ᠪᠠᠷ ᠣᠠᠴᠠ ᠠᠩᠬᠠᠷᠤᠠᠠᠰᠠᠨ ᠡᠴᠠ ᠠᠢ᠌ᠳᠢᠰᠤᠨ ᠣᠳᠠᠠᠠᠰᠠᠨ ᠦᠭᠡᠶ ᠰᠡᠳᠭᠢᠭᠦ ᠢᠳᠠᠪᠭᠢᠵᠢᠯ ᠨᠢ ᠭᠦᠢᠴᠡᠳ ᠭᠦᠭ᠍ᠵᠢᠭᠡᠳ ᠰᠠᠢ᠌ᠨ ᠰᠤᠷᠬᠤ ᠪᠣᠯᠤᠠᠠᠰᠠᠨ ᠪᠠᠢ᠌ᠨ᠎ᠠ᠃

     ᠬᠡᠦᠬᠡᠳ ᠤᠨ 2 ᠊᠊᠊᠊᠊᠊᠊᠊᠊᠊᠊᠊᠊᠊᠊ 3 ᠨᠠᠰᠤᠨ ᠤ ᠬᠤᠭᠤᠷᠤᠠᠳᠤ ᠠᠮᠠᠨ ᠶᠠᠷᠢᠶ᠎ᠠ᠂ ᠥᠭᠡᠷ᠎ᠡ ᠪᠠᠷ ᠭᠡᠯᠡᠪᠠᠯ ᠥᠭᠡ ᠭᠡᠯᠡᠵᠤ ᠰᠤᠷᠬᠤ ᠬᠠᠮᠤᠭ ᠰᠠᠢ᠌ᠨ ᠴᠠᠭ ᠦᠶ᠎ᠡ ᠪᠣᠯᠤᠨ᠎ᠠ᠃ ᠡᠨᠡᠭᠦ ᠴᠠᠭ ᠦᠶ᠎ᠡ ᠳᠤ ᠭᠡᠯᠡᠭᠦ ᠪᠠ ᠣᠩᠰᠢᠬᠤ ᠶᠢ ᠰᠠᠢ᠌ᠳᠤᠷ ᠭᠦᠮᠦᠵᠢᠭᠦᠯᠭᠦ ᠪᠣᠯ ᠮᠠᠰᠢ ᠴᠢᠬᠤᠯᠠ ᠶᠤᠮ᠂ ᠡᠨᠡ ᠦᠶ᠎ᠡ ᠡᠴᠠ ᠡᠭᠢᠯᠡᠨ ᠥᠯᠢᠭᠡᠷ ᠶᠠᠷᠢᠵᠤ ᠦᠭ‍ᠭᠦ ᠭᠡᠷᠡᠭ᠍ᠳᠡᠢ᠂ ᠥᠯᠢᠭᠡᠷ ᠶᠠᠷᠢᠵᠤ ᠦᠭ‍ᠭᠦᠭ᠍ᠰᠡᠨ ᠤ ᠳᠠᠷᠠᠭ᠎ᠠ ᠳᠠᠳᠠᠨ ᠤ ᠦᠪᠡᠷ ᠤᠨ ᠭᠢᠨ ᠥᠭᠡ ᠪᠠᠷ ᠳᠠᠭᠢᠨ ᠶᠠᠷᠢᠭᠤᠯᠵᠤ ᠪᠣᠯᠪᠠᠰᠤᠷᠠᠭᠤᠯᠤᠨ᠎ᠠ᠃ ᠥᠯᠢᠭᠡᠷ ᠶᠠᠷᠢᠬᠤ ᠪᠦᠷᠢ ᠳᠤ ᠪᠠᠨ ᠥᠯᠢᠭᠡᠷ ᠤᠨ ᠶᠢᠡᠨ ᠤᠷᠭᠢᠯ ᠳᠤ ᠭᠦᠷᠪᠠᠯ ᠶᠠᠷᠢᠬᠤ ᠪᠠᠨ ᠪᠣᠯᠢᠭᠠᠤᠨ ᠥᠯᠢᠭᠡᠷ ᠤᠨ ᠦᠷᠭᠦᠯᠵᠢᠯᠡᠯ ᠢ ᠪᠣᠳᠤᠯᠭᠢᠯᠠᠭᠤᠯᠤᠨ᠎ᠠ᠂ ᠡᠰᠡᠪᠠᠯ ᠥᠯᠢᠭᠡᠷ ᠶᠢᠡᠨ ᠵᠠᠯᠭᠠᠵᠤ ᠶᠠᠷᠢᠬᠤ ᠡᠴᠠ ᠪᠠᠨ ᠡᠮᠤᠨ᠎ᠡ ᠬᠠᠮᠢᠭᠠᠰᠢ ᠬᠤᠪᠢᠷᠠᠬᠤ ᠶᠠᠮᠠᠷ ᠰᠢᠨ᠎ᠡ ᠪᠠᠢ᠌ᠳᠠᠯ ᠪᠣᠢ ᠪᠣᠯᠬᠤ ᠶᠢ ᠳᠠᠭᠠᠮᠠᠠᠠᠯᠠᠭᠤᠯᠤᠨ ᠶᠠᠷᠢᠭᠤᠯᠤᠨ᠎ᠠ᠃ ᠭᠡᠷᠪᠡ ᠳᠠᠭᠠᠮᠠᠠᠠᠯᠠᠯ ᠨᠢ ᠳᠠᠭᠠᠷᠠᠪᠠᠯ ᠮᠠᠠᠠᠳᠠᠨ ᠰᠠᠢ᠌ᠰᠢᠶᠠᠵᠤ ᠵᠤᠷᠢᠠᠠᠵᠢᠭᠤᠯᠤᠨ᠎ᠠ᠃ ᠵᠠᠷᠢᠮ ᠳᠤ ᠪᠠᠨ ᠬᠡᠦᠬᠡᠳ ᠶᠢᠡᠨ ᠳᠠᠭᠠᠭᠤᠯᠤᠨ ᠵᠡᠭᠡᠯᠢ ᠳᠤ ᠭᠠᠷᠪᠠᠯ ᠬᠡᠦᠬᠡᠳ ᠲᠡᠶ ᠪᠠᠨ 《ᠰᠡᠳᠭᠢᠯ ᠳᠠᠯᠪᠢᠨ ᠠᠩᠬᠠᠷ》 ᠭᠡᠭ᠍ᠴᠢ ᠳᠤᠠᠠᠯᠠᠭᠠᠮ ᠭᠠᠷᠭᠠᠵᠤ᠂ ᠭᠡᠷ ᠲᠤ ᠪᠠᠨ ᠢᠷᠡᠭ᠍ᠰᠡᠨ ᠤ ᠳᠠᠷᠠᠭ᠎ᠠ ᠣᠯᠵᠤ ᠥᠵᠡᠭ᠍ᠰᠡᠨ ᠵᠣᠢ᠌ᠯ ᠤᠳ ᠶᠢᠡᠨ ᠬᠡᠦᠬᠡᠳ ᠲᠡᠶ ᠪᠠᠨ ᠬᠠᠮᠳᠤ ᠡᠷᠭᠢᠴᠡᠭᠦᠯᠤᠨ ᠪᠣᠳᠤᠵᠤ ᠳᠠᠪᠳᠠᠨ ᠳᠤᠭᠠᠴᠢᠬᠤ ᠪᠣᠶᠤ ᠵᠢᠷᠤᠵᠤ ᠭᠠᠷᠭᠠᠨ᠎ᠠ᠃ ᠭᠡᠨ ᠨᠢ ᠣᠯᠠᠨ ᠴᠡᠭᠡᠵᠢᠯᠡᠭ᠍ᠰᠡᠨ ᠪᠣᠶᠤ ᠴᠡᠭᠡᠵᠢᠯᠡᠭ᠍ᠰᠡᠨ ᠨᠢ ᠵᠦᠪ ᠪᠣᠯᠬᠤ ᠶᠢ ᠬᠡᠦᠬᠡᠳ ᠲᠡᠶ ᠪᠠᠨ ᠮᠦᠷᠣᠢ᠌ᠴᠠᠨ᠎ᠡ᠂ ᠵᠠᠷᠢᠮ ᠳᠤ ᠪᠠᠨ ᠦᠷᠭᠦᠯᠵᠢᠯᠡᠭ᠍ᠰᠡᠨ ᠵᠢᠷᠤᠭ ᠥᠵᠡᠭᠦᠯᠭᠦ᠂ ᠥᠰᠦᠭ᠌ ᠳᠠᠨᠢᠭᠤᠯᠬᠤ᠂ ᠳᠤᠭ᠎ᠠ ᠪᠣᠳᠤᠯᠭ᠎ᠠ ᠵᠢᠭᠠᠵᠤ ᠦᠭ‍ᠭᠦ ᠭᠡᠭᠦ ᠮᠠᠳᠤ ᠪᠠᠷ ᠨᠠᠢ᠌ᠳᠠᠮ ᠳᠠᠷᠢᠭᠢ ᠶᠢ ᠨᠢ ᠭᠦᠳᠡᠯᠭᠡᠭᠦ ᠠᠰᠠᠭᠤᠯᠳᠠ ᠭᠠᠷᠭᠠᠵᠤ ᠪᠣᠳᠤᠯᠭᠢᠯᠠᠭᠤᠯᠬᠤ᠂ ᠢᠩᠭᠢᠪᠠᠯ ᠬᠡᠦᠬᠡᠳ ᠤᠨ ᠴᠡᠭᠡᠵᠢᠯᠡᠭᠦ ᠴᠢᠳᠠᠪᠣᠷᠢ ᠶᠢ ᠨᠢ ᠪᠣᠯᠪᠠᠰᠤᠷᠠᠭᠤᠯᠬᠤ ᠪᠠᠷ ᠪᠠᠷᠠᠬᠤ ᠦᠭᠡᠶ ᠳᠦᠷᠰᠤᠯᠠᠨ ᠪᠣᠳᠤᠬᠤ ᠴᠢᠳᠠᠪᠣᠷᠢ ᠨᠢ ᠣᠠᠴᠠ ᠭᠦᠭ᠍ᠵᠢᠵᠤ ᠴᠢᠳᠠᠨ᠎ᠠ᠂ ᠡᠭᠦᠨ ᠤ ᠦᠷ᠎ᠡ ᠳ᠋ᠦ᠋ᠩ ᠳᠤ ᠬᠡᠦᠬᠡᠳ ᠰᠤᠷᠤᠯᠭ᠎ᠠ ᠳᠤ ᠪᠠᠨ ᠲᠤᠢ᠌ᠯ ᠤᠨ ᠣᠷᠮ᠎ᠠ ᠪᠠᠬᠠᠳᠠᠢ ᠪᠣᠯᠬᠤ ᠪᠠᠷ ᠪᠠᠷᠠᠬᠤ ᠦᠭᠡᠶ ᠳᠠᠷᠢᠭᠢ ᠪᠠᠨ ᠭᠦᠳᠡᠯᠭᠡᠭᠦ ᠳᠠᠯ᠎ᠠ ᠪᠠᠷ ᠴᠢᠳᠠᠮᠠᠭᠠᠢ ᠪᠣᠯᠳᠠᠭ᠃

     ᠬᠡᠦᠬᠡᠳ 4 ᠊᠊᠊᠊᠊᠊᠊᠊᠊᠊᠊᠊᠊᠊᠊ 5 ᠨᠠᠰᠤᠨ ᠤ ᠬᠤᠭᠤᠷᠤᠠᠳᠤ ᠪᠢᠴᠢᠵᠤ ᠢᠯᠡᠳᠭᠡᠭᠦ ᠴᠢᠳᠠᠪᠣᠷᠢ ᠬᠠᠮᠤᠭ ᠰᠠᠢ᠌ᠨ ᠴᠠᠭ ᠦᠶ᠎ᠡ ᠮᠦᠨ᠃ ᠡᠢ᠌ᠮᠤ ᠡᠴᠠ ᠬᠡᠦᠬᠡᠳ ᠲᠤ ᠣᠩᠰᠢᠯᠭ᠎ᠠ᠂ ᠳᠠᠭᠤᠤ ᠭᠦᠭ᠍ᠵᠢᠮ ᠤᠨ ᠭᠢᠴᠢᠶᠡᠯᠯᠡᠭᠡ ᠭᠢᠪᠠᠯ ᠠᠵᠢᠠᠠᠯᠠᠬᠤ ᠴᠡᠭᠡᠵᠢᠯᠡᠭᠦ ᠡᠭᠦᠳᠤᠨ ᠪᠦᠳᠦᠭᠡᠭᠦ ᠴᠢᠳᠠᠪᠣᠷᠢ ᠨᠢ ᠳᠡᠭᠡᠭ᠍ᠰᠢᠯᠡᠨ᠎ᠡ᠃ ᠭᠦᠭ᠍ᠵᠢᠮᠳᠡᠭᠦᠷ ᠭᠦᠭ᠍ᠵᠢᠮᠳᠡᠭᠦ ᠪᠠ ᠳᠠᠭᠤᠤ ᠳᠠᠭᠤᠯᠠᠬᠤ ᠳᠤ ᠬᠡᠦᠬᠡᠳ ᠤᠨ ᠳᠠᠭᠤᠤ ᠭᠦᠭ᠍ᠵᠢᠮ ᠤᠨ ᠳᠦᠷᠰᠤᠯᠠᠯ ᠤᠨ ᠳᠤᠬᠠᠢ ᠬᠤᠯᠪᠤᠨ ᠪᠣᠳᠤᠬᠤ ᠳᠠᠭᠤᠤ ᠭᠦᠭ᠍ᠵᠢᠮ ᠢ ᠢᠯᠡᠷᠡᠭᠦᠯᠭᠦ ᠭᠦᠰᠡᠯ ᠰᠡᠳᠬᠢᠯᠭᠡ ᠶᠢᠨ ᠬᠤᠪᠢᠷᠠᠯ ᠵᠡᠷᠭᠡ ᠨᠢ ᠪᠦᠷ ᠶᠡᠭᠡ ᠳᠠᠷᠢᠭᠢᠨ ᠤ ᠡᠰ ᠢ ᠥᠳᠦᠭᠡᠵᠤ ᠶᠡᠭᠡ ᠳᠠᠷᠢᠭᠢᠨ ᠤ ᠪᠣᠷᠤ ᠬᠠᠯᠢᠰᠤᠨ ᠳᠤ ᠦᠷᠭᠡᠨ ᠳᠡᠯᠭᠡᠷᠡᠩᠭᠦᠢ ᠭᠦᠭᠡᠷᠤᠯᠲᠠ ᠪᠣᠯᠤᠨ ᠬᠠᠷᠢᠴᠠᠭ᠎ᠠ ᠡᠭᠦᠰᠤᠨ᠎ᠡ᠃ ᠡᠨᠡ ᠨᠢ ᠬᠡᠦᠬᠡᠳ ᠤᠨ ᠡᠭᠦᠳᠤᠨ ᠪᠦᠳᠦᠭᠡᠭᠦ ᠴᠢᠳᠠᠪᠣᠷᠢ ᠶᠢ ᠳᠡᠭᠡᠭ᠍ᠰᠢᠯᠡᠭᠦᠯᠭᠦ ᠳᠤ ᠮᠠᠰᠢ ᠠᠰᠢᠠᠠᠳᠠᠢ ᠶᠤᠮ᠃ ᠡᠭᠦᠨ ᠳᠤ ᠨᠢᠭᠡᠨ ᠵᠢᠱᠢᠶ᠎ᠠ ᠳᠤᠷᠠᠳᠪᠠᠯ᠄ ᠹᠷᠠᠠᠽᠢ ᠣᠯᠤᠰ ᠤᠨ ᠨᠢᠭᠡ ᠭᠦᠮᠤᠨ ᠣᠢ ᠳᠤᠳᠤᠷ᠎ᠠ ᠡᠴᠠ ᠵᠡᠷᠯᠢᠭ᠌ ᠠᠷᠢᠶᠠᠳᠠᠨ ᠤ ᠠᠮᠢᠳᠤᠷᠠᠯ ᠢ ᠭᠢᠭ᠍ᠰᠡᠭᠡᠷ ᠢᠷᠡᠭ᠍ᠰᠡᠨ ᠠᠷᠪᠠᠨ ᠬᠤᠶᠠᠷ ᠨᠠᠰᠤᠳᠠᠢ ᠨᠢᠭᠡᠨ ᠬᠡᠦᠬᠡᠳ ᠢ ᠣᠯᠵᠤ ᠠᠪᠴᠢᠷᠠᠭᠠᠤᠨ ᠳᠠᠪᠤᠨ ᠵᠢᠯ ᠤᠨ ᠣᠷᠳᠤ ᠴᠠᠭ ᠢ ᠵᠠᠷᠤᠴᠠᠭᠤᠯᠵᠤ ᠥᠭᠡ ᠭᠡᠯᠡ ᠵᠢᠭᠠᠭᠠᠤᠨ ᠰᠤᠷᠭᠠᠵᠤ ᠳᠡᠢ᠌ᠯᠦᠭ᠍ᠰᠡᠨ ᠦᠭᠡᠶ᠂ ᠬᠤᠵᠢᠮ ᠨᠢ ᠳᠠᠷᠠ ᠬᠡᠦᠬᠡᠳ ᠳᠦᠴᠢ ᠶ‍ᠢᠰᠤᠨ ᠨᠠᠰᠤᠯᠠᠭᠠᠤᠨ ᠥᠭᠦᠳᠡᠯ᠎ᠡ ᠪᠠᠨ ᠥᠭᠡ ᠥᠭᠡ ᠭᠡᠯᠡ ᠰᠤᠷᠴᠤ ᠴᠢᠳᠠᠠᠠᠰᠠᠨ ᠦᠭᠡᠶ ᠭᠡᠨ᠎ᠡ᠃ ᠡᠨᠡ ᠨᠢ ᠳᠠᠷᠤᠢ ᠳᠤᠰ ᠬᠡᠦᠬᠡᠳ ᠭᠦᠮᠦᠵᠢᠯ ᠭᠦᠷᠳᠡᠭᠦ ᠭᠤᠤᠯ ᠪᠣᠯᠬᠤ ᠴᠠᠭ ᠦᠶ᠎ᠡ ᠪᠣᠯᠤᠨ ᠡᠷᠳᠡ ᠭᠦᠮᠦᠵᠢᠯ ᠭᠦᠷᠳᠡᠭᠦ ᠵᠠᠪᠰᠢᠶᠠᠨ ᠶᠢᠡᠨ ᠠᠯᠳᠠᠠᠠᠰᠠᠨ ᠭᠡᠳᠡᠭ᠌ ᠢ ᠬᠠᠷᠠᠭᠤᠯᠵᠤ ᠪᠠᠢ᠌ᠨ᠎ᠠ᠃ ᠠᠯᠳᠠᠷᠳᠤ ᠭᠦᠮᠦᠰ ᠶᠢᠡᠷ ᠪᠠᠰᠠ ᠨᠢᠭᠡᠨ ᠵᠢᠱᠢᠶ᠎ᠠ ᠳᠠᠳᠠᠪᠠᠯ ᠬᠠᠨ ᠣᠯᠤᠰ ᠤᠨ ᠰᠡᠭᠦᠯᠴᠢ ᠦᠶ᠎ᠡ ᠶᠢᠨ ᠵᠤ ᠭᠧ ᠯᠢᠶᠠᠩ᠂ ᠠᠷᠪᠭᠠᠳᠬᠠᠨ ᠨᠠᠰᠤᠳᠠᠢ ᠳᠤ ᠪᠠᠨ ᠡᠷᠳᠡᠮ ᠴᠢᠳᠠᠯ ᠲᠦᠮᠡᠨ ᠡᠴᠠ ᠭᠡᠳᠥᠢᠳᠴᠤ᠂ ᠵᠸᠤ ᠢᠤᠢ ᠪᠠᠭᠠᠴᠤᠤᠯ ᠨᠠᠰᠤᠨ ᠳᠤ ᠪᠠᠨ ᠳ᠋ᠦᠳᠤ ᠲᠦᠰᠢᠮᠠᠯ ᠪᠣᠯᠵᠤ᠂ ᠠᠭᠤᠤ ᠶᠡᠭᠡ ᠵᠤᠬᠢᠶᠠᠯᠴᠢ ᠶ‍ᠧ ᠱᠸᠩ ᠳᠤᠤ ᠵᠢᠷᠭᠤᠭᠠᠨ ᠨᠠᠰᠤᠳᠠᠢ ᠦᠶ᠎ᠡ ᠳᠤ ᠪᠠᠨ ᠨᠢᠭᠡᠨᠲᠡ ᠭᠤᠷᠪᠠᠨ ᠮᠢᠩᠭ᠋ᠠᠨ ᠥᠰᠦᠭ᠌ ᠳᠠᠨᠢᠠᠠᠰᠠᠨ᠂ ᠠᠯᠳᠠᠷᠳᠤ ᠡᠮᠡᠭ᠍ᠳᠡᠢ ᠵᠤᠬᠢᠶᠠᠯᠴᠢ ᠰᠢᠶ‍ᠧ ᠪᠢᠩ ᠰᠢᠨ ᠳᠤᠯᠤᠭᠠᠨ ᠨᠠᠰᠤᠳᠠᠢ ᠳᠤ ᠪᠠᠨ 《ᠭᠤᠷᠪᠠᠨ ᠣᠯᠤᠰ ᠤᠨ ᠥᠯᠢᠭᠡᠷ》 ᠊ᠢ ᠣᠩᠰᠢᠵᠤ ᠳᠠᠭᠤᠰᠬᠠᠠᠠᠰᠠᠨ ᠪᠠᠢ᠌ᠨ᠎ᠠ᠂ ᠡᠳᠡᠭᠡᠷ ᠠᠯᠳᠠᠷᠳᠤ ᠭᠦᠮᠦᠰ ᠴᠦᠮ ᠠᠯᠢᠪᠠ ᠶᠢ ᠮᠡᠳᠡᠳᠡᠭ᠌ ᠰᠠᠴᠠᠨ ᠬᠡᠦᠬᠡᠳ ᠪᠢᠰᠢ ᠬᠠᠷᠢᠨ ᠳᠠᠳᠠᠨᠠᠷ ᠤᠨ ᠡᠨᠡᠭᠦ ᠡᠩ ᠤᠨ ᠭᠢ ᠡᠴᠠ ᠭᠡᠳᠦᠷᠡᠭ᠍ᠰᠡᠨ ᠴᠢᠳᠠᠪᠣᠷᠢ ᠪᠣᠯ ᠪᠦᠷ ᠡᠷᠳᠡ ᠪᠠ ᠴᠠᠭ ᠳᠤᠬᠠᠢ ᠳᠤ ᠨᠢ ᠭᠦᠮᠦᠵᠢᠭᠦᠯᠦᠭ᠍ᠰᠡᠨ ᠲᠡᠶ ᠰᠢᠭᠤᠳ ᠬᠤᠯᠪᠣᠭ᠎ᠠ ᠲᠡᠶ᠂ ᠭᠡᠷ ᠤᠨ ᠠᠬᠠᠮᠠᠤᠨ ᠨᠢ ᠳᠠᠳᠠᠨ ᠢ ᠪᠠᠭ᠎ᠠ ᠡᠴᠠ ᠨᠢ ᠱᠠᠭᠠᠷᠳᠠᠵᠤ ᠰᠠᠭᠤᠷᠢ ᠳᠠᠯᠪᠢᠬᠤ ᠶᠢ ᠣᠠᠴᠠ ᠭᠦᠡᠳᠦᠳᠭᠡᠨ ᠥᠵᠡᠭ᠍ᠰᠡᠨ ᠤ ᠦᠷ᠎ᠡ ᠳ᠋ᠦ᠋ᠩ ᠮᠦᠨ᠃ ᠮᠦᠨ ᠴᠤ ᠡᠷᠳᠡ ᠭᠦᠮᠦᠵᠢᠯ ᠭᠢᠪᠠᠯ ᠣᠶᠤᠨ ᠤ ᠴᠢᠳᠠᠪᠣᠷᠢ ᠡᠷᠳᠡ ᠭᠦᠭ᠍ᠵᠢᠵᠤ ᠴᠢᠳᠠᠨ᠎ᠠ᠂ ᠨᠢᠭᠡ ᠭᠦᠮᠤᠨ ᠤ ᠬᠤᠪᠢ ᠵᠠᠶᠠᠭ᠎ᠠ ᠶᠢ ᠰᠤᠷᠭᠠᠭᠤᠯᠢ ᠳᠤ ᠣᠷᠤᠬᠤ ᠡᠴᠠ ᠡᠮᠦᠨᠡᠭᠢ ᠭᠦᠮᠦᠵᠢᠯ ᠪᠠ ᠭᠡᠷ ᠪᠦᠯᠢ ᠶᠢᠨ ᠣᠷᠴᠢᠨ ᠳᠤᠭᠤᠷᠢᠨ ᠰᠢ᠌ᠳᠪᠦᠷᠢᠯᠡᠳᠡᠭ᠌ ᠭᠡᠳᠡᠭ᠌ ᠢ ᠭᠡᠷᠡᠴᠢᠯᠡᠵᠤ ᠪᠠᠢ᠌ᠨ᠎ᠠ᠃

     ᠬᠡᠦᠬᠡᠳ ᠤᠨ ᠡᠴᠢᠭᠡ ᠡᠭᠡ ᠨᠢ ᠭᠡᠳᠦᠢ ᠠᠷᠪᠢᠨ ᠵᠢᠭᠠᠨ ᠵᠢᠯᠤᠭᠤᠳᠪᠠᠯ ᠬᠡᠦᠬᠡᠳ ᠨᠢ ᠭᠡᠳᠦᠢ ᠣᠯᠠᠨ ᠶᠠᠭᠤᠮ᠎ᠠ ᠰᠤᠷᠴᠤ ᠭᠡᠳᠦᠢ ᠦᠨᠳᠦᠷ ᠭᠢᠷᠢ ᠭᠡᠮᠵᠢᠶ᠎ᠡ ᠲᠡᠶ ᠪᠣᠯᠳᠠᠭ᠂ ᠡᠨᠡ ᠪᠣᠯ ᠮᠠᠷᠭᠤᠰᠢ ᠦᠭᠡᠶ ᠵᠢᠮ᠎ᠠ ᠶᠤᠰᠤ ᠮᠦᠨ᠃



ᠵᠤᠬᠢᠶᠠᠭᠴᠢ ᠶᠢᠨ ᠬᠠ‍‌ᠶᠢᠭ ᠄ ᠣᠯᠠᠭᠠᠢ ᠬᠠᠮᠢᠶᠠᠷᠤᠯᠳᠠ ᠶᠢᠨ ᠣᠷᠤᠨ ᠤ ᠮᠤᠩᠭ᠋ᠤᠯ ᠰᠤᠷᠭᠠᠭᠤᠯᠢ

ᠵᠤᠬᠢᠶᠠᠭᠴᠢ᠄ ᠬᠠᠷᠭᠤᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3757
ᠴᠠᠭ᠄ 2011 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ