☆ ᠡᠰᠨᠢᠯ
ᠰᠡᠳᠭᠢᠯ ᠤᠨ ᠵᠤᠭᠤᠭ
《ᠠᠷᠭᠠᠰᠤᠨ》 ᠮᠠᠷᠭᠤᠭᠠᠨ ᠤ ᠰᠠᠳᠤᠪ ᠶᠠᠷᠢᠯᠴᠠᠬᠤ ᠪᠠᠷ
ᠠᠯᠤᠰ ᠤᠨ ᠠᠯᠤᠰ ᠡᠴᠠ ᠠᠠᠳᠠ ᠮᠢᠨᠢ ᠢᠷᠠᠯ᠎ᠠ
ᠠᠷᠠᠵᠠᠨ ᠰᠢᠷᠡᠭᠡ ᠨᠢᠭᠡ ᠶᠢ ᠦᠷᠤᠵᠤ
ᠠᠭᠤᠵᠢᠷᠠᠨ ᠠᠭᠤᠵᠢᠷᠠᠳᠠᠯ᠎ᠠ ᠵᠤᠭᠤᠭ ᠳᠡᠯᠭᠡᠯ᠎ᠡ
ᠠᠯᠢᠶ᠎ᠠ ᠵᠠᠢ᠌ᠳᠠᠩ ᠵᠠᠯᠠᠭᠤ ᠨᠠᠰᠤ ᠪᠠᠨ
ᠠᠷᠢᠭᠢ ᠳᠠᠷᠠᠰᠤᠨ ᠳᠤ ᠱᠤᠩᠪᠠᠭᠰᠠᠨ ᠳᠡᠦᠭᠡ ᠪᠠᠨ
ᠠᠪᠠᠭᠠᠢ ᠬᠡᠦᠬᠡᠳ ᠲᠤ ᠪᠠᠨ ᠣᠰᠤᠯᠳᠠᠭᠰᠠᠨ ᠥᠩᠭᠡᠷᠡᠯᠳᠡ ᠪᠠᠨ
ᠠᠵᠢᠯ ᠣᠢ᠌ᠯᠠᠰ ᠤᠨ ᠠᠯᠳᠠᠰᠢ ᠣᠨᠤᠰᠢ ᠪᠠᠨ
ᠠᠮᠢᠳᠤᠷᠠᠯ ᠣᠠᠳᠤᠷᠤᠯᠭ᠎ᠠ ᠶᠢᠨ ᠨᠤᠭᠤᠷᠠᠯ ᠪᠦᠳᠦᠷᠢᠯ ᠵᠢᠠᠨ
ᠠᠭᠠᠰᠢ ᠵᠠᠩ ᠤᠨ ᠴᠠᠯᠠᠭᠠᠢ ᠴᠦᠯᠳᠤᠰ ᠵᠢᠠᠨ
ᠠᠶᠤᠤᠯᠢᠬᠠᠢ ᠴᠡᠭᠡᠵᠢ ᠪᠠᠨ ᠣᠩᠭ᠋ᠣᠢ᠌ᠨ ᠣᠩᠭ᠋ᠣᠢ᠌ᠳᠠᠯ᠎ᠠ
ᠠᠭ᠎ᠠ ᠶᠢᠨ ᠭᠦᠤ ᠳᠤ ᠳᠠᠢ᠌ᠯᠤᠨ ᠳᠡᠢ᠌ᠯᠦᠭ᠍ᠳᠡᠳᠡᠯᠡ
ᠠᠷᠢᠭᠤᠨ ᠬᠤᠷᠸ᠎ᠠ ᠶᠢ ᠮᠠᠭᠳᠠᠨ ᠪᠠᠢ᠌ᠵᠤ ᠵᠤᠭᠤᠭᠳᠠᠭᠰᠠᠨ ᠶᠤᠮ
ᠠᠯᠠᠭ ᠪᠠᠷᠠᠭᠠᠨ ᠢ ᠨᠢ ᠬᠠᠷᠢᠶᠠᠨ ᠪᠠᠢ᠌ᠵᠤ ᠵᠤᠭᠤᠭᠳᠠᠭᠰᠠᠨ ᠶᠤᠮ
ᠠᠭᠠᠷ ᠤᠨ ᠨᠠᠷᠠ ᠶᠢ ᠳᠡᠭ᠍ᠳᠡᠨ ᠳᠡᠭ᠍ᠳᠡᠳᠡᠯᠡ ᠵᠤᠭᠤᠭᠳᠠᠭᠰᠠᠨ ᠶᠤᠮ
ᠠᠠᠳᠠ ᠶᠢᠨ ᠵᠢᠷᠤᠮ ᠶᠢᠡᠷ ᠣᠶᠠᠷᠠᠨ ᠣᠶᠠᠷᠠᠨ ᠵᠤᠭᠤᠭᠳᠠᠭᠰᠠᠨ ᠶᠤᠮ ᠡ᠃
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2652
ᠴᠠᠭ᠄ 2012 ᠤᠨ ᠤ 07 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ