ᠨᠡᠪᠲᠡᠷᠡᠨ ᠤᠷᠤᠬᠤ
ᠨᠢ᠋ᠮᠠᠨ ᠳᠣᠢ᠌ᠨ ᠊᠊᠊᠊᠊᠊᠊᠊᠊᠊᠊᠊᠊᠊᠊ ᠵᠠᠮᠪᠠᠯᠳᠤᠷᠵᠢ
ᠨᠢ᠋ᠮᠠᠨ ᠳᠣᠢ᠌ᠨ ᠊᠊᠊᠊᠊᠊᠊᠊᠊᠊᠊᠊᠊᠊᠊ ᠵᠠᠮᠪᠠᠯᠳᠤᠷᠵᠢ ᠵᠢᠴᠢ 《ᠪᠦᠭᠦ ᠣᠯᠤᠰ ᠤᠨ ᠠᠩᠬᠠᠳᠤᠭᠠᠷ ᠣᠳᠠᠭᠠᠨ ᠤ ᠵᠠᠮᠪᠠᠯᠳᠤᠷᠵᠢ ᠭᠢᠭᠡᠳ ᠨᠢ᠋ᠮᠠᠨ ᠳᠡᠦᠭᠡ ᠰᠤᠶᠤᠯ ᠤᠨ ᠡᠷᠳᠡᠮ ᠰᠢᠡᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ》᠊ᠤᠨ ᠳᠤᠬᠠᠢ ᠳᠣᠢ᠌ᠮᠤᠴᠢᠯᠠᠯ

ᠨᠢ᠋ᠮᠠᠨ ᠳᠣᠢ᠌ᠨ ᠊᠊᠊᠊᠊᠊᠊᠊᠊᠊᠊᠊᠊᠊᠊ ᠵᠠᠮᠪᠠᠯᠳᠤᠷᠵᠢ ᠪᠣᠯ ᠮᠤᠩᠭ᠋ᠤᠯ ᠦᠨᠳᠦᠰᠦᠳᠠᠨ ᠤ ᠰᠢᠯᠭᠠᠷᠠᠭᠰᠠᠨ ᠠᠨᠠᠭᠠᠬᠤ ᠣᠬᠠᠭᠠᠠᠳᠠᠨ᠂ ᠮᠤᠩᠭ᠋ᠤᠯ ᠡᠮ ᠤᠨ ᠣᠬᠠᠭᠠᠠᠳᠠᠨ ᠪᠦᠭᠡᠳ ᠪᠣᠷᠬᠠᠨ ᠤ ᠰᠤᠷᠭᠠᠯᠳᠠᠨ᠂ ᠨᠢᠭᠤᠴᠠ ᠳᠠᠷᠨᠢ ᠶᠢᠨ ᠣᠬᠠᠭᠠᠠᠳᠠᠨ ᠮᠦᠨ᠂ ᠪᠠᠰᠠᠴᠤ ᠨᠢᠭᠡᠨ ᠭᠠᠷᠮᠠᠭᠠᠢ ᠰᠢᠯᠦᠭ᠍ᠴᠢ᠂ ᠣᠷᠠᠨ ᠵᠢᠷᠤᠭᠴᠢ ᠪᠣᠯᠤᠨ᠎ᠠ᠃ ᠳᠡᠭᠦᠨ ᠤ 《ᠠᠨᠠᠭᠠᠨ ᠥᠢᠯᠡᠳᠦᠭ᠍ᠴᠢ ᠷᠠᠰᠢᠶᠠᠨ ᠤ ᠨᠢᠭᠤᠷ ᠢ ᠡ᠊ᠨᠳᠡᠭᠦᠷᠡᠯ ᠦᠭᠡᠶ ᠳᠠᠨᠢᠨ ᠪᠠᠷᠢᠬᠤ ᠣᠷᠠᠯᠠᠬᠤ ᠣᠬᠠᠭᠠᠨ ᠤ ᠳᠤᠯᠢᠨ ᠳᠤᠷ ᠳᠦᠷᠢ ᠳᠤᠳᠤᠷᠠᠭᠤᠯᠤᠭᠰᠠᠨ ᠭᠠᠢ᠌ᠬᠠᠮᠰᠢᠭᠳᠤ ᠥᠵᠡᠰᠭᠦᠯᠡᠩᠳᠤ ᠨᠢᠳᠤᠨ ᠴᠢᠮᠡᠭ᠌ ᠣᠷᠤᠰᠢᠪᠠᠢ》᠂ 《᠊ᠭ᠍‍ᠬᠢᠷ ᠦᠭᠡᠶ ᠪᠣᠯᠤᠷ ᠡᠷᠢᠭᠡ ᠳᠤ ᠥᠭᠦᠯᠡᠭ᠍ᠰᠡᠨ ᠡᠮ ᠤᠨ ᠷᡁᠦᠭ᠍ᠪᠧ ᠭᠠᠢ᠌ᠬᠠᠮᠰᠢᠭᠳᠤ ᠥᠵᠡᠰᠭᠦᠯᠡᠩᠳᠤ ᠨᠢᠳᠤᠨ ᠴᠢᠮᠡᠭ᠌》 ᠭᠡᠮᠡᠭᠦ ᠬᠤᠶᠠᠷ ᠵᠤᠬᠢᠶᠠᠯ ᠨᠢ ᠣᠳᠤ ᠨᠢᠭᠡᠨᠲᠡ 《ᠮᠤᠩᠭ᠋ᠤᠯ ᠠᠨᠠᠭᠠᠬᠤ ᠣᠬᠠᠭᠠᠨ ᠤ ᠭᠤᠷᠪᠠᠨ ᠶᠡᠭᠡ ᠳᠤᠯᠭᠠᠭᠤᠷᠢ ᠪᠢᠴᠢᠭ᠌》 ᠊ᠤᠨ ᠨᠢᠭᠡᠨ ᠭᠡᠮᠡᠭ᠍ᠳᠡᠵᠤ᠂ ᠳᠠᠷᠠ ᠪᠠᠷ 《ᠮᠤᠩᠭ᠋ᠤᠯ ᠦᠨᠳᠦᠰᠦᠳᠠᠨ ᠤ ᠯᠢ ᠱᠢ ᠵᠸᠠ》᠂ 《ᠮᠤᠩᠭ᠋ᠤᠯ ᠦᠨᠳᠦᠰᠦᠳᠠᠨ ᠤ ᠠᠷᠪᠠᠨ ᠭᠠᠷᠮᠠᠭᠠᠢ ᠰᠢᠡᠵᠢᠯᠡᠭᠦ ᠣᠬᠠᠭᠠᠠᠳᠠᠨ》 ᠊ᠤ ᠨᠢᠭᠡᠨ ᠪᠣᠯᠤᠭᠰᠠᠨ ᠪᠠᠢ᠌ᠨ᠎ᠠ᠃ ᠪᠠᠰᠠ 《ᠴᠤᠭᠳᠤ ᠳᠦᠷᠪᠠᠨ ᠳᠠᠠᠳᠠᠷᠢᠰᠤᠨ ᠤ ᠬᠤᠳᠠ ᠮᠠᠠᠳᠠᠯ ᠤᠨ ᠵᠠᠩ ᠣᠢ᠌ᠯᠠ᠂ ᠡᠷᠳᠡᠨᠢ ᠶᠢᠨ ᠡᠷᠢᠭᠡᠰ ᠭᠡᠮᠡᠭ᠍ᠳᠡᠭᠦ ᠣᠷᠤᠰᠢᠪᠠᠢ》 ᠭᠡᠮᠡᠭᠦ ᠨᠢᠭᠤᠴᠠ ᠳᠠᠷᠨᠢ ᠶᠢᠨ ᠣᠬᠠᠭᠠᠨ ᠤ ᠬᠤᠶᠠᠷ ᠪᠣᠳᠢ ᠵᠤᠬᠢᠶᠠᠯ᠂ 《ᠰᠠᠢ᠌ᠳᠤᠷ ᠨᠤᠮᠯᠠᠭᠰᠠᠨ ᠭᠠᠳᠠᠮᠪᠠ ᠶᠢᠨ ᠭᠡᠭᠡᠨ ᠤ ᠵᠠᠷᠯᠢᠭ ᠠᠢ᠌ᠯᠠᠳᠬᠠᠯ ᠤᠨ ᠡᠮᠭᠢᠦᠡᠭᠡᠯ᠂ ᠡᠷᠳᠡᠨᠢ ᠶᠢᠨ ᠭᠦᠮᠦᠷᠭᠡ ᠭᠡᠮᠡᠭ᠍ᠳᠡᠭᠦ ᠣᠷᠤᠰᠢᠪᠠᠢ》 ᠵᠡᠷᠭᠡ ᠡᠷᠳᠡᠮ ᠰᠢᠡᠵᠢᠯᠡᠭᠡᠨ ᠤ ᠠᠯᠳᠠᠷᠳᠤ ᠪᠦᠳᠦᠭᠡᠯ᠂ 《ᠰᠠᠢ᠌ᠳᠤᠷ ᠨᠤᠮᠯᠠᠭᠰᠠᠨ ᠠᠭᠤᠯᠠᠨ ᠨᠤᠮ ᠮᠠᠭᠠᠤᠨ ᠭᠠᠷᠬᠤ ᠣᠢ᠌ᠤᠠᠬᠠᠷ ᠢ ᠳᠦᠷᠦᠭᠦᠯᠦᠭ᠍ᠴᠢ》 ᠭᠡᠳᠡᠭ᠌ ᠣᠷᠳᠤ ᠰᠢᠯᠦᠭ᠌ ᠤᠳ ᠢ ᠳᠤᠭᠤᠷᠪᠢᠵᠤ ᠦᠯᠡᠳᠡᠭᠡᠭ᠍ᠰᠡᠨ ᠶᠢᠡᠷ ᠬᠣᠢ᠌ᠴᠢ ᠶᠢᠨ ᠭᠦᠮᠦᠰ ᠲᠤ ᠦᠨᠡᠳᠤ ᠴᠤᠬᠠᠭ ᠦᠪ ᠭᠦᠷᠦᠩᠭᠡ ᠪᠣᠯᠵᠤ ᠦᠶ᠎ᠡ ᠳᠠᠮᠵᠢᠨ ᠰᠤᠷᠤᠯᠴᠠᠨ ᠠᠰᠢᠭᠯᠠᠭᠳᠠᠭᠰᠠᠭᠠᠷ ᠪᠠᠢ᠌ᠨ᠎ᠠ᠃

ᠵᠠᠮᠪᠠᠯᠳᠤᠷᠵᠢ᠂ 1792 ᠣᠨ ᠳᠤ ᠨᠢ᠋ᠮᠠᠨ ᠬᠤᠰᠢᠭᠤᠨ ᠤ ᠶ‍ᠢᠰᠦᠳᠦᠭᠡᠷ ᠵᠠᠰᠠᠭ ᠳᠦᠷᠤ ᠶᠢᠨ ᠳᠠᠷᠬᠠᠨ ᠵᠢᠶᠦ᠋ᠨ ᠸᠠᠩ᠂ ᠡᠴᠢᠭᠡ ᠪᠠᠯᠴᠤᠭ ᠭᠢᠭᠡᠳ ᠡᠭᠡ ᠪᠠᠯᠮᠤ ᠬᠤᠶᠠᠷ ᠤᠨ ᠬᠤᠶᠠᠳᠤᠭᠠᠷ ᠭᠦᠪᠠᠭᠦᠨ ᠪᠣᠯᠤᠨ ᠵᠠᠶᠠᠭᠠᠵᠠᠢ᠃ ᠳᠤᠯᠤᠭᠠᠨ ᠨᠠᠰᠤᠨ ᠡᠴᠡ ᠪᠠᠨ ᠡᠭᠢᠯᠡᠨ ᠮᠤᠩᠭ᠋ᠤᠯ᠂ ᠮᠠᠠᠵᠤ᠂ ᠲᠦᠪᠡᠳ᠂ ᠭᠢᠳᠠᠤᠨ ᠪᠢᠴᠢᠭ᠌ ᠰᠤᠷᠴᠤ᠂ ᠠᠷᠪᠠᠨ ᠵᠢᠷᠭᠤᠭᠠᠨ ᠨᠠᠰᠤᠳᠠᠢ ᠳᠠᠭᠠᠨ ᠬᠠᠭᠠᠨ ᠤ ᠭᠤᠴᠤᠭ ᠪᠣᠯᠵᠤ᠂ ᠰᠠᠢ᠌ᠰᠢᠶᠠᠯ ᠢᠷᠦᠭᠡᠯᠳᠤ ᠬᠠᠭᠠᠨ᠎ᠠ ᠳᠠᠭᠠᠯᠠᠭᠳᠠᠨ ᠳᠤᠭᠤᠰ ᠤᠨ ᠣᠳᠤᠭ᠎ᠠ ᠶᠢᠨ ᠵᠢᠩᠰᠠ᠂ ᠭᠤᠴᠤᠭ ᠠᠮᠪᠠᠨ ᠵᠡᠷᠭᠡ ᠭᠦᠷᠳᠡᠵᠤ ᠳᠤᠳᠤᠭᠠᠳᠤ ᠲᠦᠰᠢᠮᠠᠯ ᠪᠣᠯᠪᠠ᠃ ᠠᠷᠪᠠ ᠶ‍ᠢᠰᠤᠨ ᠨᠠᠰᠤ ᠲᠡᠶ ᠳᠤᠨᠢ ᠡᠴᠢᠭᠡ ᠡᠭᠡ ᠨᠢ ᠬᠠᠷᠠᠴᠢᠨ ᠪᠠᠷᠠᠭᠤᠨ ᠭᠠᠷᠤᠨ ᠬᠤᠰᠢᠭᠤᠨ ᠤ ᠳᠦᠭᠦᠷᠡᠩ ᠴᠢᠨ ᠸᠠᠩ ᠮᠠᠠᠵᠤᠪᠠᠽᠠᠷ ᠤᠨ ᠦᠬᠢᠨ ᠢ ᠬᠠᠳᠤᠨ ᠪᠣᠯᠭᠠᠨ ᠵᠠᠯᠠᠵᠤ ᠦᠭ‍ᠭᠦᠭᠡᠳ ᠬᠤᠶᠠᠷ ᠭᠦᠪᠠᠭᠦᠨ ᠲᠡᠶ ᠪᠣᠯᠵᠠᠢ᠃ ᠬᠤᠷᠢᠨ ᠭᠤᠷᠪᠠᠨ ᠨᠠᠰᠤᠳᠠᠢ ᠳᠠᠭᠠᠨ ᠽᠢᠲ᠋ᠠᠩ ᠬᠠᠮᠪᠣ ᠲᠦᠮᠡᠳ ᠠᠭᠸᠠᠩᠰᠢᠷᠠᠪ ᠤᠨ ᠦᠯᠮᠠᠢ ᠶᠢᠨ ᠳᠡᠷᠭᠡᠳᠡ 《ᠪᠣᠳᠢ ᠮᠦᠷ ᠤᠨ ᠵᠡᠷᠭᠡ ᠶᠢᠨ ᠭᠦᠳᠦᠯᠪᠦᠷᠢ》 ᠵᠢ ᠰᠤᠨᠤᠰᠤᠭᠰᠠᠨ ᠶᠢᠡᠷ ᠣᠷᠴᠢᠯᠠᠩ ᠡᠴᠡ ᠣᠢ᠌ᠤᠠᠬᠤ ᠰᠡᠳᠭᠢᠯ ᠡᠭᠦᠰᠦᠭ᠍ᠰᠡᠨ ᠡᠴᠡ ᠬᠤᠷᠢᠨ ᠳᠠᠪᠤᠨ ᠨᠠᠰᠤᠨ ᠳᠡᠭᠡᠷ᠎ᠡ ᠪᠠᠨ ᠭᠡᠷ ᠡᠴᠡ ᠮᠠᠭᠠᠤᠨ ᠭᠠᠷᠬᠤ ᠰᠠᠨᠠᠭ᠎ᠠ ᠭᠡᠴᠡᠭᠦᠤ ᠶᠡᠭᠡ ᠭᠦᠷᠦᠭ᠍ᠰᠡᠨ ᠪᠣᠯᠬᠤᠷ 《ᠪᠣᠷᠬᠠᠨ ᠪᠠᠭᠰᠢ ᠱᠠᠭᠵᠠᠮᠤᠨᠢ ᠶᠢ ᠳᠠᠭᠤᠷᠢᠶᠠᠨ᠂ ᠡᠳ᠋ ᠭᠦᠷᠦᠩᠭᠡ ᠡᠷᠭᠡ ᠭᠦᠴᠤᠨ ᠬᠤᠳᠠᠯᠠ ᠳᠡᠭᠦᠯᠳᠡᠷ ᠪᠠᠢ᠌ᠭᠰᠠᠨ ᠴᠤ ᠳᠠᠷᠠ ᠪᠦᠭᠦᠨ ᠢ ᠪᠣᠯᠵᠤᠮᠤᠷ ᠰᠢᠪᠠᠭᠤᠨ ᠤ ᠦᠳᠦᠨ ᠳᠡᠭᠡᠷᠡᠭᠢ ᠳᠤᠭᠤᠰᠤᠨ ᠮᠠᠳᠤ ᠣᠭᠤᠷᠠᠨ ᠭᠡᠭᠡᠵᠤ》᠂ ᠽᠢᠲ᠋ᠠᠩ ᠬᠠᠮᠪᠣ ᠲᠦᠮᠡᠳ ᠠᠭᠸᠠᠩᠰᠢᠷᠠᠪ ᠤᠨ ᠦᠯᠮᠠᠢ ᠶᠢᠨ ᠳᠡᠷᠭᠡᠳᠡ ᠳᠡᠷᠢᠭᠦᠨ ᠤ ᠦᠰᠦᠨ ᠶᠢᠡᠨ ᠡᠷᠭᠦᠵᠤ ᠳᠣᠢ᠌ᠨ ᠪᠣᠯᠪᠠᠢ᠃

1817 ᠣᠨ ᠳᠤ᠂ ᠳᠠᠷᠤᠢ 《ᠭᠡᠷ ᠡᠴᠡ ᠰᠠᠢ᠌ᠳᠤᠷ ᠭᠠᠷᠤᠭᠰᠠᠨ ᠳᠠᠷᠠ ᠵᠢᠯ》 ᠽᠢᠲ᠋ᠠᠩ ᠬᠠᠮᠪᠣ ᠲᠦᠮᠡᠳ ᠠᠭᠸᠠᠩᠰᠢᠷᠠᠪ ᠤᠨ ᠳᠤᠭᠢᠷᠠᠭᠤᠯᠭ᠎ᠠ ᠪᠠᠷ ᠰᠸᠴᠤᠸᠠᠨ ᠶᠢᠡᠷ ᠳᠠᠮᠵᠢᠨ ᠦᠶ ᠽᠠᠩ ᠳᠤ ᠭᠦᠷᠴᠤ ᠪᠠᠷᠠᠢ᠌ᠪᠣᠩ ᠤᠨ ᠠᠯᠳᠠᠷᠳᠠᠢ ᠭᠤᠮᠠᠩ ᠷᠠᠰᠠᠩ ᠳᠤ ᠰᠠᠭᠤᠭᠰᠠᠨ ᠪᠠᠢ᠌ᠨ᠎ᠠ᠃ ᡀᠠᠽᠢᠮᠪᠠ ᠶ‍ᠸᠰᠢᠳᠠᠠᠽᠢᠨ ᠡᠴᠡ ᠭᠡᠰᠦᠯ ᠤᠨ ᠰᠠᠭᠢᠯ ᠠᠪᠬᠤ ᠳᠤ ᠶ‍ᠸᠰᠢᠳᠤᠩᠷᠤᠪᠳᠠᠮᠪᠢᠵᠠᠯᠰᠠᠨ ᠭᠡᠮᠡᠭᠦ ᠨᠠᠷ᠎ᠠ ᠬᠠᠢ᠌ᠷᠠᠯᠠᠵᠠᠢ᠂ ᠭᠤᠴᠢᠭᠠᠤᠨ ᠨᠠᠰᠤᠨ ᠳᠠᠭᠠᠨ ᠪᠠᠠᠴᠢᠨ ᠪᠣᠭᠳᠠ ᠳᠠᠮᠪᠢᠨᠢᠮ᠎ᠠ ᠡᠴᠡ ᠭᠡᠯᠦᠩ ᠰᠠᠭᠢᠯ ᠠᠪᠴᠠᠢ᠃ ᠡᠨᠡ ᠬᠤᠭᠤᠷᠤᠠᠳᠤ ᠨᠤᠮ ᠤᠨ ᠣᠨᠤᠯ ᠶᠤᠰᠤ᠂ ᠵᠤᠬᠢᠶᠠᠯ ᠪᠦᠳᠦᠭᠡᠯ ᠢ ᠬᠠᠨᠤᠵᠤ ᠮᠤᠬᠤᠰᠢ ᠦᠭᠡᠶ ᠰᠤᠷᠤᠯᠴᠠᠵᠤ᠂ ᠠᠮᠳᠤᠤ᠂ ᠺᠠᠮ᠂ ᠦᠶ ᠽᠠᠩ᠂ ᡀᠤᠭ᠎ᠠ ᠶᠢᠨ ᠰᠦᠮ᠎ᠡ ᠭᠡᠢ᠌ᠤᠨ ᠶᠢᠡᠷ ᠮᠦᠷᠭᠦᠨ ᠵᠤᠷᠴᠢᠵᠤ᠂ ᠭᠡᠯᠦᠩᠪᠡ᠂ ᠰᠠᠴᠠᠪᠠ᠂ ᠭᠠᠵᠤᠤᠠᠪᠠ ᠶᠢᠨ ᠶᠤᠰᠤᠨ ᠤ ᠬᠤᠪᠣᠷ ᠴᠤᠬᠠᠭ ᠨᠤᠮ ᠰᠤᠳᠤᠷ ᠢ ᠰᠤᠷᠴᠤ ᠰᠤᠨᠤᠰᠤᠨ ᠶᠠᠪᠣᠵᠠᠢ᠃ ᠮᠦᠨ ᠡᠨᠡ ᠭᠢᠷᠢ᠂ ᠰᠦᠩᠪᠣᠮ ᠵᠤᠬᠢᠶᠠᠯ 《ᠴᠤᠭᠳᠤ ᠳᠦᠷᠪᠠᠨ ᠳᠠᠠᠳᠠᠷᠢᠰᠤᠨ ᠤ ᠬᠤᠳᠠ ᠮᠠᠠᠳᠠᠯ ᠤᠨ ᠵᠠᠩ ᠣᠢ᠌ᠯᠠ᠂ ᠡᠷᠳᠡᠨᠢ ᠶᠢᠨ ᠡᠷᠢᠭᠡᠰ ᠭᠡᠮᠡᠭ᠍ᠳᠡᠭᠦ ᠣᠷᠤᠰᠢᠪᠠᠢ》 (ᠪᠠᠰᠠ 《ᠴᠢᠠᠳᠠᠮᠤᠨᠢ ᠡᠷᠢᠭᠡ》 ᠭᠡᠳᠡᠭ᠌᠂ ᠳᠡᠭᠡᠳᠤ ᠪᠣᠳᠢ ᠳ᠋ᠤᠨᠢ 37 ᠵᠤᠬᠢᠶᠠᠯ᠂ ᠳᠤᠤᠷᠠᠳᠤ ᠪᠣᠳᠢ ᠳ᠋ᠤᠨᠢ 41 ᠵᠤᠬᠢᠶᠠᠯ ᠪᠠᠭᠳᠠᠵᠤ᠂ ᠨᠠᠢ᠌ᠳᠠ 785 ᠬᠠᠭᠤᠳᠠᠰᠤ ᠳᠠᠢ) ᠪᠠᠨ ᠵᠤᠬᠢᠶᠠᠵᠤ ᠳᠠᠭᠤᠰᠬᠠᠪᠠ᠃

《ᠠᠨᠠᠭᠠᠨ ᠥᠢᠯᠡᠳᠦᠭ᠍ᠴᠢ ᠷᠠᠰᠢᠶᠠᠨ ᠤ ᠨᠢᠭᠤᠷ ᠢ ᠡ᠊ᠨᠳᠡᠭᠦᠷᠡᠯ ᠦᠭᠡᠶ ᠳᠠᠨᠢᠨ ᠪᠠᠷᠢᠬᠤ ᠣᠷᠠᠯᠠᠬᠤ ᠣᠬᠠᠭᠠᠨ ᠤ ᠳᠤᠯᠢᠨ ᠳᠤᠷ ᠳᠦᠷᠢ ᠳᠤᠳᠤᠷᠠᠭᠤᠯᠤᠭᠰᠠᠨ ᠭᠠᠢ᠌ᠬᠠᠮᠰᠢᠭᠳᠤ ᠥᠵᠡᠰᠭᠦᠯᠡᠩᠳᠤ ᠨᠢᠳᠤᠨ ᠴᠢᠮᠡᠭ᠌ ᠣᠷᠤᠰᠢᠪᠠᠢ》 (ᠳᠦᠭᠦᠮᠴᠢᠯᠡᠭᠡᠳ 《ᠥᠵᠡᠰᠭᠦᠯᠡᠩᠳᠤ ᠨᠢᠳᠤᠨ ᠴᠢᠮᠡᠭ᠌》᠂ ᠲᠦᠪᠡᠳ ᠶᠢᠡᠷ 《ᠽᠸᠰᠡᠷᠮᠢᠭ᠍ᠵᠡᠨ》) ᠪᠠᠨ 1817 ᠣᠨ ᠡᠴᠡ ᠡᠭᠢᠯᠡᠨ ᠪᠢᠴᠢᠵᠤ᠂ ᠰᠡᠭᠦᠯ ᠳᠤ᠂ ᠴᠠᠰᠤᠳᠠᠨ ᠲᠦᠪᠡᠳ ᠲᠤ ᠭᠦᠷᠭᠦ ᠴᠠᠭ ᠲᠤ ᠰᠠᠢ᠌ᠳᠤᠷ ᠭᠢᠨᠠᠨ ᠣᠢ᠌ᠯᠠᠳᠴᠤ᠂ ᠭᠡᠳᠤᠨ ᠵᠢᠯ ᠤᠨ ᠳᠠᠷᠠᠭ᠎ᠠ ᠪᠠᠭᠡᠵᠢᠩ ᠳᠤ ᠮᠤᠳᠤᠨ ᠪᠠᠷ ᠶᠢᠡᠷ ᠭᠡᠪᠯᠡᠭᠦᠯᠦᠭ᠍ᠰᠡᠨ ᠪᠠᠢ᠌ᠨ᠎ᠠ᠃ 《ᠥᠵᠡᠰᠭᠦᠯᠡᠩᠳᠤ ᠨᠢᠳᠤᠨ ᠴᠢᠮᠡᠭ᠌》 ᠲᠡᠭᠡᠨ ᠨᠠᠢ᠌ᠳᠠ 879 ᠵᠣᠢ᠌ᠯ ᠤᠨ ᠡᠮᠳᠤ ᠪᠣᠳᠠᠰ ᠢ 8 ᠠᠢ᠌ᠮᠠᠭ᠂ 24 ᠳᠦᠷᠤᠯ ᠬᠤᠪᠢᠶᠠᠵᠤ᠂ ᠡᠮᠳᠤ ᠪᠣᠳᠠᠰ ᠨᠢᠭᠡᠪᠦᠷᠢ ᠶᠢᠨ ᠮᠤᠩᠭ᠋ᠤᠯ᠂ ᠭᠢᠳᠠᠤᠨ᠂ ᠮᠠᠠᠵᠤ᠂ ᠲᠦᠪᠡᠳ ᠨᠠᠷ᠎ᠠ ᠭᠢᠭᠡᠳ ᠭᠡᠯᠪᠠᠷᠢ ᠳᠦᠷᠰᠤ᠂ ᠠᠮᠳᠠ᠂ ᠴᠢᠳᠠᠯ᠂ ᠳᠡᠭᠦᠭᠦ ᠴᠠᠭ᠂ ᠨᠤᠮᠤᠬᠠᠳᠬᠠᠬᠤ ᠠᠷᠭ᠎ᠠ ᠵᠡᠷᠭᠡ ᠶᠢ ᠨᠠᠷᠢᠨ ᠳᠤᠳᠤᠷᠬᠠᠢ ᠳᠠᠢ᠌ᠯᠪᠣᠷᠢᠯᠠᠵᠤ᠂ 579 ᠵᠢᠷᠤᠭᠳᠤ ᠳᠠᠢ᠌ᠯᠪᠣᠷᠢ ᠳᠠᠭᠠᠯᠳᠤᠭᠤᠯᠤᠭᠠᠤᠨ᠂ ᠳᠤᠬᠠᠢ ᠶᠢᠨ ᠦᠶ᠎ᠡ ᠶᠢᠨ ᠮᠤᠩᠭ᠋ᠤᠯ ᠡᠮᠳᠤ ᠪᠣᠳᠠᠰ ᠤᠨ ᠳᠠᠯ᠎ᠠ ᠪᠠᠷ ᠭᠢ ᠡ᠊ᠨᠳᠡᠭᠦᠷᠡᠯ ᠬᠤᠤᠠᠬᠤᠯᠳᠤᠯ ᠢ ᠰᠢᠭᠦᠮᠵᠢᠯᠡᠨ ᠵᠠᠯᠠᠷᠠᠭᠤᠯᠤᠭᠰᠠᠨ ᠪᠠᠢ᠌ᠨ᠎ᠠ᠃ 《᠊ᠭ᠍‍ᠬᠢᠷ ᠦᠭᠡᠶ ᠪᠣᠯᠤᠷ ᠡᠷᠢᠭᠡ ᠳᠤ ᠥᠭᠦᠯᠡᠭ᠍ᠰᠡᠨ ᠡᠮ ᠤᠨ ᠷᡁᠦᠭ᠍ᠪᠧ ᠭᠠᠢ᠌ᠬᠠᠮᠰᠢᠭᠳᠤ ᠥᠵᠡᠰᠭᠦᠯᠡᠩᠳᠤ ᠨᠢᠳᠤᠨ ᠴᠢᠮᠡᠭ᠌》 (ᠳᠦᠭᠦᠮᠴᠢᠯᠡᠭᠡᠳ 《ᠪᠠᠭ᠎ᠠ ᠥᠵᠡᠰᠭᠦᠯᠡᠩᠳᠤ ᠨᠢᠳᠤᠨ ᠴᠢᠮᠡᠭ᠌》᠂ ᠲᠦᠪᠡᠳ ᠶᠢᠠᠷ 《ᠪᠠᠭ᠎ᠠ ᠽᠸᠰᠡᠷᠮᠢᠭ᠍ᠵᠡᠨ》) ᠵᠢᠡᠨ ᠪᠠᠠᠴᠢᠨ ᠪᠣᠭᠳᠠ ᠳᠠᠮᠪᠢᠨᠢᠮ᠎ᠠ ᠡᠴᠡ ᠭᠡᠯᠦᠩ ᠰᠠᠭᠢᠯ ᠠᠪᠣᠭᠰᠠᠨ ᠤ ᠳᠠᠷᠠᠭ᠎ᠠ ᠪᠢᠴᠢᠵᠤ᠂ ᠭᠦᠮᠪᠦᠮ ᠭᠡᠢ᠌ᠤᠨ ᠤᠨ ᠰᠤᠷᠢᠭᠳᠠᠷᠵᠠᠢ᠌ᠯᠢᠩ ᠳᠤ ᠭᠡᠵᠢᠶ᠎ᠡ ᠬᠣᠢ᠌ᠨ᠎ᠠ ᠰᠢᠤᠸᠠᠨ ᠲᠦᠩ ᠤᠨ ᠭᠤᠷᠪᠠᠳᠤᠭᠠᠷ ᠣᠨ ᠪᠣᠶᠤ ᠳᠠᠮᠤᠷ ᠭᠠᠬᠠᠢ ᠵᠢᠯ (1911) ᠊ᠤᠨ ᠮᠤᠩᠭ᠋ᠤᠯ ᠤᠨ ᠵᠢᠷᠭᠤᠳᠤᠭᠠᠷ ᠰᠠᠷ᠎ᠠ ᠶᠢᠨ ᠰᠢᠨ᠎ᠡ ᠶᠢᠨ ᠨᠢ᠋ᠮᠠᠨ ᠤ ᠰᠠᠢ᠌ᠨ ᠡᠳᠦᠷ ᠪᠠᠷ ᠰᠠᠢ᠌ᠯᠵᠤ ᠳᠡᠭᠦᠰᠭᠡᠭ᠍ᠰᠡᠨ ᠪᠠᠢ᠌ᠨ᠎ᠠ᠃ 《ᠪᠠᠭ᠎ᠠ ᠥᠵᠡᠰᠭᠦᠯᠡᠩᠳᠤ ᠨᠢᠳᠤᠨ ᠴᠢᠮᠡᠭ᠌》 ᠨᠢ ᠪᠣᠯ 《ᠥᠵᠡᠰᠭᠦᠯᠡᠩᠳᠤ ᠨᠢᠳᠤᠨ ᠴᠢᠮᠡᠭ᠌》 ᠊ᠤᠨ ᠶᠢᠡᠨ ᠳᠤᠳᠤᠷᠠᠭᠢ ᠵᠢᠷᠤᠭᠳᠤ ᠳᠠᠢ᠌ᠯᠪᠣᠷᠢ ᠶᠢ ᠨᠢ ᠳᠡᠭᠦᠪᠦᠷᠢᠯᠡᠨ ᠡᠮᠭᠢᠦᠡᠭᠡᠵᠤ᠂ ᠡᠮᠳᠤ ᠪᠣᠳᠠᠰ ᠢ ᠳᠠᠨᠢᠬᠤ᠂ ᠳᠡᠭᠦᠭᠦ᠂ ᠰᠤᠳᠤᠯᠬᠤ ᠳᠤ ᠵᠤᠷᠢᠭᠤᠯᠤᠭᠰᠠᠨ ᠯᠠᠪᠯᠠᠯᠳᠠ ᠶᠢᠨ ᠨᠤᠮ ᠪᠣᠯᠤᠨ᠎ᠠ᠃ ᠳᠠᠷᠠ 《ᠥᠵᠡᠰᠭᠦᠯᠡᠩᠳᠤ ᠨᠢᠳᠤᠨ ᠴᠢᠮᠡᠭ᠌》 ᠊ᠤᠨ ᠠᠷᠤ ᠳᠤᠨᠢ 《ᠰᠢᠷ᠎ᠠ ᠳᠢᠳᠢᠮᠳᠤ ᠶᠢᠨ ᠱᠠᠰᠢᠨ ᠤ ᠥᠭᠯᠢᠭᠡ ᠶᠢᠨ ᠡᠵᠡᠨ᠂ ᠣᠬᠠᠭᠠᠨ ᠢ ᠪᠠᠷᠢᠭᠴᠢ ᠨᠢ᠋ᠮᠠᠨ ᠤ ᠣᠪᠠᠰᠢ ᠵᠠᠮᠪᠠᠯᠳᠤᠷᠵᠢ ᠪᠠᠷ ᠪᠢᠴᠢᠪᠠᠢ》 ᠭᠡᠮᠡᠭᠡᠳ᠂ 《ᠪᠠᠭ᠎ᠠ ᠥᠵᠡᠰᠭᠦᠯᠡᠩᠳᠤ ᠨᠢᠳᠤᠨ ᠴᠢᠮᠡᠭ᠌》 ᠊ᠢ ᠡᠮᠭᠢᠦᠡᠭᠡᠨ ᠥᠢᠯᠡᠳᠦᠭ᠍ᠴᠢ ᠨᠢ 《ᠳᠡᠵᠢᠭᠡᠨ ᠦᠢᠯᠡᠳᠬᠦ ᠣᠬᠠᠭᠠᠨ (ᠠᠨᠠᠭᠠᠬᠤ ᠣᠬᠠᠭᠠᠨ) ᠊ᠢ ᠥᠭᠦᠯᠡᠭ᠍ᠴᠢ ᠭᠡᠯᠦᠩ ᠶ‍ᠸᠰᠢᠳᠤᠩᠷᠤᠪᠳᠠᠮᠪᠢᠵᠠᠯᠰᠠᠨ ᠮᠦᠨ ᠪᠣᠯᠠᠢ》 ᠭᠡᠮᠡᠨ ᠵᠤᠬᠢᠶᠠᠭᠴᠢ ᠪᠣᠯᠤᠨ ᠵᠤᠬᠢᠶᠠᠭᠳᠠᠭᠰᠠᠨ ᠴᠠᠭ ᠶᠢᠡᠨ ᠳᠡᠮᠳᠡᠭᠯᠡᠭ᠍ᠰᠡᠨ ᠪᠠᠢ᠌ᠳᠠᠭ᠃

ᠵᠠᠮᠪᠠᠯᠳᠤᠷᠵᠢ ᠪᠠᠰᠠ 《ᠰᠠᠢ᠌ᠳᠤᠷ ᠨᠤᠮᠯᠠᠭᠰᠠᠨ ᠭᠠᠳᠠᠮᠪᠠ ᠶᠢᠨ ᠭᠡᠭᠡᠨ ᠤ ᠵᠠᠷᠯᠢᠭ ᠠᠢ᠌ᠯᠠᠳᠬᠠᠯ ᠤᠨ ᠡᠮᠭᠢᠦᠡᠭᠡᠯ᠂ ᠡᠷᠳᠡᠨᠢ ᠶᠢᠨ ᠭᠦᠮᠦᠷᠭᠡ ᠭᠡᠮᠡᠭ᠍ᠳᠡᠭᠦ ᠣᠷᠤᠰᠢᠪᠠᠢ》 ᠭᠡᠮᠡᠭᠦ ᠭᠠᠳᠠᠮᠪᠠ ᠶᠢᠨ ᠶᠤᠰᠤᠨ ᠤ ᠳᠡᠭᠡᠳᠤ ᠪᠣᠭᠳᠠᠰ ᠪᠣᠯᠬᠤ ᠪᠣᠭᠳᠠ ᠠᠳᠢᠱᠠ ᠪᠣᠯᠤᠨ ᠽᠤᠠᠷᠣᠢ᠌ᠶᠤᠩᠷᠤᠩ᠂ ᠣᠭ ᠯᠢᠭ᠍ᠪᠠᠢ᠌ᠰᠢᠷᠡᠪ᠂ ᠪᠷᠤᠮ ᠪᠠᠭᠰᠢ ᠵᠠᠯᠪᠠᠢ᠌ᠵᠤᠩᠨᠠᠢ ᠨᠡᠷ ᠤᠨ ᠴᠢᠬᠤᠯᠠ ᠴᠢᠬᠤᠯᠠ ᠵᠠᠷᠯᠢᠭ ᠠᠢ᠌ᠯᠠᠳᠬᠠᠯ ᠢ ᠬᠤᠷᠢᠶᠠᠨ ᠨᠠᠢ᠌ᠷᠠᠭᠤᠯᠤᠭᠠᠤᠨ ᠮᠦᠩᠭᠦ ᠵᠤᠭᠤᠰ ᠵᠠᠷᠤᠴᠠᠭᠤᠯᠤᠨ ᠮᠤᠳᠤᠨ ᠪᠠᠷ ᠶᠢᠡᠷ ᠭᠡᠪᠯᠡᠭᠦᠯᠵᠡᠢ᠃ ᠰᠡᠭᠦᠯ ᠳᠤ ᠪᠠᠰᠠ 《ᠣᠪᠠᠳᠢᠰ ᠤᠨ ᠳᠤᠪᠭᠢᠮᠠᠯ》᠂ 《ᠳᠠᠠᠵᠤᠤᠷ ᠤᠨ ᠭᠡᠰᠡᠭ᠌ ᠪᠣᠰᠠᠭ》 ᠵᠡᠷᠭᠡ ᠲᠦᠪᠡᠳ ᠤᠨ ᠬᠤᠪᠣᠷ ᠴᠤᠬᠠᠭ ᠨᠤᠮ ᠵᠤᠬᠢᠶᠠᠯ ᠤᠨ ᠡᠮᠭᠢᠦᠡᠭᠡᠯ ᠢ ᠭᠢᠵᠤ ᠪᠠᠢ᠌ᠵᠠᠢ᠃ ᠡᠳᠡᠭᠡᠷ ᠨᠢ ᠴᠦᠮ ᠳᠡᠭᠦᠨ ᠤ ᠪᠣᠷᠬᠠᠨ ᠱᠠᠰᠢᠨ ᠤ ᠰᠤᠶᠤᠯ ᠭᠢᠭᠡᠳ ᠮᠤᠩᠭ᠋ᠤᠯ ᠲᠦᠪᠡᠳ ᠤᠨ ᠰᠤᠶᠤᠯ ᠳᠤ ᠥᠵᠡᠭᠦᠯᠦᠭ᠍ᠰᠡᠨ ᠯᠤᠳᠤ ᠬᠤᠪᠢ ᠨᠠᠮᠠᠷᠢ ᠪᠣᠯᠬᠤ ᠶᠤᠮ︕

ᠶᠡᠭᠡ ᠪᠠᠭ᠎ᠠ 《ᠥᠵᠡᠰᠭᠦᠯᠡᠩᠳᠤ ᠨᠢᠳᠤᠨ ᠴᠢᠮᠡᠭ᠌》 ᠊ᠢ ᠳᠤᠳᠤᠭᠠᠳᠤ ᠭᠠᠳᠠᠭᠠᠳᠤ ᠶᠢᠨ ᠡᠷᠳᠡᠮᠳᠡᠳ ᠪᠠᠬᠠᠷᠠᠨ ᠰᠤᠳᠤᠯᠤᠭᠰᠠᠭᠠᠷ ᠬᠠᠭᠠᠰ ᠵᠠᠭᠤᠨ ᠪᠣᠯᠵᠤ ᠪᠣᠢ᠃ ᠳᠤᠬᠠᠢ᠌ᠯᠠᠪᠠᠯ᠂ 《ᠥᠵᠡᠰᠭᠦᠯᠡᠩᠳᠤ ᠨᠢᠳᠤᠨ ᠴᠢᠮᠡᠭ᠌》 ᠊ᠢ ᠭᠡᠡᠳᠦᠡᠵᠡᠯᠰᠡᠨ ᠠᠩᠬ᠎ᠠ ᠲᠦᠪᠡᠳ ᠭᠡᠯᠡᠨ ᠡᠴᠡ ᠣᠷᠴᠢᠭᠤᠯᠵᠤ᠂ 1965 ᠣᠨ ᠳᠤ ᠶᠡᠭᠡ ᠵᠤᠤ ᠠᠢ᠌ᠮᠠᠭ ᠤᠨ ᠮᠤᠩᠭ᠋ᠤᠯ ᠭᠢᠳᠠᠤᠨ ᠡᠮᠨᠡᠯᠭᠡ ᠰᠤᠳᠤᠯᠬᠤ ᠭᠠᠵᠠᠷ ᠤᠨ ᠰᠤᠤᠠᠨᠤᠮ ᠯᠢᠭ᠍ᠰᠡᠩ ᠨᠡᠷ ᠭᠢᠨᠠᠵᠤ ᠳᠤᠰᠤᠨ ᠪᠠᠷ ᠶᠢᠡᠷ ᠭᠡᠪᠯᠡᠭᠦᠯᠵᠤ ᠪᠠᠢ᠌ᠭᠰᠠᠨ᠃ ᠦᠪᠣᠷ ᠮᠤᠩᠭ᠋ᠤᠯ ᠤᠨ ᠡᠮᠨᠡᠯᠭᠡ ᠶᠢᠨ ᠳᠡᠭᠡᠳᠤ ᠰᠤᠷᠭᠠᠭᠤᠯᠢ ᠶᠢᠨ ᠫᠷᠤᠹᠧᠰᠰᠤᠷ ᠪ᠊·ᠵᠢᠭᠮᠡᠳ 《ᠦᠪᠣᠷ ᠮᠤᠩᠭ᠋ᠤᠯ ᠤᠨ ᠡᠮᠨᠡᠯᠭᠡ ᠶᠢᠨ ᠳᠡᠭᠡᠳᠤ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ》 (ᠮᠤᠩᠭ᠋ᠤᠯ ᠭᠡᠪᠯᠡᠯ) ᠊ᠤᠨ 1978 ᠣᠨ ᠤ ᠨᠢᠭᠡᠳᠦᠭᠡᠷ ᠬᠤᠭᠤᠴᠠᠭᠠᠨ ᠳᠤ 《ᠮᠤᠩᠭ᠋ᠤᠯ ᠠᠨᠠᠭᠠᠬᠤ ᠣᠬᠠᠭᠠᠨ ᠤ ᠡᠷᠳᠡᠨ ᠤ ᠵᠤᠬᠢᠶᠠᠯ ᠪᠦᠳᠦᠭᠡᠯ ᠤᠨ ᠳᠤᠬᠠᠢ ᠰᠢᠡᠵᠢᠯᠡᠭᠡ》 ᠭᠡᠰᠡᠨ ᠶᠢᠡᠨ ᠨᠡᠢ᠌ᠳᠡᠯᠡᠭ᠍ᠰᠡᠨ ᠡᠴᠠ ᠨᠠᠰᠢ ᠣᠯᠠᠨ ᠠᠷᠪᠢᠨ ᠰᠢᠠᠵᠢᠯᠠᠯ ᠥᠭᠦᠯᠡᠯ ᠨᠡᠢ᠌ᠳᠡᠯᠡᠭᠦᠯᠭᠦ ᠳᠡᠭᠡᠨ ᠨᠢ᠋ᠮᠠᠨ ᠳᠣᠢ᠌ᠨ ᠵᠠᠮᠪᠠᠯᠳᠤᠷᠵᠢ ᠶᠢᠨ 《ᠥᠵᠡᠰᠭᠦᠯᠡᠩᠳᠤ ᠨᠢᠳᠤᠨ ᠴᠢᠮᠡᠭ᠌》 ᠨᠢ ᠮᠤᠩᠭ᠋ᠤᠯ ᠡᠮᠳᠤ ᠪᠣᠳᠠᠰ ᠤᠨ ᠰᠤᠩᠭ᠋ᠤᠳᠠᠭ ᠵᠤᠬᠢᠶᠠᠯ᠂ ᠰᠦᠮᠪᠠ ᠬᠠᠮᠪᠣ ᠢᠰᠢᠪᠠᠯᠵᠤᠤᠷ ᠤᠨ 《ᠳᠦᠷᠪᠠᠨ ᠷᠠᠰᠢᠶᠠᠨ》 ᠨᠢ ᠮᠤᠩᠭ᠋ᠤᠯ ᠠᠨᠠᠭᠠᠬᠤ ᠣᠬᠠᠭᠠᠨ ᠤ ᠰᠤᠩᠭ᠋ᠤᠳᠠᠭ ᠵᠤᠬᠢᠶᠠᠯ᠂ ᠮᠢᠩᠷᠤᠯ ᠵᠠᠮᠪᠠᠯᠴᠣᠢ᠌ᠵᠢᠳᠠᠠᠽᠢᠠᠫᠢᠷᠢᠠᠯᠠᠢ ᠶᠢᠨ 《ᠣᠪᠠᠳᠢᠰ ᠤᠨ ᠳᠠᠯᠠᠢ》 ᠨᠢ ᠮᠤᠩᠭ᠋ᠤᠯ ᠡᠮ ᠨᠠᠢ᠌ᠷᠠᠯᠭ᠎ᠠ ᠶᠢᠨ ᠰᠤᠳᠤᠯᠤᠯ ᠤᠨ ᠰᠤᠩᠭ᠋ᠤᠳᠠᠭ ᠵᠤᠬᠢᠶᠠᠯ ᠪᠠᠢ᠌ᠵᠤ ᠮᠤᠩᠭ᠋ᠤᠯ ᠠᠨᠠᠭᠠᠬᠤ ᠣᠬᠠᠭᠠᠨ ᠤ 《ᠭᠤᠷᠪᠠᠨ ᠶᠡᠭᠡ ᠳᠤᠯᠭᠠᠭᠤᠷᠢ ᠪᠢᠴᠢᠭ᠌》 ᠭᠡᠵᠤ ᠥᠨᠡᠯᠡᠭᠡᠳ ᠡᠷᠳᠡᠮ ᠰᠢᠡᠵᠢᠯᠡᠭᠡᠨ ᠤ ᠭᠢᠨ ᠳᠤ ᠮᠡᠳᠡᠷᠡᠭ᠍ᠳᠡᠭ᠍ᠰᠡᠨ ᠪᠠᠢ᠌ᠨ᠎ᠠ᠃ ᠳᠤᠰ ᠵᠠᠭᠤᠨ ᠳᠤ ᠣᠷᠤᠬᠤ ᠳᠤ᠂ ᠲᠦᠩᠯᠢᠶᠤᠤ ᠬᠤᠳᠠ ᠶᠢᠨ ᠮᠤᠩᠭ᠋ᠤᠯ ᠡᠮᠨᠡᠯᠭᠡ ᠰᠤᠳᠤᠯᠬᠤ ᠭᠠᠵᠠᠷ ᠤᠨ ᠪᠠᠶᠠᠷ ᠡᠮᠴᠢ 《ᠥᠵᠡᠰᠭᠦᠯᠡᠩᠳᠤ ᠨᠢᠳᠤᠨ ᠴᠢᠮᠡᠭ᠌》 ᠊ᠢ ᠭᠢᠳᠠᠤᠨ ᠭᠡᠯᠡ ᠪᠠᠷ ᠣᠷᠴᠢᠭᠤᠯᠵᠤ ᠨᠥᠯᠦᠭᠡ ᠳᠤᠰᠬᠠᠯ ᠢ ᠨᠢ ᠨᠠᠩ ᠦᠷᠭᠡᠨ ᠶᠡᠭᠡ ᠪᠣᠯᠭᠠᠭᠰᠠᠨ ᠪᠦᠭᠡᠳ ᠯᠤᠪᠰᠠᠩ᠂ ᠵᠢᠭᠮᠡᠳ᠂ ᠪᠠᠭᠠᠨ᠎ᠠ᠂ ᠰᠠᠴᠠᠠᠳᠤ᠂ ᠪᠣᠶᠠᠠᠳᠤ ᠁ ᠨᠡᠷ 《ᠪᠣᠳᠠᠯᠠ ᠣᠷᠳᠤᠨ ᠤ ᠨᠤᠮ ᠰᠤᠳᠤᠷ ᠤᠨ ᠭᠠᠷᠴᠠᠭ》 ᠳ᠋ᠠᠭᠢ ᠵᠠᠮᠪᠠᠯᠳᠤᠷᠵᠢ ᠶᠢᠨ ᠳᠤᠪᠴᠢ ᠨᠠᠮᠳᠠᠷ ᠢ ᠠᠰᠢᠭᠯᠠᠵᠤ᠂ ᠵᠢᠴᠢ ᠣᠯᠠᠨ ᠣᠨ ᠳᠤᠷᠰᠢ ᠰᠢᠠᠵᠢᠯᠠᠯ ᠰᠤᠳᠤᠯᠭᠠᠨ ᠤ ᠰᠠᠭᠤᠷᠢᠨ ᠳᠡᠭᠡᠷ᠎ᠡ ᠪᠠᠨ ᠵᠠᠮᠪᠠᠯᠳᠤᠷᠵᠢ ᠪᠣᠯ ᠨᠢᠭᠡᠨ ᠡᠷᠳᠡᠮ ᠶᠡᠭᠡ ᠲᠡᠶ ᠡᠮᠴᠢ ᠭᠦᠮᠤᠨ ᠮᠦᠷᠳᠡᠭᠡᠨ ᠰᠤᠳᠤᠷ ᠳᠠᠷᠨᠢ ᠶᠢᠨ ᠶᠤᠰᠤᠨ ᠳᠤ ᠰᠢᠯᠭᠠᠷᠠᠭᠰᠠᠨ ᠨᠢᠭᠤᠴᠠ ᠳᠠᠷᠨᠢ ᠶᠢᠨ ᠣᠬᠠᠭᠠᠠᠳᠠᠨ ᠭᠡᠮᠡᠨ ᠳᠤᠳᠤᠯᠠᠭᠰᠠᠨ ᠪᠠᠢ᠌ᠨ᠎ᠠ᠃ ᠣᠯᠤᠰ ᠤᠨ ᠭᠠᠳᠠᠭᠠᠳᠤ ᠳᠤ᠂ ᠡᠨᠡᠳᠭᠡᠭ᠌ ᠤᠨ ᠰᠢᠨ᠎ᠡ ᠳ᠋ᠸᠯᠢ ᠬᠤᠳᠠ ᠳᠤ ᠳ᠋ᠤᠺᠲ᠋ᠤᠷ ᠯᠤᠺᠧᠱᠢ ᠽᠠᠠᠳᠠᠷ᠎ᠠ ᠫᠷᠤᠹᠧᠰᠰᠤᠷ 《ᠥᠵᠡᠰᠭᠦᠯᠡᠩᠳᠤ ᠨᠢᠳᠤᠨ ᠴᠢᠮᠡᠭ᠌》 ᠊ᠢ ᠨᠢᠭᠳᠠᠯᠠᠨ ᠰᠤᠳᠤᠯᠵᠤ᠂ 1971 ᠣᠨ ᠳᠤ ᠠᠩᠭ᠍ᠯᠢ ᠥᠰᠦᠭ᠌ ᠭᠡᠷᠡᠯ ᠵᠢᠷᠤᠭ ᠶᠢᠡᠷ ᠭᠡᠪᠯᠡᠭᠡᠳ ᠳᠡᠯᠡᠭᠡᠢ ᠨᠠᠢ᠌ᠳᠠ ᠳᠤ ᠭᠠᠢ᠌ᠬᠠᠭᠤᠯᠤᠭᠰᠠᠨ ᠪᠢᠯᠠ᠃ 1985 ᠣᠨ ᠳᠤ᠂ ᠵᠦᠪᠯᠠᠯᠳᠤ ᠬᠤᠯᠪᠣᠭᠠᠳᠤ ᠣᠯᠤᠰ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠪᠢᠤᠯᠤᠭᠢ ᠶᠢᠨ ᠳᠠᠰᠤᠭ ᠤᠨ ᠪᠣᠷᠢᠶᠠᠤᠨ ᠬᠤᠪᠢᠶᠠᠷᠢ ᠶᠢᠨ ᠡᠷᠳᠡᠮᠳᠡᠳ ᠡᠴᠠ 《ᠥᠵᠡᠰᠭᠦᠯᠡᠩᠳᠤ ᠨᠢᠳᠤᠨ ᠴᠢᠮᠡᠭ᠌》 ᠳᠤᠳᠤᠷᠠᠭᠢ 96 ᠳᠦᠷᠤᠯ ᠤᠨ ᠣᠷᠭᠤᠮᠠᠯ ᠢ ᠰᠤᠩᠭ᠋ᠤᠵᠤ ᠳᠤᠰᠬᠠᠢ ᠡᠷᠳᠡᠮ ᠰᠢᠡᠵᠢᠯᠡᠭᠡᠨ ᠤ ᠪᠦᠳᠦᠭᠡᠯ ᠪᠣᠯᠭᠠᠨ ᠭᠡᠪᠯᠡᠭᠦᠯᠦᠭ᠍ᠰᠡᠨ ᠪᠠᠢ᠌ᠨ᠎ᠠ᠃ 2001 ᠣᠨ ᠳᠤ᠂ ᠪᠣᠷᠢᠶᠠᠤᠨ ᠤᠨ ᠡᠷᠳᠡᠮᠳᠡᠨ ᠶ‍ᠦ᠋·ᠢ᠊·ᠵᠠᠪᠤᠨ 《ᠥᠵᠡᠰᠭᠦᠯᠡᠩᠳᠤ ᠨᠢᠳᠤᠨ ᠴᠢᠮᠡᠭ᠌》 ᠊ᠢ 《19 ᠳ᠋ᠦᠭᠡᠷ ᠵᠠᠭᠤᠨ ᠤ ᠮᠤᠩᠭ᠋ᠤᠯ ᠲᠦᠪᠡᠳ ᠰᠤᠶᠤᠯ ᠤᠨ ᠭᠠᠢ᠌ᠬᠠᠮᠰᠢᠭᠳᠤ ᠳᠤᠷᠠᠰᠬᠠᠯᠳᠤ ᠪᠢᠴᠢᠭ᠌》 ᠭᠡᠵᠤ᠂ ᠵᠠᠮᠪᠠᠯᠳᠤᠷᠵᠢ ᠶᠢ 《ᠮᠠᠲ᠋ᠸᠷᠢᠶᠠᠯ ᠢ ᠳᠠᠨᠢᠯᠴᠠᠭᠤᠯᠤᠨ ᠵᠢᠷᠤᠭᠯᠠᠭᠰᠠᠨ ᠪᠣᠯᠤᠨ ᠬᠠᠮᠤᠷᠠᠭᠰᠠᠨ ᠭᠡᠪᠴᠢᠶ᠎ᠡ ᠨᠢ ᠶᠠᠮᠠᠷ ᠴᠤ ᠨᠢᠭᠡᠨ ᠡᠷᠳᠡᠮ ᠪᠣᠯᠪᠠᠰᠤᠷᠠᠯ ᠶᠡᠭᠡ ᠲᠡᠶ᠂ ᠳᠤᠷᠰᠢᠯᠭ᠎ᠠ ᠦᠯᠠᠮᠵᠢ ᠣᠳᠠᠴᠢ ᠡᠴᠠ ᠦᠷᠭᠡᠨ ᠪᠠᠢ᠌ᠳᠠᠭ》 ᠭᠡᠵᠤ ᠥᠵᠡᠭᠡᠳ ᠲᠦᠪᠡᠳ ᠭᠡᠯᠡᠨ ᠡᠴᠠ ᠨᠢ ᠣᠷᠤᠰ ᠭᠡᠯᠡᠨ ᠳᠤ ᠣᠷᠴᠢᠭᠤᠯᠵᠤ ᠵᠡᠭᠦᠯᠳᠡ ᠳᠠᠢ᠌ᠯᠪᠣᠷᠢ ᠲᠡᠶ ᠭᠡᠪᠯᠡᠭᠦᠯᠵᠡᠢ᠃ ᠮᠤᠩᠭ᠋ᠤᠯ ᠣᠯᠤᠰ ᠲᠤ ᠽ·ᠬᠠᠢ᠌ᠳᠠᠪ᠂ ᠱ·ᠪᠣᠯᠤᠳ ᠨᠡᠷ ᠰᠤᠳᠤᠯᠭᠠᠨ ᠭᠢᠵᠤ ᠪᠠᠢ᠌ᠭᠰᠠᠨ ᠪᠠᠢ᠌ᠨ᠎ᠠ᠃ ᠡᠨᠡ ᠦᠶ᠎ᠡ ᠳᠤ᠂ ᠣᠯᠤᠰ ᠤᠨ ᠳᠤᠳᠤᠭᠠᠳᠤ ᠭᠠᠳᠠᠭᠠᠳᠤ ᠳᠤ ᠵᠠᠮᠪᠠᠯᠳᠤᠷᠵᠢ ᠭᠢᠭᠡᠳ ᠳᠡᠭᠦᠨ ᠦ ᠵᠤᠬᠢᠶᠠᠯ ᠪᠦᠳᠦᠭᠡᠯ ᠤᠨ ᠰᠤᠳᠤᠯᠭᠠᠨ ᠭᠦᠭ᠍ᠵᠢᠶᠡᠨ ᠲᠡᠶ ᠶᠠᠪᠣᠭᠳᠠᠵᠤ ᠪᠠᠢ᠌ᠭᠰᠠᠨ ᠪᠠ ᠵᠠᠮᠪᠠᠯᠳᠤᠷᠵᠢ ᠶᠢᠨ ᠳᠡᠦᠭᠡ ᠨᠠᠮᠳᠠᠷ ᠤᠨ ᠳᠤᠬᠠᠢ ᠳᠡᠮᠳᠡᠭᠯᠡᠯ ᠪᠠᠷᠢᠮᠳᠠ ᠳᠠᠮᠠᠢ ᠣᠯᠳᠠᠭ᠎ᠠ ᠦᠭᠡᠶ ᠪᠠᠢ᠌ᠭᠰᠠᠨ ᠪᠣᠯᠬᠤᠷ ᠶᠡᠭᠡ ᠲᠦᠯᠤᠪ ᠳᠠᠭᠠᠮᠠᠭ ᠭᠢᠭᠦ ᠳᠠᠳᠤᠢ ᠪᠣᠯᠬᠤᠷ ᠡ᠊ᠨᠳᠡᠭᠦᠤ ᠳᠠᠰᠢᠶ᠎ᠠ ᠪᠠᠭ᠎ᠠ ᠦᠭᠡᠶ ᠪᠠᠢ᠌ᠵᠠᠢ᠃

ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ᠂ ᠨᠢ᠋ᠮᠠᠨ ᠬᠤᠰᠢᠭᠤ ᠨᠤᠳᠤᠭ ᠲᠡᠶ ᠠ᠊·ᠡᠷᠳᠡᠨᠢᠪᠠᠳᠡᠷ ᠳᠡᠭᠡᠷ᠎ᠡ ᠵᠠᠭᠤᠨ ᠤ ᠶ‍ᠡᠷᠡᠭᠡᠳ ᠣᠨ᠎ᠠ᠂ ᠲᠦᠪᠡᠳ ᠤᠨ ᠪᠠᠷᠠᠢ᠌ᠪᠣᠩ ᠭᠡᠢ᠌ᠳ ᠤᠨ ᠮᠤᠩᠭ᠋ᠤᠯᠵᠢᠨ ᠨᠤᠳᠤᠭ ᠲᠡᠶ ᠭᠡᠪᠰᠢ ᠯᠤᠪᠰᠠᠩᠳᠠᠠᠽᠢᠨ ᠪᠠᠭᠰᠢ ᠡᠴᠠ ᠪᠠᠨ ᠵᠠᠮᠪᠠᠯᠳᠤᠷᠵᠢ ᠶᠢᠨ ᠨᠠᠮᠳᠠᠷ ᠳᠡᠦᠭᠡ ᠶᠢᠨ ᠨᠤᠮ ᠢ ᠭᠠᠷᠳᠠᠨ ᠵᠤᠯᠭᠠᠭᠠᠤᠨ ᠶᠡᠭᠡ ᠡᠷᠳᠡᠮᠳᠡᠨ ᠨᠢ᠋ᠮᠠᠨ ᠳᠣᠢ᠌ᠨ ᠊᠊᠊᠊᠊᠊᠊᠊᠊᠊᠊᠊᠊᠊᠊ ᠵᠠᠮᠪᠠᠯᠳᠤᠷᠵᠢ ᠶᠢᠨ ᠳᠤᠬᠠᠢ ᠰᠤᠳᠤᠯᠭᠠᠨ ᠢᠯᠡᠷᠡᠭᠦᠯᠡᠭᠡᠨ ᠢ ᠰᠢᠨ᠎ᠡ ᠣᠷᠭᠢᠯ ᠳᠤ ᠳᠠᠪᠰᠢᠭᠤᠯᠤᠭᠰᠠᠨ ᠪᠢᠯᠠ᠃

ᠵᠠᠮᠪᠠᠯᠳᠤᠷᠵᠢ ᠶᠢᠨ ᠨᠠᠮᠳᠠᠷ ᠳᠡᠦᠭᠡ ᠶᠢᠨ ᠳᠠᠷᠠ ᠨᠤᠮ ᠨᠢ᠄ ᠮᠤᠩᠭ᠋ᠤᠯᠵᠢᠨ ᠨᠤᠳᠤᠭ ᠲᠡᠶ ᠭᠡᠪᠰᠢ᠂ ᠵᠠᠮᠪᠠᠯᠳᠤᠷᠵᠢ ᠶᠢᠨ ᠬᠠᠢ᠌ᠷᠠᠳᠠᠢ ᠱᠠᠪᠢ ᠵᠠᠮᠢᠶᠠᠩᠫᠠᠷᠠᠩᠯᠠᠢ 1871 ᠣᠨ ᠳᠤ ᡀᠠᠰᠠ ᠬᠤᠳᠠ ᠵᠢᠨᠰᠸᠷᠠ ᠭᠡᠢ᠌ᠤᠨ ᠤᠨ ᠪᠠᠷᠠᠭᠤᠨ ᠡᠮᠦᠨᠡᠭᠢ ᠪᠠᠷᠠᠭᠷᠢ ᠭᠡᠳᠡᠭ᠌ ᠪᠢᠴᠢᠬᠠᠨ ᠠᠭᠤᠢ ᠶᠢᠨ ᠰᠦᠮ᠎ᠡ ᠳᠤ ᠲᠦᠪᠡᠳ ᠭᠡᠯᠡᠨ ᠶᠢᠡᠷ ᠪᠢᠴᠢᠭ᠍ᠰᠡᠨ 《ᠭᠠᠭᠴᠠ ᠳᠡᠭ᠍ᠷᠢ ᠸᠴᠢᠷᠳ᠋ᡁᠠᠷ᠎ᠠ ᠶ‍ᠸᠰᠢᠳᠤᠩᠷᠤᠪᠳᠠᠮᠪᠢᠵᠠᠯᠰᠠᠨ ᠰᠠᠢ᠌ᠨ ᠴᠤᠭᠳᠤ ᠶᠢᠨ ᠦᠪᠡᠷ ᠤᠨ ᠶᠠᠪᠣᠳᠠᠯ ᠶᠤᠰᠤᠨ ᠤ ᠳᠠᠢ᠌ᠨ ᠨᠤᠮᠯᠠᠯ ᠡᠨᠡ ᠨᠠᠰᠤᠨ ᠤ ᠥᠵᠡᠭ᠍ᠳᠡᠯ ᠤᠨ ᠨᠣᠢ᠌ᠷ ᠡᠴᠠ ᠰᠡᠷᠡᠭᠡᠭ᠍ᠴᠢ ᠭᠦᠰᠡᠯ ᠤᠨ ᠡᠷᠳᠡᠨᠢ ᠭᠡᠮᠡᠭ᠍ᠳᠡᠭᠦ ᠣᠷᠤᠰᠢᠪᠠᠢ》 ᠪᠠᠢ᠌ᠵᠤ ᠡᠨᠡᠭᠦ ᠶᠡᠭᠡ ᠡᠷᠳᠡᠮᠳᠡᠨ ᠤ ᠳᠤᠬᠠᠢ ᠣᠯᠠᠨ ᠵᠢᠯ ᠤᠨ ᠳᠤᠷᠰᠢᠭᠢ ᠠᠯᠢ ᠠᠷᠪᠢᠨ ᠣᠨᠢᠰᠤᠭ᠎ᠠ ᠳᠠᠭᠠᠪᠣᠷᠢ᠂ ᠨᠢᠭᠤᠴᠠ ᠳᠠᠯᠳᠠ ᠶᠢ ᠳᠤᠳᠤᠷᠠᠭᠤᠯᠤᠭᠰᠠᠨ ᠪᠠᠢ᠌ᠨ᠎ᠠ᠃ 《ᠡᠷᠳᠡᠨᠢ ᠣᠯᠤᠭᠰᠠᠨ ᠮᠠᠳᠤ ᠪᠠᠶᠠᠷᠯᠠᠭᠰᠠᠨ》 ᠠ᠊·ᠡᠷᠳᠡᠨᠢᠪᠠᠳᠡᠷ ᠫᠷᠤᠹᠧᠰᠰᠤᠷ ᠦᠨᠦ ᠨᠤᠮ ᠢ 《ᠠᠷᠤ ᠦᠪᠣᠷ ᠦᠭᠡᠶ ᠣᠷᠪᠠᠭᠤᠯᠵᠤ》 ᠰᠢᠠᠵᠢᠯᠠᠯ ᠰᠤᠳᠤᠯᠭᠠᠨ ᠤ ᠠᠵᠢᠯ ᠳᠠᠭᠠᠨ ᠮᠠᠬᠠᠷᠴᠠᠢ᠃

2008 ᠣᠨ ᠳᠤ ᠠ᠊·ᠡᠷᠳᠡᠨᠢᠪᠠᠳᠡᠷ ᠫᠷᠤᠹᠧᠰᠰᠤᠷ ᠤᠨ ᠣᠷᠤᠯᠴᠠᠭᠠᠳᠠᠢ ᠳᠤᠰᠬᠠᠢ ᠮᠡᠷᠭᠡᠵᠢᠯᠳᠡᠳ ᠪᠣᠯᠤᠨ ᠨᠡᠢ᠌ᠭᠡᠮ ᠨᠠᠢ᠌ᠳᠠ ᠶᠢᠨ ᠰᠢᠯᠭᠠᠷᠠᠭᠤᠯᠤᠯᠳᠠ ᠪᠠᠷ ᠳᠠᠮᠵᠢᠵᠤ᠂ ᠵᠠᠮᠪᠠᠯᠳᠤᠷᠵᠢ ᠳᠤᠮᠳᠠᠳᠤ ᠣᠯᠤᠰ ᠤᠨ 《ᠮᠤᠩᠭ᠋ᠤᠯ ᠦᠨᠳᠦᠰᠦᠳᠠᠨ ᠤ ᠠᠷᠪᠠᠨ ᠭᠠᠷᠮᠠᠭᠠᠢ ᠰᠢᠡᠵᠢᠯᠡᠭᠦ ᠣᠬᠠᠭᠠᠠᠳᠠᠨ》 ᠤ ᠨᠢᠭᠡᠨ ᠪᠣᠯᠵᠤ ᠠᠯᠳᠠᠷ ᠨᠠᠷ᠎ᠠ ᠨᠢ ᠣᠯᠠᠮ ᠮᠠᠠᠳᠤᠭᠰᠠᠨ ᠪᠠᠢ᠌ᠨ᠎ᠠ᠃

ᠠ᠊·ᠡᠷᠳᠡᠨᠢᠪᠠᠳᠡᠷ ᠫᠷᠤᠹᠧᠰᠰᠤᠷ ᠤᠨ 《〈ᠨᠢ᠋ᠮᠠᠨ ᠳᠣᠢ᠌ᠨ ᠵᠠᠮᠪᠠᠯᠳᠤᠷᠵᠢ ᠶᠢᠨ ᠨᠠᠮᠳᠠᠷ〉 ᠰᠤᠳᠤᠯᠤᠯ》 ᠭᠡᠮᠡᠭᠦ ᠰᠤᠳᠤᠨ ᠪᠦᠳᠦᠭᠡᠯ 2009 ᠣᠨ ᠤ ᠠᠯᠳᠠᠨ ᠨᠠᠮᠤᠷ ᠮᠠᠠᠳᠤᠯᠠᠵᠤ᠂ ᠪᠦᠷᠢᠨ ᠤ ᠡᠮᠤᠨ᠎ᠡ ᠳᠡᠯᠭᠡᠭ᠍ᠳᠡᠭ᠍ᠰᠡᠨ ᠢ 《ᠶᠡᠷᠦᠩᠭᠡᠢ᠌ᠯᠡᠭᠡᠳ ᠭᠡᠯᠡᠪᠠᠯ ᠵᠠᠮᠪᠠᠯᠳᠤᠷᠵᠢ ᠶᠢᠨ ᠪᠦᠭᠦ ᠨᠠᠰᠤᠨ ᠤ ᠣᠢ᠌ᠯᠠ ᠶᠠᠪᠣᠳᠠᠯ᠂ ᠡᠷᠳᠡᠮ ᠰᠢᠡᠵᠢᠯᠡᠭᠡᠨ ᠤ ᠪᠦᠳᠦᠭᠡᠯ ᠪᠣᠯᠤᠨ ᠦᠵᠡᠯ ᠰᠠᠨᠠᠭ᠎ᠠ ᠶᠢ ᠰᠤᠳᠤᠯᠬᠤ᠂ ᠡᠨᠡᠳᠭᠡᠭ᠌ ᠲᠦᠪᠡᠳ ᠮᠤᠩᠭ᠋ᠤᠯ ᠤᠨ ᠰᠤᠳᠤᠯ ᠤᠨ ᠬᠠᠷᠢᠴᠠᠭ᠎ᠠ ᠶᠢ ᠰᠤᠳᠤᠯᠬᠤ᠂ ᠱᠠᠰᠢᠨ ᠤ ᠰᠤᠶᠤᠯ ᠢ ᠰᠤᠳᠤᠯᠬᠤ ᠳᠤ ᠪᠦᠷ ᠡᠷᠳᠡᠮ ᠰᠢᠡᠵᠢᠯᠡᠭᠡᠨ ᠤ ᠴᠢᠬᠤᠯᠠ ᠮᠠᠲ᠋ᠸᠷᠢᠶᠠᠯ ᠢ ᠬᠠᠩᠭ᠋ᠠᠭᠰᠠᠨ ᠪᠠᠢ᠌ᠨ᠎ᠠ》 ᠭᠡᠵᠤ ᠦᠪᠣᠷ ᠮᠤᠩᠭ᠋ᠤᠯ ᠤᠨ ᠡᠮᠨᠡᠯᠭᠡ ᠶᠢᠨ ᠳᠡᠭᠡᠳᠤ ᠰᠤᠷᠭᠠᠭᠤᠯᠢ ᠶᠢᠨ ᠪ᠊·ᠵᠢᠭᠮᠡᠳ ᠫᠷᠤᠹᠧᠰᠰᠤᠷ ᠦᠨᠳᠦᠷ ᠥᠨᠡᠯᠡᠭ᠍ᠰᠡᠨ ᠪᠠᠢ᠌ᠨ᠎ᠠ︕ 《ᠮᠤᠩᠭ᠋ᠤᠯ ᠲᠦᠪᠡᠳ ᠣᠷᠠᠨ ᠵᠤᠬᠢᠶᠠᠯ ᠤᠨ ᠬᠠᠷᠢᠴᠠᠭ᠎ᠠ ᠵᠢᠴᠢ ᠮᠤᠩᠭ᠋ᠤᠯ ᠬᠤᠸᠠᠷᠠᠭ ᠤᠳ ᠤᠨ ᠳᠤᠭᠤᠷᠪᠢᠭᠰᠠᠨ ᠲᠦᠪᠡᠳ ᠣᠷᠠᠨ ᠵᠤᠬᠢᠶᠠᠯ ᠤᠨ ᠰᠤᠳᠤᠯᠭᠠᠨ ᠤ ᠡᠷᠳᠡᠮᠳᠡᠨ ᠠ᠊·ᠡᠷᠳᠡᠨᠢᠪᠠᠳᠡᠷ ᠫᠷᠤᠹᠧᠰᠰᠤᠷ ᠡᠷᠳᠡᠨ ᠤ ᠲᠦᠪᠡᠳ ᠭᠡᠯᠡᠨ ᠤ ᠬᠤᠪᠣᠷ ᠦᠨᠡᠳᠤ ᠰᠤᠷᠪᠣᠯᠵᠢ ᠪᠢᠴᠢᠭ᠌ ᠡᠴᠠ ᠮᠤᠩᠭ᠋ᠤᠯ ᠬᠤᠸᠠᠷᠠᠭ ᠤᠳ ᠤᠨ ᠳᠤᠭᠤᠷᠪᠢᠭᠰᠠᠨ ᠰᠢᠯᠦᠭ᠌ ᠵᠦᠢ᠌ ᠶᠢ ᠣᠷᠴᠢᠭᠤᠯᠬᠤ ᠪᠠ ᠳᠠᠢ᠌ᠯᠪᠣᠷᠢᠯᠠᠨ ᠰᠤᠳᠤᠯᠬᠤ ᠠᠵᠢᠯ ᠳᠤ ᠭᠠᠷᠮᠠᠭᠠᠢ᠌ᠯᠠᠵᠤ᠂ ᠣᠳᠤ ᠶᠢᠨ ᠭᠦᠮᠦᠰ ᠲᠤ ᠮᠠᠰᠢ ᠣᠯᠠᠨ ᠬᠤᠪᠣᠷ ᠴᠤᠬᠠᠭ ᠮᠠᠲ᠋ᠸᠷᠢᠶᠠᠯ ᠬᠠᠩᠭ᠋ᠠᠭᠰᠠᠨ ᠪᠠᠢ᠌ᠨ᠎ᠠ᠃ ᠥᠨᠦᠭᠡᠨ ᠡᠯ᠎ᠡ ᠣᠯᠤᠰ ᠣᠷᠤᠨ ᠡᠴᠠ ᠮᠠᠲ᠋ᠸᠷᠢᠶᠠᠯ ᠴᠤᠭᠯᠠᠭᠤᠯᠵᠤ ᠰᠤᠳᠤᠯᠤᠭᠰᠠᠨ ᠰᠠᠭᠤᠷᠢᠨ ᠳᠤ ᠨᠢ᠋ᠮᠠᠨ ᠳᠣᠢ᠌ᠨ ᠵᠠᠮᠪᠠᠯᠳᠤᠷᠵᠢ ᠶᠢᠨ ᠨᠠᠮᠳᠠᠷ ᠢ ᠣᠷᠴᠢᠭᠤᠯᠤᠨ ᠭᠡᠪᠯᠡᠭᠦᠯᠵᠤ᠂ ᠮᠤᠩᠭ᠋ᠤᠯ ᠡᠮ ᠡᠮᠨᠡᠯᠭᠡ ᠶᠢᠨ ᠣᠬᠠᠭᠠᠨ ᠤ ᠰᠤᠳᠤᠯᠭᠠᠨ ᠤ ᠬᠤᠭᠤᠰᠤᠨ ᠬᠠᠭᠤᠳᠠᠰᠤ ᠶᠢ ᠨᠥᠭᠦᠭ᠍ᠰᠡᠨ ᠪᠠᠢ᠌ᠨ᠎ᠠ》 ᠭᠡᠵᠤ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ ᠪ᠊·ᠭᠡᠷᠡᠯᠳᠤ ᠡᠷᠳᠡᠮᠳᠡᠨ ᠥᠭᠦᠯᠡᠵᠡᠢ᠃

ᠦᠪᠣᠷ ᠮᠤᠩᠭ᠋ᠤᠯ ᠤᠨ ᠶᠡᠭᠡ ᠰᠤᠷᠭᠠᠭᠤᠯᠢ᠂ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ᠂ ᠥᠪᠠᠷᠳᠡᠭᠡᠨ ᠵᠠᠰᠠᠬᠤ ᠣᠷᠤᠨ ᠤ ᠡᠷᠡᠭᠦᠯ ᠬᠠᠮᠠᠭᠠᠯᠠᠯ ᠤᠨ ᠳᠢᠩᠭᠢᠮ ᠪᠣᠯᠤᠨ ᠨᠢ᠋ᠮᠠᠨ ᠬᠤᠰᠢᠭᠤᠨ ᠤ ᠠᠷᠠᠤᠨ ᠤᠨ ᠵᠠᠰᠠᠭ ᠤᠨ ᠣᠷᠳᠤᠨ ᠡᠴᠠ ᠭᠤᠤᠯᠯᠠᠨ ᠡᠷᠭᠢᠯᠡᠭ᠍ᠰᠡᠨ 《ᠪᠦᠭᠦ ᠣᠯᠤᠰ ᠤᠨ ᠠᠩᠬᠠᠳᠤᠭᠠᠷ ᠣᠳᠠᠭᠠᠨ ᠤ ᠵᠠᠮᠪᠠᠯᠳᠤᠷᠵᠢ ᠭᠢᠭᠡᠳ ᠨᠢ᠋ᠮᠠᠨ ᠳᠡᠦᠭᠡ ᠰᠤᠶᠤᠯ ᠤᠨ ᠡᠷᠳᠡᠮ ᠰᠢᠡᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ》 2009 ᠣᠨ ᠤ 11 ᠰᠠᠷ᠎ᠠ ᠵᠢᠨ 28 ᠊᠊᠊᠊᠊᠊᠊᠊᠊᠊᠊᠊᠊᠊᠊ 29 ᠪᠣᠯᠳᠠᠯ᠎ᠠ ᠨᠢ᠋ᠮᠠᠨ ᠬᠤᠰᠢᠭᠤᠨ ᠤ ᠲᠦᠪ ᠳᠠᠴᠢᠠᠳᠠᠯ᠎ᠠ ᠪᠠᠯᠭᠠᠰᠤᠨ ᠳᠤ ᠶᠠᠪᠣᠭᠳᠠᠪᠠ᠃ ᠭᠤᠤᠯᠯᠠᠨ ᠡᠷᠭᠢᠯᠡᠭ᠍ᠰᠡᠨ ᠶᠡᠭᠡ ᠰᠤᠷᠭᠠᠭᠤᠯᠢ ᠪᠠ ᠪᠠᠢ᠌ᠭᠤᠯᠭ᠎ᠠ ᠶᠢᠨ ᠣᠳᠤᠷᠢᠳᠤᠯᠭ᠎ᠠ᠂ ᠡᠷᠳᠡᠮᠳᠡᠳ᠂ ᠣᠷᠢᠭᠳᠠᠭᠰᠠᠨ ᠬᠠᠮᠢᠶ᠎ᠠ ᠪᠦᠭᠦᠢ ᠶᠡᠭᠡ ᠳᠡᠭᠡᠳᠤ ᠳᠤᠮᠳᠠ ᠪᠠᠭ᠎ᠠ ᠰᠤᠷᠭᠠᠭᠤᠯᠢ᠂ ᠰᠤᠳᠤᠯᠭᠠᠨ ᠤ ᠪᠠᠢ᠌ᠭᠤᠯᠭ᠎ᠠ᠂ ᠨᠢᠭᠡᠴᠡ ᠶᠢᠨ ᠡᠷᠳᠡᠮᠳᠡᠳ ᠪᠠᠭᠰᠢᠨᠠᠷ 200 ᠭᠠᠷᠤᠢ ᠭᠦᠮᠤᠨ (ᠡᠭᠢᠨ ᠳᠡᠭᠡᠨ ᠨᠠᠶᠠᠭᠠᠤᠨ ᠭᠦᠮᠤᠨ ᠶᠢᠡᠷ ᠲᠦᠯᠤᠪᠯᠠᠵᠤ ᠭᠡᠨ᠎ᠡ) ᠬᠤᠷᠠᠯ ᠳᠤ ᠣᠷᠤᠯᠴᠠᠪᠠ᠃ ᠬᠤᠷᠠᠯ ᠳᠡᠭᠡᠷ᠎ᠡ ᠨᠢ᠋ᠮᠠᠨ ᠳᠣᠢ᠌ᠨ ᠵᠠᠮᠪᠠᠯᠳᠤᠷᠵᠢ ᠶᠢᠨ ᠮᠤᠩᠭ᠋ᠤᠯ ᠠᠨᠠᠭᠠᠬᠤ ᠣᠬᠠᠭᠠᠨ ᠡᠮ ᠤᠨ ᠣᠬᠠᠭᠠᠨ ᠳᠤ ᠥᠵᠡᠭᠦᠯᠦᠭ᠍ᠰᠡᠨ ᠳᠡᠦᠭᠡᠨ ᠭᠠᠪᠢᠶ᠎ᠠ ᠵᠢᠦᠡᠭᠦᠯ ᠢ ᠦᠨᠡᠯᠠᠨ ᠨᠤᠳᠠᠯᠬᠤ ᠵᠡᠷᠭᠡᠳᠡ ᠨᠢ᠋ᠮᠠᠨ ᠬᠤᠰᠢᠭᠤᠨ ᠤ ᠨᠤᠳᠤᠭ ᠣᠰᠤ ᠳᠡᠦᠭᠡ ᠰᠤᠶᠤᠯ ᠤᠨ ᠳᠤᠬᠠᠢ ᠦᠷᠭᠡᠨ ᠶᠢᠡᠷ ᠰᠤᠳᠤᠯᠠᠨ ᠶᠠᠷᠢᠯᠴᠠᠵᠠᠢ᠃

ᠬᠤᠷᠠᠯ ᠳᠤ ᠳᠡᠪᠰᠢᠭᠦᠯᠦᠭ᠍ᠰᠡᠨ ᠡᠷᠳᠡᠮ ᠰᠢᠡᠵᠢᠯᠡᠭᠡᠨ ᠤ ᠥᠭᠦᠯᠡᠯ ᠤᠳ ᠲᠤ᠄

ᠨᠢᠭᠡ᠂ ᠵᠠᠮᠪᠠᠯᠳᠤᠷᠵᠢ ᠰᠤᠳᠤᠯᠤᠯ ᠊᠊᠊᠊᠊᠊᠊᠊᠊᠊᠊᠊᠊᠊᠊ ᠠ᠊·ᠡᠷᠳᠡᠨᠢᠪᠠᠳᠡᠷ ᠫᠷᠤᠹᠧᠰᠰᠤᠷ ᠤᠨ 《〈ᠨᠢ᠋ᠮᠠᠨ ᠳᠣᠢ᠌ᠨ ᠵᠠᠮᠪᠠᠯᠳᠤᠷᠵᠢ ᠶᠢᠨ ᠨᠠᠮᠳᠠᠷ〉 ᠰᠤᠳᠤᠯᠤᠯ》᠂ ᠵᠢᠴᠢ ᠨᠠᠰᠤᠨ ᠫᠷᠤᠹᠧᠰᠰᠤᠷ᠂ ᠯᠥᠸᠧ ᠮᠦᠷᠠᠨ᠂ ᠰᠢᠷᠤᠪ᠁ ᠨᠡᠷ ᠤᠨ 16 ᠥᠭᠦᠯᠡᠯ

ᠬᠤᠶᠠᠷ᠂ ᠪᠦᠭᠡᠭᠡᠰᠢᠭ᠌ ᠰᠤᠳᠤᠯᠤᠯ ᠊᠊᠊᠊᠊᠊᠊᠊᠊᠊᠊᠊᠊᠊᠊ ᠪᠠ᠊·ᠰᠥᠭᠡ᠂ ᠳᠠᠭᠤᠯᠠ᠁ ᠨᠡᠷ ᠤᠨ 7 ᠥᠭᠦᠯᠡᠯ

ᠭᠤᠷᠪᠠ᠂ ᠳᠤᠷᠤᠨᠠᠲ᠋ᠢᠪ ᠰᠤᠳᠤᠯᠤᠯ ᠊᠊᠊᠊᠊᠊᠊᠊᠊᠊᠊᠊᠊᠊᠊ ᠪᠣᠤ ᠢᠤᠢ ᠴᠢᠩ ᠫᠷᠤᠹᠧᠰᠰᠤᠷ᠁ ᠨᠡᠷ ᠤᠨ 3 ᠥᠭᠦᠯᠡᠯ

ᠳᠦᠷᠪᠠ᠂ ᠳᠡᠦᠭᠡ ᠰᠤᠳᠤᠯᠤᠯ ᠊᠊᠊᠊᠊᠊᠊᠊᠊᠊᠊᠊᠊᠊᠊ ᠪᠤᠶᠠᠨᠳᠡᠭ᠍ᠵᠢᠷᠡᠭᠦ ᠫᠷᠤᠹᠧᠰᠰᠤᠷ᠂ ᠦᠯᠵᠠᠢ᠌ᠳᠤᠭᠳᠠᠬᠤ ᠫᠷᠤᠹᠧᠰᠰᠤᠷ᠂ ᠦᠴᠢᠤᠸᠠᠨ ᠫᠷᠤᠹᠧᠰᠰᠤᠷ᠂ ᠬᠤᠳᠠᠯᠠ ᠳᠡᠭᠡᠳᠤ ᠯᠸᠺᠲ᠋ᠤᠷ᠁ ᠨᠡᠷ ᠤᠨ 13 ᠥᠭᠦᠯᠡᠯ

ᠳᠠᠪᠣ᠂ ᠭᠡᠯᠡ ᠰᠤᠳᠤᠯᠤᠯ ᠊᠊᠊᠊᠊᠊᠊᠊᠊᠊᠊᠊᠊᠊᠊ ᠳᠤᠨᠭᠡ ᠫᠷᠤᠹᠧᠰᠰᠤᠷ᠂ ᠪᠣᠷᠵᠢᠭᠢᠨ ᠪᠠᠳᠮᠠᠠᠤᠤᠠᠰᠠᠷ ᠫᠷᠤᠹᠧᠰᠰᠤᠷ᠂ ᠪ᠊·ᠦᠨᠳᠦᠰᠦ ᠁ ᠨᠡᠷ ᠤᠨ 14 ᠥᠭᠦᠯᠡᠯ

ᠵᠢᠷᠭᠤᠭ᠎ᠠ᠂ ᠣᠷᠠᠨ ᠵᠤᠬᠢᠶᠠᠯ ᠰᠤᠳᠤᠯᠤᠯ ᠊᠊᠊᠊᠊᠊᠊᠊᠊᠊᠊᠊᠊᠊᠊ ᠴᠢᠯᠠᠭᠤ ᠫᠷᠤᠹᠧᠰᠰᠤᠷ᠂ ᠰ·ᠣᠷᠤᠰᠬᠠᠯ ᠫᠷᠤᠹᠧᠰᠰᠤᠷ᠂ ᠪᠣᠶᠠᠠᠳᠤᠭᠳᠠᠬᠤ ᠫᠷᠤᠹᠧᠰᠰᠤᠷ᠂ ᠫ᠊·ᠤᠶᠤᠨᠪᠢᠯᠢᠭ᠌᠂ ᠬᠠᠩᠳᠠᠭᠤᠳ·ᠣᠰᠤᠠᠪᠣᠳᠤᠭ᠁ ᠨᠡᠷ ᠤᠨ 16 ᠥᠭᠦᠯᠡᠯ

ᠳᠤᠯᠤᠭ᠎ᠠ᠂ ᠰᠤᠷᠭᠠᠨ ᠭᠦᠮᠦᠵᠢᠯ ᠰᠤᠳᠤᠯᠤᠯ ᠊᠊᠊᠊᠊᠊᠊᠊᠊᠊᠊᠊᠊᠊᠊ ᠪᠦᠷᠢᠡᠰᠡᠩ ᠣᠠᠴᠠ ᠳᠠᠰ ᠤᠨ ᠪᠠᠭᠰᠢ᠂ ᠤᠷᠡᠡᠪᠢᠯᠢᠭ᠌ ᠁ ᠨᠡᠷ ᠤᠨ 4 ᠥᠭᠦᠯᠡᠯ ᠪᠣᠢ᠃

ᠡᠳᠡᠭᠡᠷ ᠨᠠᠶᠠᠭᠠᠳ ᠥᠭᠦᠯᠡᠯ ᠡᠴᠠ ᠭᠤᠤᠯᠳᠠᠯᠭ᠎ᠠ ᠲᠡᠶ ᠬᠤᠷᠢᠭᠠᠤᠨ ᠢ ᠬᠤᠷᠠᠯ ᠳᠤ ᠳᠡᠪᠰᠢᠭᠦᠯᠤᠨ ᠣᠩᠰᠢᠭᠰᠠᠨ ᠪᠦᠭᠡᠳ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ᠂ ᠦᠨᠳᠦᠰᠦᠳᠠᠨ ᠤ ᠣᠤᠠᠬ᠎ᠠ ᠣᠷᠠᠯᠢᠭ ᠤᠨ ᠳᠠᠭᠠᠭᠤᠯᠤᠭᠴᠢ᠂ ᠴᠤᠭᠴᠠᠯᠠᠭᠴᠢ᠂ ᠨᠢ᠋ᠮᠠᠨ ᠨᠤᠳᠤᠭ ᠡᠴᠠ ᠴᠤᠯᠭᠠᠷᠠᠨ ᠭᠠᠷᠤᠭᠰᠠᠨ ᠨᠠᠷᠠᠳᠤ ᠡᠷᠳᠡᠮᠳᠡᠨ᠂ ᠵᠤᠬᠢᠶᠠᠯᠴᠢ᠂ ᠣᠨᠤᠯᠴᠢ ᠪ᠊·ᠭᠡᠷᠡᠯᠳᠤ 《ᠨᠢ᠋ᠮᠠᠨ ᠬᠤᠰᠢᠭᠤᠨ ᠤ ᠠᠯᠳᠠᠷᠳᠤ ᠪᠢᠴᠢᠭ᠌ ᠤᠨ ᠭᠦᠮᠦᠰ ᠤᠨ ᠳᠤᠬᠠᠢ ᠳᠤᠪᠴᠢ ᠳᠤᠭᠠᠴᠢᠯ》 ᠭᠡᠮᠡᠭᠦ ᠰᠠᠳᠤᠪ ᠶᠢᠡᠷ ᠳᠤᠰᠬᠠᠢ ᠢᠯᠡᠳᠭᠡᠯ ᠳᠠᠯᠪᠢᠪᠠ᠃


ᠵᠤᠬᠢᠶᠠᠭᠴᠢ ᠶᠢᠨ ᠬᠠᠶ‍ᠢᠭ᠄ ᠨᠢ᠋ᠮᠠᠨ ᠬᠤᠰᠢᠭᠤ

ᠵᠤᠬᠢᠶᠠᠭᠴᠢ᠄ ᠠᠯᠢᠮᠠᠨ ᠬᠤᠳᠠᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠬᠢᠮ ᠴᠤᠤᠲᠠᠳ
ᠳᠠᠷᠤᠮ᠄ 5222
ᠴᠠᠭ᠄ 2010 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ