ᠨᠡᠪᠲᠡᠷᠡᠨ ᠤᠷᠤᠬᠤ
ᠴᠠᠭᠠᠨ ᠮᠦᠷᠠᠨ ᠤ ᠭᠦᠪᠠᠭᠡᠨ ᠳ᠋ᠤ

ᠣᠷᠤᠰᠬᠠᠯ ᠳᠤᠩᠭ᠋ᠠᠯᠠᠭ ᠴᠠᠭᠠᠨ ᠮᠦᠷᠠᠨ

ᠲ᠋ᠠᠯ᠎ᠠ ᠶᠢ ᠵᠦᠰᠤᠨ ᠴᠠᠢ᠌ᠯᠵᠠᠭᠠᠤᠨ

ᠣᠭᠠᠯᠵᠠ ᠭᠡ ᠲᠡᠶ ᠳᠤᠷᠳᠤᠩ ᠠᠳᠠᠯᠢ

ᠰᠠᠷᠠᠭᠤᠯ ᠴᠠᠢ᠌ᠳᠠᠮ ᠢ ᠡᠮᠵᠢᠶᠡᠷᠢᠯᠡᠭᠦ ᠳᠤ

ᠤᠭ᠍ᠶᠤ ᠱᠢᠷᠤ ᠰᠢᠭ ᠪᠠᠶᠠᠨ ᠰᠥᠷᠦᠭ᠌

ᠨᠤᠮᠢᠨ ᠳᠠᠠᠵᠢᠨ ᠳᠤ ᠪᠠᠯᠴᠢᠭᠡᠷᠯᠡᠨ

ᠣᠷᠢ ᠵᠠᠯᠠᠭᠤ ᠶᠢᠨ ᠢᠨᠠᠭ ᠤᠨ ᠪᠣᠯᠵᠤᠭ᠎ᠠ

ᠲ᠋ᠡᠭᠦᠨ ᠤ ᠳᠡᠷᠭᠡᠳᠡ ᠬᠤᠤᠰᠯᠠᠨ᠎ᠠ᠃

ᠭᠦᠭ᠍ᠵᠢᠭᠦᠨ ᠰᠡᠷᠭᠦᠯᠡᠩ ᠴᠤᠪᠣᠭᠤᠯᠢᠭ ᠵᠠᠯᠠᠭᠤ

ᠬᠠᠢ᠌ᠷ᠎ᠠ ᠶᠢᠨ ᠬᠠᠷᠠᠴᠠ ᠪᠠᠨ ᠬᠠᠶᠠᠬᠤ ᠳ᠋ᠤ

ᠭᠦᠳᠡᠭᠡᠪᠦᠷᠢ ᠵᠠᠩ ᠲᠡᠶ ᠢᠴᠢᠮᠡᠳᠡᠭᠡᠢ ᠭᠡᠦᠭᠡᠨ

ᠬᠠᠷᠠᠭ᠎ᠠ ᠪᠠᠨ ᠰᠢᠯᠵᠢᠭᠦᠯᠤᠨ ᠢᠨᠢᠶᠡᠮᠰᠦᠭᠯᠡᠨ᠎ᠡ᠃

ᠭᠦᠩᠭᠡᠨ ᠳᠡᠭ᠍ᠵᠢᠨ ᠠᠯᠠᠭ ᠡᠷᠪᠠᠭᠡᠢ

ᠠᠳᠠᠭ᠎ᠠ ᠭᠦᠳᠡᠯᠤᠨ ᠰᠥᠯᠵᠢᠯᠳᠦᠭᠡᠤᠨ

ᠭᠦᠭᠡᠪᠳᠦᠷ ᠶᠠᠭᠠᠨ ᠴᠡᠴᠡᠭ᠌ ᠤᠨ ᠳᠤᠮᠳᠠ

ᠬᠤᠤᠰ ᠬᠤᠤᠰ ᠶᠢᠡᠷ ᠴᠡᠩᠭᠡᠯᠳᠦᠨ᠎ᠡ᠃

ᠬᠤᠷᠴᠢᠭᠢᠨᠠᠨ ᠣᠷᠤᠰᠬᠤ ᠮᠦᠷᠠᠨ ᠤ ᠣᠷᠤᠰᠬᠠᠯ

ᠨᠠᠢ᠌ᠷᠠᠯ ᠭᠦᠭ᠍ᠵᠢᠮ ᠡᠭᠦᠰᠭᠡᠨ

ᠬᠤᠩᠭ᠋ᠤᠷ ᠬᠤᠶᠠᠷ ᠤᠨ ᠰᠠᠤᠠᠭᠢᠯ ᠤᠨ ᠰᠢᠵᠢᠮ ᠢ

ᠢᠷᠠᠭᠤ ᠡᠭᠡᠰᠢᠭ᠌ ᠶᠢᠡᠷ ᠴᠢᠪᠬᠠᠳᠠᠨ᠎ᠠ

ᠬᠤᠶᠠᠷ ᠵᠠᠯᠠᠭᠤ ᠶᠢᠨ ᠢᠨᠠᠭ ᠤᠨ ᠶᠠᠷᠢᠶ᠎ᠠ

ᠢᠪᠢᠯᠦᠭ᠍ᠰᠡᠨ ᠰᠥ᠋ ᠰᠢᠭ᠌ ᠣᠠᠳᠤᠷᠤᠭᠠᠤᠨ

ᠬᠤᠵᠢᠮ ᠢᠷᠡᠭᠡᠳᠦᠢ ᠶᠢᠨ ᠰᠠᠢ᠌ᠬᠠᠨ ᠭᠦᠰᠡᠯᠡᠩ ᠶᠢᠡᠨ

ᠰᠠᠤᠠᠭᠢᠯ ᠠᠭᠤᠵᠢᠷᠠᠳᠠᠯ᠎ᠠ ᠳᠡᠯᠭᠡᠨ᠎ᠡ᠃

ᠣᠯᠠᠯᠵᠠᠨ ᠳᠡᠯᠭᠡᠷᠡᠭᠦ ᠴᠡᠴᠡᠭ᠌ ᠤᠨ ᠭᠡᠯᠳᠡᠰ

ᠢᠨᠠᠭ ᠤᠨ ᠥᠯᠢᠭᠡᠷ ᠲᠤ ᠰᠤᠭᠳᠤᠭᠤᠷᠠᠨ

ᠣᠷᠢᠬᠠᠨ ᠰᠠᠯᠭᠢᠨ ᠤ ᠡᠶᠡᠪᠠᠷᠭᠦᠤ ᠠᠶ᠎ᠠ ᠪᠠᠷ

ᠨᠠᠭᠢᠰ ᠨᠠᠭᠢᠰ ᠪᠦᠵᠢᠭᠯᠡᠨ᠎ᠡ᠃

ᠣᠶᠠᠩᠭ᠋ᠠᠳᠤ ᠰᠠᠢ᠌ᠬᠠᠨ ᠢᠨᠠᠭ ᠤᠨ ᠳᠠᠭᠤᠤ ᠪᠠᠨ

ᠬᠤᠤᠰ ᠵᠠᠯᠠᠭᠤ ᠬᠠᠩᠭᠢᠨᠠᠭᠤᠯᠬᠤ ᠳᠤ

ᠣᠶᠠᠬᠠᠨ ᠵᠠᠩᠳᠠᠢ ᠠᠩᠭᠢᠷ ᠭᠠᠯᠠᠭᠤ

ᠲ᠋ᠡᠷᠭᠡᠳᠡᠭᠦᠷ ᠨᠢ ᠡᠷᠭᠢᠯᠳᠤᠨ ᠣᠶᠠᠷᠠᠨ᠎ᠠ᠃

ᠡᠶᠡᠯᠳᠡᠭ᠌ ᠭᠡᠦᠭᠡᠨ ᠤ ᠳᠤᠷᠮᠤᠭᠤᠷ ᠨᠢᠳᠤᠨ ᠳᠤ

ᠲ᠋ᠤᠷᠠᠯᠠᠯ ᠤᠨ ᠣᠴᠢ ᠭᠢᠯᠠᠯᠵᠠᠭᠠᠤᠨ

ᠡᠯᠢᠭᠡᠰᠡᠭ᠌ ᠰᠠᠢ᠌ᠬᠠᠨ ᠢᠨᠢᠶᠡᠮᠰᠦᠭᠯᠡᠯ ᠤᠨ ᠴᠢᠷᠠᠢ ᠳ᠋ᠤᠨᠢ

ᠬᠤᠤᠰ ᠬᠤᠠᠳᠠᠭ᠎ᠠ ᠮᠠᠯᠳᠠᠯᠵᠠᠨ᠎ᠠ᠃

ᠡᠷᠢᠶᠡᠯᠡᠨ ᠰᠤᠯᠤᠩᠭ᠋ᠠᠷᠠᠭᠰᠠᠨ ᠴᠡᠴᠡᠭ᠌ ᠤᠨ ᠳᠤᠮᠳᠠ

ᠬᠤᠨᠢᠴᠢᠨ ᠭᠡᠦᠭᠡᠨ ᠢᠰᠪᠠᠯᠵᠡᠭᠦ ᠳᠤ

ᠣᠢ᠌ᠷᠠᠳᠤᠨ ᠰᠠᠭᠤᠭᠰᠠᠨ ᠠᠳᠤᠭᠤᠴᠢᠨ ᠵᠠᠯᠠᠭᠤ ᠶᠢᠨ

ᠰᠠᠤᠠᠭᠢᠯ ᠨᠢ ᠰᠥᠷᠡᠭᠡᠢ ᠳᠤᠭᠳᠤᠯᠤᠨ᠎ᠠ᠃

ᠳᠤᠩᠭ᠋ᠠᠯᠠᠭ ᠭᠡᠭᠡᠡᠴᠢᠷ ᠴᠡᠴᠡᠷᠯᠢᠭ᠌ ᠪᠠᠢ᠌ᠭᠠᠯᠢ ᠳᠤ

ᠭᠡᠷᠡᠯ ᠵᠢᠷᠤᠭ ᠪᠠᠭᠤᠯᠭᠠᠬᠤ ᠰᠢᠭ

ᠳᠤᠨᠤᠯᠵᠠᠭᠰᠠᠨ ᠮᠦᠷᠠᠨ ᠤ ᠵᠥᠭᠡᠯᠡᠨ ᠠᠷ ᠲᠤ

ᠬᠤᠶᠠᠷ ᠰᠡᠭᠦᠳᠡᠷ ᠨᠢᠭᠡᠳᠭᠦ ᠳᠤ

ᠬᠤᠷᠤᠮᠬᠠᠨ᠎ᠠ ᠪᠣᠰᠬᠤ ᠳᠤᠯᠭᠢᠨ ᠳᠠᠪᠠᠯᠭᠠᠨ

ᠡᠪᠭᠢᠰ ᠭᠦᠪᠭᠢᠰ ᠮᠤᠰᠭᠢᠷᠠᠭᠰᠠᠭᠠᠷ

ᠬᠠᠨᠢᠯᠠᠭᠰᠠᠨ ᠵᠠᠯᠠᠭᠤᠰ ᠤᠨ ᠬᠤᠩᠭ᠋ᠤᠷ ᠪᠠᠷ᠎ᠠ ᠶᠢ

ᠭᠦᠭᠡᠰᠦᠷᠡᠭᠦ ᠳᠤᠯᠭᠢᠶᠠᠨ ᠶᠢᠡᠷ ᠪᠦᠵᠢᠭᠯᠡᠭᠦᠯᠦᠨ᠎ᠡ᠃


1981.11

ᠵᠤᠬᠢᠶᠠᠭᠴᠢ᠄ ᠵᠠᠩᠮᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2898
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ