ᠨᠡᠪᠲᠡᠷᠡᠨ ᠤᠷᠤᠬᠤ
ᠭᠠᠰᠢᠭᠤᠨ ᠠᠮᠳᠠᠢ᠌ᠬᠠᠨ ᠳᠤᠷᠠᠯᠠᠯ ᠤᠨ ᠳᠠᠭᠤᠤ ᠨᠤᠭᠤᠳ

ᠨᠠᠮᠢ᠋ᠢ ᠭᠡᠨ ᠣᠢ᠌ᠯᠭᠠᠨ᠎ᠠ


ᠨᠤᠷᠠᠭᠰᠠᠨ ᠭᠤᠤᠯ ᠤᠨ ᠡᠷᠭᠢ ᠶᠢ

ᠨᠥᠭᠦᠨ ᠰᠡᠷᠭᠦᠭᠡᠵᠤ ᠪᠣᠯᠤᠨᠠᠤ

ᠡ᠊ᠨᠳᠡᠭ᠍ᠰᠡᠨ ᠬᠠᠢ᠌ᠷ᠎ᠠ ᠶᠢᠨ ᠰᠢᠷᠬ᠎ᠠ ᠶᠢ

ᠡᠮᠨᠡᠵᠤ ᠡᠳᠡᠭᠡᠭᠡᠵᠤ ᠪᠣᠯᠤᠨᠠᠤ

ᠵᠢᠷᠦᠭᠡ ᠶᠢ ᠨᠠᠪᠳᠠᠯᠤᠨ ᠴᠤᠭᠤᠯᠤᠭᠰᠠᠨ

ᠮᠢᠨᠤ ᠭᠠᠰᠢᠭᠤᠨ ᠭᠤᠨᠢᠭ ᠳ᠋ᠠ

ᠡᠩ ᠦᠷᠭᠡᠨ ᠬᠤᠷᠸ᠎ᠠ ᠳᠤ

ᠨᠠᠮᠢ᠋ᠢ ᠭᠡᠨ ᠣᠢ᠌ᠯᠭᠠᠨ᠎ᠠ


ᠭᠠᠯᠳᠠᠢ ᠨᠠᠰᠤᠨ ᠤ ᠬᠤᠭᠤᠰ ᠲᠤ

ᠢᠨᠠᠭ ᠤᠨ ᠮᠠᠨᠠᠨ ᠳᠤ ᠳᠦᠭᠡᠷᠢᠵᠤ

ᠭᠠᠩᠭ᠋ᠠᠩ ᠬᠠᠢ᠌ᠷ᠎ᠠ ᠶᠢᠨ ᠴᠡᠴᠡᠭ᠌ ᠶᠢᠡᠨ

ᠳᠤᠷᠠᠯᠠᠯ ᠤᠨ ᠭᠢᠷᠠᠭᠤᠨ ᠳᠤ ᠴᠤᠭᠢᠭᠤᠯᠤᠭᠰᠠᠨ

ᠵᠢᠷᠦᠭᠡ ᠶᠢ ᠨᠠᠪᠳᠠᠯᠤᠨ ᠴᠤᠭᠤᠯᠤᠭᠰᠠᠨ

ᠮᠢᠨᠤ ᠭᠠᠰᠢᠭᠤᠨ ᠭᠤᠨᠢᠭ ᠳ᠋ᠠ

ᠡᠩ ᠦᠷᠭᠡᠨ ᠬᠤᠷᠸ᠎ᠠ ᠳᠤ

ᠨᠠᠮᠢ᠋ᠢ ᠭᠡᠨ ᠣᠢ᠌ᠯᠭᠠᠨ᠎ᠠ


ᠬᠠᠳᠠᠭᠤ ᠬᠠᠤᠯᠢ ᠲᠡᠶ ᠣᠷᠴᠢᠯᠠᠩ ᠳᠤ

ᠬᠠᠢ᠌ᠷ᠎ᠠ ᠪᠠᠨ ᠪᠣᠰᠠᠨᠢᠭᠤᠯᠤᠭᠰᠠᠨ ᠮᠠᠭᠤᠶᠠᠳᠤ ᠪᠢ

ᠬᠠᠮᠤᠭ ᠢ ᠨᠥᠭᠦᠵᠤ ᠪᠣᠯᠳᠠᠭ ᠴᠤ

ᠬᠠᠢ᠌ᠷ᠎ᠠ ᠶᠢ ᠨᠥᠭᠦᠵᠤ ᠪᠣᠯᠬᠤ ᠦᠭᠡᠶ

ᠵᠢᠷᠦᠭᠡ ᠶᠢ ᠨᠠᠪᠳᠠᠯᠤᠨ ᠴᠤᠭᠤᠯᠤᠭᠰᠠᠨ

ᠮᠢᠨᠤ ᠭᠠᠰᠢᠭᠤᠨ ᠭᠤᠨᠢᠭ ᠳ᠋ᠠ

ᠡᠩ ᠦᠷᠭᠡᠨ ᠬᠤᠷᠸ᠎ᠠ ᠳᠤ

ᠨᠠᠮᠢ᠋ᠢ ᠭᠡᠨ ᠣᠢ᠌ᠯᠭᠠᠨ᠎ᠠ


ᠴᠢᠮᠢ᠋ᠢ ᠪᠠᠨ ᠳᠠᠭᠤᠯᠠᠵᠤ ᠯᠠ ᠶᠠᠪᠣᠨ᠎ᠠ (ᠲ᠋ᠠᠭᠤᠨ ᠤ ᠥᠭᠡ)


ᠵᠢᠰᠤ ᠶᠢ ᠴᠢᠨᠢ ᠬᠠᠷᠠᠭᠠᠤᠨ ᠬᠠᠨᠤᠬᠤ ᠦᠭᠡᠶ

ᠵᠡᠭᠦᠳᠤᠨ ᠳᠠᠭᠢᠨᠢ ᠶᠤᠮ ᠡ ᠴᠢ ᠮᠢᠨᠢ

ᠵᠠᠩ ᠳᠤ ᠴᠢᠨᠢ ᠳᠠᠰᠤᠭᠠᠤᠨ ᠭᠤᠨᠢᠬᠤ ᠦᠭᠡᠶ

ᠵᠢᠷᠦᠭᠡᠨ ᠴᠡᠴᠡᠭ᠌ ᠶᠤᠮ ᠡ ᠴᠢ ᠮᠢᠨᠢ

ᠥᠭᠦᠰᠢ ᠦᠭᠡᠶ ᠮᠥᠩᠭᠡ ᠶᠢᠨ ᠬᠠᠢ᠌ᠷ᠎ᠠ ᠪᠠᠷ

ᠡᠳᠦᠷ ᠬᠤᠨᠤᠭ ᠤᠳ ᠢ ᠳᠤᠭᠤᠯᠵᠤ

ᠦᠨᠡᠨ ᠬᠠᠢ᠌ᠷᠠᠳᠤ ᠴᠢᠮᠢ᠋ᠢ ᠪᠠᠨ

ᠦᠷᠭᠦᠯᠵᠢ ᠳᠠᠭᠤᠯᠠᠵᠤ ᠯᠠ ᠶᠠᠪᠣᠶ᠎ᠠ ᠳ᠋ᠠ


ᠲ᠋ᠠᠭᠤᠤ ᠶᠢ ᠴᠢᠨᠢ ᠰᠤᠨᠤᠰᠤᠭᠠᠤᠨ ᠣᠢ᠌ᠤᠠᠬᠤ ᠦᠭᠡᠶ

ᠳᠠᠭᠤᠳᠤ ᠭᠤᠷᠭᠤᠤᠯᠳᠠᠢ ᠥᠭᠡᠷ᠎ᠡ ᠦᠦ ᠳ᠋ᠠ ᠴᠢ

ᠳᠡᠷᠭᠡᠳᠡ ᠪᠠᠢ᠌ᠬᠤᠯ᠎ᠠ ᠴᠢᠨᠢ ᠳᠠᠭᠠᠷᠠᠬᠤ ᠦᠭᠡᠶ

ᠳᠡᠷᠭᠡᠯ ᠨᠠᠷᠠ ᠪᠢᠰᠢᠤ ᠳ᠋ᠠ ᠴᠢ

ᠦᠳᠡᠯᠤᠰᠢ ᠦᠭᠡᠶ ᠮᠥᠩᠭᠡ ᠶᠢᠨ ᠬᠠᠢ᠌ᠷ᠎ᠠ ᠪᠠᠷ

ᠡᠳᠦᠷ ᠬᠤᠨᠤᠭ ᠤᠳ ᠢ ᠦᠳᠡᠵᠤ

ᠦᠨᠡᠨ ᠬᠠᠢ᠌ᠷᠠᠳᠠᠢ ᠴᠢᠮᠢ᠋ᠢ ᠪᠠᠨ

ᠦᠷᠭᠦᠯᠵᠢ ᠳᠠᠭᠤᠯᠠᠵᠤ ᠯᠠ ᠶᠠᠪᠣᠶ᠎ᠠ ᠳ᠋ᠠ


ᠪᠦᠳᠤᠨ ᠪᠠᠶ᠎ᠠ ᠪᠠᠨ ᠠᠩᠭᠢᠯᠵᠤ

ᠪᠦᠯᠳᠦᠭᠦᠷ ᠦᠷᠠᠰ ᠶᠢᠡᠨ ᠭᠠᠷᠭᠠᠠᠠᠰᠠᠨ

ᠪᠦᠭ᠍ᠳᠦᠭᠦᠷ ᠡᠮᠡᠭᠡᠨ ᠪᠣᠯᠤᠭᠰᠠᠨ ᠴᠤ

ᠪᠢ ᠴᠢᠨᠤᠭᠢ ᠪᠠᠨ ᠳᠠᠶᠠᠭ ᠶᠤᠮ ᠰᠢᠤ

ᠬᠠᠭᠤᠴᠢᠷᠠᠰᠢ ᠦᠭᠡᠶ ᠮᠥᠩᠭᠡ ᠶᠢᠨ ᠬᠠᠢ᠌ᠷ᠎ᠠ ᠪᠠᠷ

ᠣᠨ ᠵᠢᠯ ᠤᠳ ᠢ ᠡᠯᠡᠭᠡᠵᠤ

ᠦᠨᠡᠨ ᠬᠠᠢ᠌ᠷᠠᠳᠠᠢ ᠴᠢᠮᠢ᠋ᠢ ᠪᠠᠨ

ᠦᠨᠢᠳᠠ ᠳᠠᠭᠤᠯᠠᠵᠤ ᠯᠠ ᠶᠠᠪᠣᠶ᠎ᠠ ᠳ᠋ᠠ


ᠵᠡᠭᠦᠳᠤᠨ ᠠᠮᠠᠷᠠᠭ


ᠪᠣᠳᠤᠯ ᠳᠤᠮᠳᠠ ᠨᠢᠳᠤ ᠪᠠᠷ ᠰᠢᠷᠳᠡᠭᠦ ᠴᠢᠨᠢ ᠵᠢᠭ᠍ᠳᠡᠢ

ᠪᠣᠷᠤ ᠵᠢᠷᠦᠭᠡ ᠶᠢ ᠮᠢᠨᠢ ᠪᠣᠯᠭᠢᠭᠤᠯᠤᠭᠠᠤᠨ ᠣᠷᠭᠢᠳᠠᠭ ᠴᠢᠨᠢ ᠰᠦᠷᠳᠠᠢ

ᠪᠠᠢ᠌ᠰᠭᠢᠵᠤ ᠪᠠᠢ᠌ᠭᠠᠤᠨ ᠵᠡᠭᠦᠳᠤᠨ ᠳᠤ ᠪᠠᠭᠤᠬᠤ ᠴᠢᠨᠢ ᠬᠤᠷᠳᠤᠨ

ᠪᠣᠷᠤᠭᠠᠨ ᠤ ᠡᠭᠦᠯᠡ ᠰᠢᠭ᠌ ᠮᠠᠷᠭᠠᠰᠢ ᠨᠢ ᠠᠷᠢᠯᠴᠢᠬᠠᠳᠠᠭ ᠴᠢᠨᠢ ᠳᠦᠷᠭᠡᠨ

ᠮᠦᠷᠦᠭᠡᠳᠦᠯ ᠳᠤᠳᠤᠷ᠎ᠠ ᠣᠷᠤᠭᠤᠯ ᠶᠢᠡᠷ ᠥᠨᠦᠰᠳᠡᠭ᠌ ᠴᠢᠨᠢ ᠭᠠᠯ

ᠮᠤᠩᠭ᠋ᠤᠯ ᠵᠢᠷᠦᠭᠡ ᠶᠢ ᠮᠢᠨᠢ ᠬᠠᠢ᠌ᠷ᠎ᠠ ᠪᠠᠷ ᠬᠠᠢ᠌ᠯᠠᠭᠤᠯᠴᠢᠬᠠᠳᠠᠭ ᠴᠢᠨᠢ ᠲᠦᠯᠤ

ᠮᠢᠨᠤᠭᠢ ᠭᠡᠵᠤ ᠨᠠᠮᠢ᠋ᠢ ᠪᠠᠨ ᠬᠠᠷᠠᠮᠨᠠᠳᠠᠭ ᠴᠢᠨᠢ ᠰᠦᠷ

ᠮᠡᠯᠮᠡᠯᠵᠡᠭᠦᠯᠤᠨ ᠠᠰᠬᠠᠷᠠᠭᠤᠯᠤᠭᠠᠤᠨ ᠨᠠᠮᠢ᠋ᠢ ᠪᠠᠨ ᠵᠤᠪᠠᠭᠠᠳᠠᠭ ᠴᠢᠨᠢ ᠭᠦᠷ

ᠣᠶᠤᠨ ᠳᠤᠳᠤᠷ᠎ᠠ ᠰᠦ᠋ ᠪᠠᠷ ᠬᠠᠩᠬᠤᠯᠳᠠᠭ ᠴᠢᠨᠢ ᠪᠠᠷᠭᠡ

ᠣᠭᠳᠤ ᠬᠠᠳᠠᠰᠢ ᠦᠭᠡᠶ ᠴᠡᠴᠡᠭ᠌ ᠶᠢᠡᠷ ᠭᠠᠩᠬᠠᠳᠠᠭ ᠴᠢᠨᠢ ᠡᠷᠭᠡ

ᠣᠳᠤᠨ ᠤ ᠳᠤᠤᠷ᠎ᠠ ᠳᠠᠭᠤᠤ ᠳᠠᠭᠤᠯᠠᠬᠤ ᠴᠢᠨᠢ ᠭᠤᠶᠤ

ᠣᠷᠴᠢᠯᠠᠩ ᠡᠴᠡ ᠬᠠᠢ᠌ᠵᠤ ᠣᠯᠳᠠᠮ᠎ᠠ ᠦᠭᠡᠶ ᠴᠢᠨᠢ ᠳᠤᠳᠤ


ᠶᠠᠭᠤᠨ ᠪᠣᠯᠪᠠ


ᠦᠴᠦᠭ᠍ᠡᠳᠦᠷ ᠦᠳᠡᠰᠢ ᠶᠢᠨ ᠮᠦᠩᠭᠦᠨ ᠰᠠᠷᠠ

ᠦᠷ ᠴᠠᠢ᠌ᠳᠠᠯ᠎ᠠ ᠣᠭᠢᠯᠠᠵᠤ ᠬᠤᠨᠤᠪᠠ

ᠦᠨᠡᠨ ᠬᠠᠢ᠌ᠷ᠎ᠠ ᠶᠢᠨ ᠨᠢᠯᠪᠣᠰᠤ ᠠᠰᠬᠠᠷᠠᠪᠠ ᠭᠡᠵᠤ

ᠦᠪᠡᠷ ᠤᠨ ᠡᠷᠭᠡ ᠦᠭᠡᠢ ᠰᠠᠷᠠᠵᠤ ᠪᠣᠳᠤᠯ᠎ᠠ

ᠰᠠᠷᠠ ᠰᠢᠭ ᠬᠠᠭᠠᠰᠷᠠᠭᠠᠤᠨ ᠳᠡᠷᠭᠡᠯᠰᠢᠳᠡᠭ᠌

ᠬᠠᠭᠠᠴᠠᠬᠤ ᠠᠭᠤᠯᠵᠠᠬᠤ ᠶᠢᠨ ᠣᠢ᠌ᠯᠠᠷᠳᠠᠢ ᠬᠤᠷᠸ᠎ᠠ

ᠰᠡᠳᠬᠢᠯ ᠤᠨ ᠮᠢᠨᠢ ᠬᠤᠩᠭ᠋ᠤᠷ ᠬᠤᠯᠠ ᠳᠤ ᠰᠠᠭᠤᠳᠠᠭ ᠰᠢᠤ

ᠬᠠᠷᠢᠵᠤ ᠢᠷᠡᠳᠡᠭ᠌ ᠦᠭᠡᠶ ᠶᠠᠭᠤᠨ ᠪᠣᠯᠪᠠ


ᠡᠨᠡ ᠦᠳᠡᠰᠢ ᠶᠢᠨ ᠮᠦᠩᠭᠦᠨ ᠰᠠᠷᠠ

ᠡᠥᠨᠡᠭᠡᠷᠭᠡᠨ ᠪᠠᠰᠠ ᠣᠭᠢᠯᠠᠵᠤ ᠬᠤᠨᠤᠨᠠᠤ

ᠦᠨᠦᠴᠢᠨ ᠬᠠᠢ᠌ᠷ᠎ᠠ ᠶᠢᠨ ᠮᠢᠨᠢ ᠨᠣᠢ᠌ᠳᠠᠨ ᠨᠢᠯᠪᠣᠰᠤ

ᠦᠳᠦᠨ ᠳᠠᠷ᠎ᠠ ᠶᠢ ᠳᠡᠪᠳᠦᠭᠡᠵᠤ ᠬᠠᠶᠠᠨᠠᠤ

ᠰᠠᠷᠠ ᠰᠢᠭ ᠬᠠᠭᠠᠰᠷᠠᠭᠠᠤᠨ ᠳᠡᠷᠭᠡᠯᠰᠢᠳᠡᠭ᠌

ᠬᠠᠭᠠᠴᠠᠬᠤ ᠠᠭᠤᠯᠵᠠᠬᠤ ᠶᠢᠨ ᠭᠡᠨᠡᠭᠡᠷᠢᠳᠡᠢ ᠬᠤᠷᠸ᠎ᠠ

ᠰᠠᠨᠠᠭᠠᠨ ᠤ ᠳᠠᠷᠠ ᠮᠢᠨᠢ ᠰᠤᠷᠠᠭ ᠠᠯᠠᠭ᠎ᠠ

ᠬᠠᠷᠢᠵᠤ ᠢᠷᠡᠳᠡᠭ᠌ ᠦᠭᠡᠶ ᠶᠠᠭᠤᠨ ᠪᠣᠯᠪᠠ


ᠭᠦᠰᠡᠯ (ᠳᠠᠭᠤᠨ ᠤ ᠥᠭᠡ)


ᠬᠠᠪᠣᠷ ᠤᠨ ᠨᠤᠭᠤᠭᠠᠨ ᠰᠠᠯᠭᠢ ᠡ

ᠬᠠᠢ᠌ᠷ᠎ᠠ ᠶᠢ ᠮᠢᠨᠢ ᠰᠤᠠᠳᠠᠯᠠᠭᠠᠤᠨ ᠱᠤᠭᠰᠢᠭᠠᠴᠢ

ᠨᠠᠮᠢ᠋ᠢ ᠮᠢᠳᠠᠷᠠᠭᠠᠭᠰᠠᠨ ᠦᠬᠢᠨ ᠳᠤ

ᠮᠠᠠᠳᠤ ᠶᠢ ᠮᠢᠨᠢ ᠳᠠᠮᠵᠢᠭᠤᠯᠤᠭᠠᠤᠨ ᠦᠭ‍ᠭᠦᠭᠡᠴᠢ

ᠵᠤᠨ ᠤ ᠵᠢᠰᠤᠷ ᠪᠣᠷᠤᠭ᠎ᠠ ᠡ

ᠰᠡᠳᠬᠢᠯ ᠢ ᠮᠢᠨᠢ ᠰᠢᠩᠭᠡᠭᠡᠭᠡᠳ ᠨᠠᠮᠢᠷᠠᠭᠠᠴᠢ

ᠨᠠᠮᠢ᠋ᠢ ᠬᠠᠯᠢᠰᠢᠷᠠᠭᠠᠭᠰᠠᠨ ᠦᠬᠢᠨ ᠳᠤ

ᠪᠣᠳᠤᠯ ᠢ ᠮᠢᠨᠢ ᠭᠡᠯᠡᠭᠡᠳ ᠦᠭ‍ᠭᠦᠭᠡᠴᠢ

ᠨᠠᠮᠤᠷ ᠤᠨ ᠬᠤᠩᠭ᠋ᠤᠷ ᠨᠠᠪᠴᠢᠰ ᠡ

ᠳᠤᠷᠠᠯᠠᠯ ᠢ ᠮᠢᠨᠢ ᠳᠡᠭᠡᠭᠡᠭᠡᠳ ᠨᠢᠰᠦᠭᠡᠴᠢ

ᠨᠠᠮᠢ᠋ᠢ ᠴᠢᠮᠠᠷᠠᠭᠠᠭᠰᠠᠨ ᠦᠬᠢᠨ ᠳᠤ

ᠰᠡᠳᠬᠢᠯ ᠢ ᠮᠢᠨᠢ ᠣᠢ᠌ᠯᠭᠠᠭᠤᠯᠤᠭᠠᠤᠨ ᠦᠭ‍ᠭᠦᠭᠡᠴᠢ

ᠡᠪᠦᠯ ᠤᠨ ᠰᠢᠷᠭᠡᠭ᠌ ᠴᠠᠰᠤ ᠡ

ᠮᠦᠷᠦᠭᠡᠳᠦᠯ ᠢ ᠮᠢᠨᠢ ᠠᠭᠤᠰᠬᠠᠭᠠᠤᠨ ᠪᠣᠳᠠᠷᠠᠭᠠᠴᠢ

ᠨᠠᠮᠢ᠋ᠢ ᠬᠠᠰᠢᠷᠠᠭᠠᠭᠰᠠᠨ ᠦᠬᠢᠨ ᠳᠤ

ᠭᠦᠰᠡᠯ ᠢ ᠮᠢᠨᠢ ᠮᠡᠳᠡᠭᠦᠯᠦᠭᠡᠳ ᠦᠭ‍ᠭᠦᠭᠡᠴᠢ


ᠨᠠᠷ᠎ᠠ ᠦᠭᠡᠶ ᠴᠡᠴᠡᠭ᠌ (ᠳᠠᠭᠤᠨ ᠤ ᠥᠭᠡ)


ᠠᠭᠤᠯᠠᠨ ᠭᠦᠨ ᠳᠤ ᠰᠡᠮᠡᠭᠡᠷᠭᠡᠨ ᠳᠡᠯᠭᠡᠷᠡᠭ᠍ᠰᠡᠨ ᠴᠡᠴᠡᠭ᠌

ᠣᠤᠯ ᠡᠴᠡ ᠯᠠ ᠠᠪᠣᠭᠠᠤᠨ ᠪᠠᠶ᠎ᠠ ᠦᠭᠡᠶ ᠶᠤᠮᠰᠢᠭ ᠳᠠᠯᠳᠠᠬᠠᠨ

ᠣᠭ ᠡᠴᠡ ᠠᠪᠣᠭᠠᠤᠨ ᠣᠴᠠᠷᠠᠵᠤ ᠥᠵᠡᠭᠡ ᠦᠭᠡᠶ ᠴᠢ

ᠣᠩᠭ᠋ᠤᠨ ᠭᠦᠷᠦᠭᠡᠰᠤ ᠠᠳᠠᠯᠢ ᠨᠠᠳᠠᠳᠤ ᠭᠡᠵᠢᠶᠡᠳᠡ ᠨᠢᠭᠤᠴᠠᠬᠠᠨ

ᠨᠠᠷ᠎ᠠ ᠦᠭᠡᠶ ᠴᠡᠴᠡᠭ᠌ ᠨᠠᠷᠠᠨ ᠤ ᠴᠡᠴᠡᠭ᠌

ᠨᠠᠳᠠ ᠲᠡᠶ ᠬᠠᠮᠢᠶ᠎ᠠ ᠦᠭᠡᠶ ᠪᠠᠢ᠌ᠭᠠᠯᠢ ᠶᠢᠨ ᠴᠡᠴᠡᠭ᠌

ᠨᠠᠷ᠎ᠠ ᠦᠭᠡᠶ ᠴᠢ ᠳᠤᠷᠠᠯᠠᠯ ᠤᠨ ᠴᠡᠴᠡᠭ᠌

ᠨᠠᠮᠢ᠋ᠢ ᠰᠢᠳᠠᠭᠠᠭᠰᠠᠨ ᠬᠠᠢ᠌ᠷ᠎ᠠ ᠶᠢᠨ ᠴᠡᠴᠡᠭ᠌

ᠠᠩᠴᠢᠨ ᠭᠦᠮᠤᠨ ᠮᠦᠷ ᠵᠢᠮᠯᠠᠵᠤ ᠶᠠᠪᠣᠭᠠᠤᠨ

ᠠᠵᠢᠭ ᠦᠭᠡᠶ ᠳᠠᠷᠠ ᠴᠡᠴᠡᠭ᠌ ᠢ ᠬᠠᠷᠠᠭᠰᠠᠨ ᠰᠢᠭ

ᠠᠢ᠌ᠯ ᠤᠨ ᠬᠤᠷᠢᠮ ᠳᠡᠭᠡᠷ᠎ᠡ ᠴᠢᠮ᠎ᠠ ᠲᠡᠶ ᠣᠴᠠᠷᠠᠭᠠᠤᠨ

ᠠᠵᠠ ᠲᠡᠶ ᠮᠢᠨᠢ ᠭᠡᠵᠤ ᠰᠠᠨᠠᠬᠤ ᠮᠢᠨᠤ ᠪᠣᠷᠤᠭᠤ ᠦᠦ ᠳ᠋ᠠ

ᠨᠠᠷ᠎ᠠ ᠦᠭᠡᠶ ᠴᠡᠴᠡᠭ᠌ ᠨᠠᠷᠠᠨ ᠤ ᠴᠡᠴᠡᠭ᠌

ᠨᠠᠳᠠ ᠲᠡᠶ ᠬᠠᠮᠢᠶ᠎ᠠ ᠦᠭᠡᠶ ᠪᠠᠢ᠌ᠭᠠᠯᠢ ᠶᠢᠨ ᠴᠡᠴᠡᠭ᠌

ᠨᠠᠷ᠎ᠠ ᠦᠭᠡᠶ ᠴᠢ ᠳᠤᠷᠠᠯᠠᠯ ᠤᠨ ᠴᠡᠴᠡᠭ᠌

ᠨᠠᠮᠢ᠋ᠢ ᠰᠢᠳᠠᠭᠠᠭᠰᠠᠨ ᠬᠠᠢ᠌ᠷ᠎ᠠ ᠶᠢᠨ ᠴᠡᠴᠡᠭ᠌

ᠨᠠᠷᠠᠨ ᠤ ᠳᠤᠶᠠᠭᠠᠨ ᠳᠤ ᠬᠠᠴᠠᠷ ᠶᠢᠡᠨ ᠥᠨᠦᠰᠦᠭᠦᠯᠦᠭ᠍ᠰᠡᠨ ᠴᠡᠴᠡᠭ᠌ ᠤᠨ

ᠨᠠᠷ᠎ᠠ ᠶᠢ ᠨᠢ ᠪᠣᠳᠤᠭᠠᠤᠨ ᠪᠣᠳᠤᠭᠠᠤᠨ ᠣᠯᠵᠤ ᠴᠢᠳᠠᠭᠰᠠᠨ ᠦᠭᠡᠶ

ᠨᠠᠳᠠᠳᠤ ᠥᠵᠡᠭ᠍ᠳᠡᠩᠭᠦᠳᠡ ᠳᠤᠷᠠᠯᠠᠭᠰᠠᠨ ᠦᠬᠢᠨ ᠴᠢᠨᠤ ᠰᠠᠨᠠᠭ᠎ᠠ ᠶᠢ

ᠨᠡᠭᠡᠷᠡᠨ ᠪᠢ ᠳᠠᠭᠠᠭᠠᠤᠨ ᠳᠠᠭᠠᠭᠠᠤᠨ ᠮᠠᠳᠠᠵᠤ ᠴᠢᠳᠠᠭᠰᠠᠨ ᠦᠭᠡᠶ

ᠨᠠᠷ᠎ᠠ ᠦᠭᠡᠶ ᠴᠡᠴᠡᠭ᠌ ᠨᠠᠷᠠᠨ ᠤ ᠴᠡᠴᠡᠭ᠌

ᠨᠠᠳᠠ ᠲᠡᠶ ᠬᠠᠮᠢᠶ᠎ᠠ ᠦᠭᠡᠶ ᠪᠠᠢ᠌ᠭᠠᠯᠢ ᠶᠢᠨ ᠴᠡᠴᠡᠭ᠌

ᠨᠠᠷ᠎ᠠ ᠦᠭᠡᠶ ᠴᠢ ᠳᠤᠷᠠᠯᠠᠯ ᠤᠨ ᠴᠡᠴᠡᠭ᠌

ᠨᠠᠮᠢ᠋ᠢ ᠰᠢᠳᠠᠭᠠᠭᠰᠠᠨ ᠬᠠᠢ᠌ᠷ᠎ᠠ ᠶᠢᠨ ᠴᠡᠴᠡᠭ᠌


ᠠᠵᠠ ᠶᠢᠨ ᠣᠳᠤᠨ


ᠴᠢᠨᠤ ᠥᠵᠡᠰᠭᠦᠯᠡᠩ ᠤᠨ ᠭᠠᠩ ᠢᠯᠳᠤᠨ ᠳᠤ

ᠴᠠᠪᠴᠢᠭᠳᠠᠵᠤ ᠥᠭᠦᠭᠦ ᠳᠤᠷᠠᠳᠠᠢ ᠪᠢ

ᠴᠢᠨᠤ ᠬᠠᠢ᠌ᠷ᠎ᠠ ᠶᠢᠨ ᠭᠠᠯ ᠰᠤᠮᠤᠨ ᠳᠤ

ᠴᠤᠭᠤᠷᠤᠵᠤ ᠰᠠᠯᠪᠠᠷᠬᠤ ᠭᠦᠰᠡᠯ ᠲᠡᠶ ᠪᠢ

ᠳᠠᠭᠢᠯ ᠤᠨ ᠳᠡᠭ᠍ᠷᠢ ᠶᠢᠨ ᠮᠢᠨᠢ ᠰᠠᠷᠠ ᠴᠢ

ᠳᠠᠩᠰᠤᠭ ᠳᠠᠯ᠎ᠠ ᠶᠢᠨ ᠴᠡᠴᠡᠭ᠌ ᠴᠢ

ᠳᠠᠩᠨᠠᠢ ᠶᠢᠨ ᠮᠢᠨᠢ ᠨᠢᠭᠡ ᠰᠤᠳᠠᠰᠤ ᠴᠢ

ᠳᠡᠭᠡᠰ ᠤᠨ ᠭᠤᠤᠯ ᠤᠨ ᠬᠠᠶᠠᠯᠠᠭ᠎ᠠ ᠴᠢ

ᠮᠢᠨᠤ ᠠᠵᠠ ᠶᠢᠨ ᠭᠡᠭᠡᠨ ᠣᠳᠤᠨ ᠴᠢ

ᠮᠢᠨᠤ ᠵᠢᠷᠭᠠᠯ ᠤᠨ ᠷᠠᠰᠢᠶᠠᠨ ᠪᠣᠯᠠᠭ ᠴᠢ

ᠮᠢᠨᠤ ᠭᠤᠨᠢᠭ ᠤᠨ ᠴᠡᠭᠡᠨ ᠨᠢᠯᠪᠣᠰᠤ ᠴᠢ

ᠮᠢᠨᠤ ᠵᠡᠭᠦᠳᠤᠨ ᠤ ᠶᠠᠭᠠᠨ ᠰᠡᠯᠪᠠᠭᠡᠰᠤ ᠴᠢ

ᠮᠢᠨᠤ ᠰᠤᠭᠳᠤᠭᠠᠤᠨ ᠰᠡᠷᠭᠦᠭᠦ ᠠᠷᠠᠵᠠ ᠴᠢ

ᠮᠢᠨᠤ ᠥᠭᠦᠭᠡᠳ ᠠᠮᠢᠳᠤᠷᠠᠬᠤ ᠡᠮ ᠴᠢ

ᠮᠢᠨᠤ ᠪᠠᠷᠢᠭᠠᠤᠨ ᠬᠤᠨᠤᠬᠤ ᠵᠡᠭᠦᠳᠤ ᠴᠢ

ᠮᠢᠨᠤ ᠣᠠᠳᠠᠷᠠᠭᠠᠤᠨ ᠰᠢᠳᠠᠬᠤ ᠭᠠᠯ ᠴᠢ

ᠦᠯᠮᠠᠢ ᠶᠢ ᠴᠢᠨᠢ ᠥᠨᠦᠰᠦᠭ᠍ᠴᠢ ᠴᠡᠴᠡᠭ᠌ ᠪᠣᠯᠵᠤ

ᠦᠷᠭᠡᠨ ᠳᠠᠯ᠎ᠠ ᠳᠡᠭᠡᠷ᠎ᠡ ᠳᠡᠯᠭᠡᠷᠡᠰᠤ

ᠣᠷᠤᠢ ᠡᠴᠡ ᠴᠢᠨᠢ ᠰᠢᠷᠳᠡᠭ᠍ᠴᠢ ᠨᠢᠳᠤ ᠪᠣᠯᠵᠤ

ᠣᠭᠳᠠᠷᠭᠤᠢ ᠶᠢᠨ ᠮᠠᠠᠳᠠᠯ ᠳᠤ ᠭᠢᠯᠠᠯᠵᠠᠰᠤ

ᠭᠡᠵᠢᠭᠡ ᠶᠢ ᠴᠢᠨᠢ ᠰᠠᠮᠨᠠᠭᠴᠢ ᠰᠠᠯᠭᠢ ᠪᠣᠯᠵᠤ

ᠭᠡᠵᠢᠶᠡᠳᠡ ᠣᠷᠴᠢᠨ ᠡᠷᠭᠢᠨ ᠳᠤ ᠴᠢᠨᠢ ᠰᠠᠪᠠᠯᠵᠠᠰᠤ

ᠭᠡᠷ ᠢ ᠴᠢᠨᠢ ᠭᠡᠢ᠌ᠭᠦᠯᠦᠭ᠍ᠴᠢ ᠰᠠᠷᠠ ᠪᠣᠯᠵᠤ

ᠭᠡᠭᠡᠪᠴᠢ ᠶᠢᠨ ᠴᠢᠨᠢ ᠳᠤᠳᠤᠬ᠎ᠠ ᠳᠤ ᠳᠤᠯᠠᠢ᠌ᠰᠤ

ᠭᠤᠨᠢᠭ ᠢ ᠴᠢᠨᠢ ᠠᠷᠢᠯᠭᠠᠭᠴᠢ ᠣᠰᠤ ᠪᠣᠯᠵᠤ

ᠭᠤᠷᠤᠬ᠎ᠠ ᠶᠢᠨ ᠳᠤᠩᠭ᠋ᠠᠯᠠᠭ ᠣᠰᠤ ᠪᠠᠷ ᠬᠤᠷᠴᠢᠭᠢᠨᠠᠰᠤ

ᠭᠦᠰᠡᠯ ᠢ ᠴᠢᠨᠢ ᠠᠰᠠᠭᠠᠭᠴᠢ ᠭᠠᠯ ᠪᠣᠯᠵᠤ

ᠭᠡᠵᠢᠶ᠎ᠡ ᠮᠥᠩᠭᠡᠳᠡ ᠭᠤᠯᠤᠮᠳᠠ ᠳᠤ ᠳᠦᠷᠠᠯᠵᠠᠰᠤ

ᠴᠢᠨᠤ ᠥᠵᠡᠰᠭᠦᠯᠡᠩ ᠤᠨ ᠭᠠᠩ ᠢᠯᠳᠤᠨ ᠳᠤ

ᠴᠠᠪᠴᠢᠭᠳᠠᠵᠤ ᠥᠭᠦᠭᠦ ᠳᠤᠷᠠᠳᠠᠢ ᠪᠢ

ᠴᠢᠨᠤ ᠬᠠᠢ᠌ᠷ᠎ᠠ ᠶᠢᠨ ᠭᠠᠯ ᠰᠤᠮᠤᠨ ᠳᠤ

ᠴᠤᠭᠤᠷᠤᠵᠤ ᠰᠠᠯᠪᠠᠷᠬᠤ ᠭᠦᠰᠡᠯ ᠲᠡᠶ ᠪᠢ


ᠮᠤᠳᠤ ᠲᠡᠶ ᠴᠤᠭ ᠭᠦᠯᠢᠶᠡᠨ᠎ᠡ


ᠦᠨᠢᠳᠠ ᠶᠢᠨ ᠨᠢᠭᠡ ᠢᠳᠡᠭᠡᠯ ᠢ ᠳᠠᠪᠠᠷᠢᠵᠤ

ᠡᠭᠦᠷᠢᠳᠡ ᠭᠠᠳᠠᠨ᠎ᠠ ᠵᠤᠭᠰᠤᠳᠠᠭ ᠮᠤᠳᠤ ᠲᠡᠶ ᠠᠳᠠᠯᠢ

ᠦᠨᠡᠠᠴᠢ ᠨᠢᠭᠡ ᠬᠠᠢ᠌ᠷ᠎ᠠ ᠪᠠᠨ ᠰᠠᠭᠢᠵᠤ

ᠡ᠊ᠨᠳᠡ ᠪᠢ ᠴᠢᠮᠢ᠋ᠢ ᠪᠠᠨ ᠭᠦᠯᠢᠶᠡᠨ᠎ᠡ

ᠨᠤᠭᠤᠭᠠᠨ ᠨᠠᠪᠴᠢ ᠨᠢᠭᠡ ᠪᠦᠷᠢ ᠨᠢ

ᠨᠠᠷᠠ ᠳᠠᠯᠯᠠᠭᠰᠠᠨ ᠦᠷᠦᠪᠴᠢᠭᠡᠨ ᠳᠠᠭᠤᠳᠠᠯ ᠡ

ᠨᠢᠳᠤᠨ ᠤ ᠮᠢᠨᠢ ᠨᠢᠯᠪᠣᠰᠤᠨ ᠤ ᠳᠤᠰᠤᠯ ᠪᠦᠷᠢ ᠨᠢ

ᠨᠢᠭᠡᠯᠭᠡᠨ ᠴᠢᠮᠢ᠋ᠢ ᠪᠠᠨ ᠰᠠᠨᠠᠭᠰᠠᠨ ᠰᠡᠳᠬᠢᠯ ᠡ

ᠡᠩᠭᠦᠷᠡᠢ ᠭᠦᠭᠡᠷᠦᠭᠦᠨ ᠪᠣᠷᠤ ᠰᠢᠪᠠᠭᠤᠳ

ᠰᠠᠯᠠᠭ᠎ᠠ ᠳᠡᠭᠡᠷ᠎ᠡ ᠨᠢ ᠰᠠᠭᠤᠵᠤ ᠵᠢᠷᠭᠢᠨ᠎ᠠ ᠳ᠋ᠠ

ᠡᠨᠡᠯᠢᠵᠤ ᠰᠢᠨᠠᠯᠠᠭᠰᠠᠨ ᠮᠢᠨᠤ ᠭᠡᠶᠤᠷᠠᠯ

ᠰᠠᠷᠠᠨ ᠤ ᠳᠤᠤᠷ᠎ᠠ ᠴᠢᠮᠢ᠋ᠢ ᠪᠠᠨ ᠮᠦᠷᠦᠭᠡᠳᠦᠨ᠎ᠡ ᠳ᠋ᠠ

ᠵᠢᠷᠭᠠᠯ ᠳᠤ ᠰᠤᠭᠳᠤᠭᠤᠷᠠᠭᠰᠠᠨ ᠪᠣᠷᠤ ᠰᠢᠪᠠᠭᠤᠳ

ᠵᠢᠷᠭᠡᠭᠡ ᠪᠠᠨ ᠳᠠᠰᠤᠯᠵᠤ ᠬᠠᠷᠴᠠᠭ᠎ᠠ ᠳᠤ ᠭᠦᠭᠡᠭᠡᠭ᠍ᠳᠡᠨ᠎ᠡ ᠳ᠋ᠠ

ᠵᠢᠯ ᠰᠠᠷ᠎ᠠ ᠪᠠᠷ ᠴᠢᠮᠢ᠋ᠢ ᠪᠠᠨ ᠮᠦᠷᠦᠭᠡᠳᠦᠭᠡᠳ

ᠵᠢᠩ ᠤᠨ ᠭᠦᠢᠳᠡᠨ ᠳᠤ ᠬᠠᠢ᠌ᠷ᠎ᠠ ᠮᠢᠨᠢ ᠪᠠᠭᠡᠷᠡᠨ᠎ᠡ ᠳ᠋ᠠ

ᠦᠨᠢᠳᠠ ᠶᠢᠨ ᠨᠢᠭᠡ ᠢᠳᠡᠭᠡᠯ ᠢ ᠳᠠᠪᠠᠷᠢᠵᠤ

ᠡᠭᠦᠷᠢᠳᠡ ᠭᠠᠳᠠᠨ᠎ᠠ ᠵᠤᠭᠰᠤᠳᠠᠭ ᠮᠤᠳᠤ ᠲᠡᠶ ᠠᠳᠠᠯᠢ

ᠦᠨᠡᠠᠴᠢ ᠨᠢᠭᠡ ᠬᠠᠢ᠌ᠷ᠎ᠠ ᠪᠠᠨ ᠰᠠᠭᠢᠵᠤ

ᠡ᠊ᠨᠳᠡ ᠪᠢ ᠴᠢᠮᠢ᠋ᠢ ᠪᠠᠨ ᠭᠦᠯᠢᠶᠡᠨ᠎ᠡ


ᠳᠠᠷᠠ ᠦᠳᠡᠰᠢ


ᠳᠠᠷᠠ ᠦᠳᠡᠰᠢ

ᠳᠠᠰᠤᠮ ᠬᠠᠷ᠎ᠠ ᠮᠤᠷᠢ ᠰᠢᠭ

ᠳᠠᠯ᠎ᠠ ᠶᠢ ᠭᠦᠡᠳᠡᠯᠡᠨ ᠳᠤᠭᠤᠯᠵᠤ

ᠳᠤᠭᠤᠰᠤ ᠬᠠᠶᠠᠵᠤ ᠢᠷᠠᠨᠠᠮ

ᠰᠠᠷᠠᠨ ᠤ ᠴᠠᠭᠠᠨ ᠭᠡᠷᠡᠯ

ᠰᠥ᠋ ᠰᠢᠭ᠌ ᠠᠰᠬᠠᠷᠠᠭᠰᠠᠨ ᠭᠠᠵᠠᠷ ᠲᠤ

ᠰᠠᠭᠠᠯᠢ ᠶᠢᠨ ᠰᠠᠢ᠌ᠬᠠᠨ ᠦᠨᠦᠷ

ᠰᠠᠯᠭᠢ ᠪᠠᠷ ᠬᠠᠩᠬᠤᠯᠤᠭᠰᠠᠨ ᠳᠤᠬᠤᠢ ᠳᠤ

ᠮᠠᠨ ᠬᠤᠶᠠᠷ ᠤᠨ ᠶᠠᠷᠢᠶ᠎ᠠ

ᠮᠤᠷᠢᠨ ᠬᠤᠭᠤᠷ ᠰᠢᠭ ᠣᠶᠠᠩᠭ᠋ᠠᠷᠠᠵᠤ

ᠮᠠᠨ ᠬᠤᠶᠠᠷ ᠤᠨ ᠢᠨᠢᠶᠠᠳᠤ

ᠮᠦᠷᠠᠨ ᠭᠤᠤᠯ ᠰᠢᠭ ᠱᠤᠤᠭᠢᠵᠤ ᠁

ᠳᠡᠷᠭᠡᠳᠡ ᠪᠠᠷ ᠱᠤᠭᠰᠢᠨ ᠥᠩᠭᠡᠷᠡᠭᠦ

ᠳᠠᠯ᠎ᠠ ᠶᠢᠨ ᠵᠥᠭᠡᠯᠡᠨ ᠰᠠᠯᠭᠢ

ᠳᠡᠷᠳᠡᠭᠡ ᠮᠤᠳᠤᠨ ᠡᠴᠡ ᠳᠡᠭᠦᠵᠢᠯᠡᠭ᠍ᠳᠡᠵᠤ

ᠳᠠᠭ ᠴᠢᠮᠡᠭᠡ ᠦᠭᠡᠶ ᠴᠢᠩᠨᠠᠨ᠎ᠠ

ᠳᠡᠭ᠍ᠷᠢ ᠳᠤ ᠠᠨᠢᠪᠴᠢᠭ᠎ᠠ ᠣᠳᠤᠳ

ᠳᠡᠷᠡᠭᠡᠨ ᠳᠤ ᠨᠢᠳᠤ ᠪᠠᠨ ᠠᠷᠴᠢᠵᠤ

ᠳᠠᠷᠠ ᠊ᠭ᠍ᠱᠡᠨ ᠢ ᠴᠡᠭᠡᠵᠢᠯᠡᠨ᠎ᠡ ᠭᠡᠵᠤ

ᠳᠠᠠᠳᠠ ᠡᠴᠡ ᠱᠤᠬᠤᠭᠠᠷᠬᠠᠨ ᠰᠢᠷᠳᠠᠨ᠎ᠠ

ᠭᠠᠷ ᠤᠨ ᠮᠠᠨᠢ ᠬᠤᠷᠤᠭᠤᠨ ᠤ ᠵᠠᠭᠠᠭ ᠶᠢᠡᠷ

ᠭᠠᠩᠭ᠋ᠠᠷ ᠰᠠᠷᠠᠨ ᠤ ᠭᠡᠷᠡᠯ ᠭᠤᠭᠤᠵᠢᠨ

ᠭᠠᠯᠳᠠᠢ ᠵᠢᠷᠦᠭᠡᠨ ᠤ ᠮᠠᠨᠢ ᠣᠴᠢ

ᠭᠠᠵᠠᠷ ᠤᠨ ᠨᠢᠭᠤᠷ ᠢ ᠮᠦᠩᠭᠦᠯᠡᠵᠤ ᠯᠠ ᠪᠠᠢ᠌ᠯ᠎ᠠ ᠁

ᠳᠠᠷᠠ ᠦᠳᠡᠰᠢ

ᠳᠠᠰᠤᠮ ᠬᠠᠷ᠎ᠠ ᠮᠤᠷᠢ ᠰᠢᠭ

ᠳᠠᠯ᠎ᠠ ᠶᠢ ᠭᠦᠡᠳᠡᠯᠡᠨ ᠳᠤᠭᠤᠯᠵᠤ

ᠳᠤᠭᠤᠰᠤ ᠬᠠᠶᠠᠵᠤ ᠣᠳᠤᠨᠠᠮ


ᠵᠠᠭᠢᠳᠠᠯ


ᠠᠭᠠᠷ ᠤᠨ ᠴᠡᠩᠭᠡᠷ ᠮᠠᠠᠳᠠᠯ ᠳᠤ

ᠠᠶᠠᠠᠳᠠᠭᠠᠨ ᠠᠭᠤᠰᠴᠢᠬᠠᠳᠠᠭ ᠰᠢᠪᠠᠭᠤ ᠰᠢᠭ

ᠠᠮᠠᠷᠠᠭ ᠤᠨ ᠡᠷᠢᠯ ᠳᠤ ᠶᠠᠪᠣᠭ᠎ᠠ

ᠠᠮᠢᠳᠤᠷᠠᠯ ᠤᠨ ᠳᠤᠭᠤᠷᠢᠭ ᠤᠨ ᠢᠷᠭᠡᠨ ᠪᠢ

ᠴᠡᠴᠡᠭ᠌ ᠬᠠᠢ᠌ᠳᠠᠭ ᠵᠥᠭᠡᠢ ᠰᠢᠭ᠌

ᠴᠢᠮᠢ᠋ᠢ ᠪᠠᠨ ᠪᠢ ᠡᠷᠢᠨ᠎ᠡ

ᠴᠠᠭ ᠨᠣᠢ᠌ᠷ ᠶᠢᠡᠨ ᠪᠠᠷᠠᠵᠤ

ᠴᠢᠨᠤ ᠳᠤᠬᠠᠢ ᠵᠡᠭᠦᠳᠦᠯᠡᠨ᠎ᠡ

ᠦᠳᠡᠰᠢ ᠶᠢᠨ ᠡᠵᠡᠭᠦᠢ ᠳᠡᠭ᠍ᠷᠢ ᠳ᠋ᠠᠭᠢ

ᠦᠷᠦᠭᠡᠰᠤᠨ ᠨᠢᠭᠡᠨ ᠰᠠᠷᠠ ᠰᠢᠭ

ᠦᠨᠦᠴᠢᠨ ᠬᠠᠢ᠌ᠷ᠎ᠠ ᠪᠠᠨ ᠰᠠᠭᠢᠭᠰᠠᠨ

ᠦᠴᠦᠭᠡᠨ ᠨᠢᠭᠡᠨ ᠠᠮᠢᠳᠠᠨ ᠪᠢ

ᠬᠠᠢ᠌ᠷ᠎ᠠ ᠶᠢᠨ ᠴᠡᠴᠡᠭ᠌ ᠴᠢᠮᠢ᠋ᠢ ᠪᠠᠨ

ᠬᠠᠯᠠᠭᠤᠨ ᠵᠢᠷᠦᠭᠡᠨ ᠳᠡᠭᠡᠨ ᠮᠠᠨᠠᠵᠤ

ᠬᠤᠨᠤᠭ ᠡᠳᠦᠷ ᠤᠨ ᠴᠦᠷᠭᠦᠯᠡᠭᠡ ᠳᠤ

ᠬᠠᠨᠤᠳᠠᠯ᠎ᠠ ᠡᠨᠡᠯᠢᠵᠤ ᠵᠤᠪᠠᠭᠰᠠᠨ ᠢ ᠮᠢᠨᠢ

ᠴᠡᠪᠠᠷᠭᠡᠨ ᠳᠦᠷᠦᠭ᠍ᠰᠡᠨ ᠴᠢᠮᠢ᠋ᠢ ᠪᠠᠨ

ᠴᠢᠩ ᠰᠡᠳᠬᠢᠯ ᠳᠡᠭᠡᠨ ᠨᠢᠭᠤᠵᠤ

ᠴᠠᠭ ᠬᠤᠭᠤᠴᠠᠭᠠᠨ ᠤ ᠡᠭᠡᠯᠵᠢᠯ ᠳᠤ

ᠴᠡᠭᠡᠵᠢ ᠶᠢᠨ ᠮᠢᠬ᠎ᠠ ᠪᠠᠨ ᠢᠳᠡᠭ᠍ᠰᠡᠨ ᠢ ᠮᠢᠨᠢ

ᠳᠠᠨᠢᠳᠠᠭ ᠦᠭᠡᠶ ᠳᠠᠩᠭᠢᠯᠬᠠᠨ ᠭᠡᠦᠭᠡᠨ

ᠳᠠ ᠯᠠᠪ ᠮᠡᠳᠡᠭᠦ ᠦᠭᠡᠶ ᠶᠤᠮ

ᠳᠠᠯ᠎ᠠ ᠶᠢᠨ ᠣᠩᠭ᠋ᠤᠨ ᠭᠦᠷᠦᠭᠡᠰᠤ ᠰᠢᠭ᠌

ᠳᠡᠷᠭᠡᠳᠡ ᠴᠢᠨᠢ ᠤᠢ᠌ᠷᠠᠳᠤᠵᠤ ᠴᠢᠳᠠᠭᠰᠠᠨ ᠦᠭᠡᠶ ᠶᠤᠮ

ᠬᠤᠨᠢᠨ ᠤ ᠠᠷᠠᠰᠤᠨ ᠴᠠᠭᠠᠰᠤᠨ ᠳᠤ

ᠬᠠᠰᠢᠯᠳᠠᠵᠤ ᠪᠠᠢ᠌ᠭᠰᠠᠭᠠᠷ ᠪᠢᠴᠢᠪᠠ

ᠬᠠᠴᠠᠷ ᠨᠢᠭᠤᠷ ᠶᠢᠡᠨ ᠣᠯᠠᠢ᠌ᠯᠭᠠᠵᠤ

ᠬᠠᠷᠢᠭᠯᠠᠵᠤ ᠪᠠᠢ᠌ᠭᠰᠠᠭᠠᠷ ᠦᠴᠢᠪᠠ

ᠢᠷᠭᠡᠨ ᠮᠢᠨᠤ ᠰᠠᠨᠠᠭ᠎ᠠ ᠶᠢ

ᠡᠨᠡ ᠵᠠᠭᠢᠳᠠᠯ ᠡᠴᠡ ᠣᠢ᠌ᠯᠠᠭᠠᠵᠤ

ᠢᠨᠠᠭ ᠤᠨ ᠭᠤᠶᠤᠯᠭᠠᠴᠢᠨ ᠨᠠᠳᠠᠳᠤ

ᠡᠷᠳᠡᠭᠡᠨ ᠬᠠᠷᠢᠭᠤ ᠪᠠᠨ ᠦᠭ‍ᠭᠦᠭᠡᠷᠡᠢ

ᠵᠠᠶᠠᠭᠠᠨ ᠳᠠᠩᠭ᠋ᠠᠷᠢᠭ ᠪᠠᠢ᠌ᠪᠠᠯ

ᠵᠠ ᠶᠠᠭᠠᠭᠢᠬᠤᠪ ᠠᠮᠠᠷᠠᠭᠯᠠᠶ᠎ᠠ

ᠽᠠᠮᠪᠣᠯᠢᠩ ᠤᠨ ᠠᠯᠳᠠᠨ ᠳᠤᠭᠤᠰᠤᠨ ᠳᠤ

ᠵᠠᠮ ᠤᠨ ᠳᠤᠷᠰᠢ ᠳᠠᠭᠠᠨ ᠳᠠᠷᠤᠭᠳᠠᠶ᠎ᠠ

ᠳᠠᠪᠢᠯ ᠪᠠᠷᠢᠯᠳᠤᠯᠭ᠎ᠠ ᠦᠭᠡᠶ ᠪᠣᠯᠪᠠᠯ

ᠳᠤᠰ ᠳᠤᠰ ᠲᠠᠭᠠᠨ ᠪᠠᠢ᠌ᠶ᠎ᠠ

ᠳᠡᠭ᠍ᠷᠢ ᠶᠢᠨ ᠳᠤᠤᠷᠠᠭᠢ ᠳᠡᠯᠡᠭᠡᠢ ᠡᠴᠡ

ᠳᠠᠪᠢᠯᠠᠩ ᠶᠢᠡᠨ ᠦᠪᠡᠷᠰᠠᠤᠨ ᠶᠢᠡᠨ ᠬᠠᠢ᠌ᠶ᠎ᠠ ᠁


ᠳᠠᠪᠠᠷᠢᠯᠳᠠ


ᠬᠤᠶᠠᠷ ᠵᠢᠷᠦᠭᠡ ᠯᠤᠭᠰᠢᠵᠤ ᠴᠤᠭᠢᠯᠠᠨ᠎ᠠ

ᠬᠤᠷᠸ᠎ᠠ ᠡᠨᠡ ᠦᠶ᠎ᠡ ᠳᠤ ᠰᠤᠭᠳᠤᠭᠤ

ᠨᠢᠭᠡ ᠨᠢ ᠪᠦᠭᠡ ᠪᠠᠷᠢᠯᠳᠤᠳᠠᠭ ᠠᠳᠤᠭᠤᠴᠢᠨ ᠵᠠᠯᠠᠭᠤ

ᠨᠥᠭᠦᠭᠡ ᠨᠢ ᠣᠢ᠌ᠯᠠ ᠣᠶᠤᠳᠠᠭ ᠬᠤᠨᠢᠴᠢᠨ ᠭᠡᠦᠭᠡᠨ


ᠬᠤᠶᠠᠷ ᠬᠠᠢ᠌ᠷ᠎ᠠ ᠳᠠᠪᠠᠷᠢᠯᠳᠤᠨ ᠦᠨᠦᠰᠤᠯᠳᠤᠨ᠎ᠠ

ᠬᠤᠷᠸ᠎ᠠ ᠡᠨᠡ ᠦᠶ᠎ᠡ ᠳᠤ ᠰᠤᠭᠳᠤᠭᠤ

ᠬᠤᠷ ᠳᠠᠯ ᠲᠡᠶ ᠠᠳᠤᠭᠤᠳ ᠠᠵᠢᠨ ᠳᠤᠵᠢᠨ ᠭᠠᠢ᠌ᠬᠠᠨ᠎ᠠ

ᠬᠤᠷᠭᠤᠨ ᠴᠠᠭᠠᠨ ᠬᠤᠨᠢᠳ ᠡᠪᠠᠰᠤ ᠬᠠᠵᠠᠯᠬᠤ ᠪᠠᠨ ᠮᠠᠷᠳᠠᠨ᠎ᠠ


ᠬᠤᠶᠠᠷ ᠭᠦᠰᠡᠯᠡᠩ ᠵᠢᠭᠦᠷᠯᠡᠭ᠍ᠳᠡᠭᠡᠳ ᠨᠢᠰᠤᠨ᠎ᠠ

ᠬᠤᠷᠸ᠎ᠠ ᠡᠨᠡ ᠦᠶ᠎ᠡ ᠳᠤ ᠰᠤᠭᠳᠤᠭᠤ

ᠪᠠᠢ᠌ᠭᠠᠯᠢ ᠥᠩᠭᠡ ᠠᠯᠳᠠᠵᠤ ᠶᠡᠷᠦᠮᠳᠡᠭ᠍ᠵᠢᠨ᠎ᠡ

ᠪᠢ ᠳᠤᠷ᠎ᠠ ᠪᠣᠴᠠᠯᠵᠤ ᠰᠢᠳᠠᠨ᠎ᠠ᠁᠂᠂


ᠬᠤᠷᠤᠮ ᠤᠨ ᠨᠢᠭᠤᠴᠠ ᠬᠠᠢ᠌ᠷ᠎ᠠ


ᠡᠨᠡ ᠬᠤᠷᠤᠮ ᠳᠤ ᠳᠡᠯᠡᠭᠡᠢ ᠣᠷᠤᠰᠢᠬᠤ ᠦᠭᠡᠶ

ᠡᠷ᠎ᠡ ᠵᠠᠯᠠᠭᠤ ᠮᠠᠳᠠᠷᠠᠯ ᠶᠢᠡᠨ ᠠᠯᠳᠠᠴᠢᠬᠠᠭᠰᠠᠨ ᠪᠠᠢ᠌ᠨ᠎ᠠ

ᠢᠨᠠᠭ ᠬᠠᠢ᠌ᠷ᠎ᠠ ᠳᠠᠷᠠᠰᠤ ᠡᠴᠡ ᠴᠤ ᠭᠦᠴᠦᠳᠡᠢ ᠪᠣᠯᠬᠤᠷ

ᠡᠭᠢᠯᠡᠨ ᠠᠮᠰᠠᠮᠠᠭᠴᠠ ᠪᠠᠨ ᠰᠤᠭᠳᠤᠭᠠᠤᠨ ᠣᠬᠠᠭ᠎ᠠ ᠠᠯᠳᠠᠴᠢᠬᠠᠯ᠎ᠠ

ᠳᠡᠩᠳᠡᠭᠦᠤ ᠬᠠᠢ᠌ᠷ᠎ᠠ ᠪᠠᠨ ᠪᠠᠷᠢᠵᠤ ᠳᠡᠢ᠌ᠯᠦᠭ᠍ᠰᠡᠨ ᠦᠭᠡᠶ

ᠳᠡᠷᠭᠡᠳᠡᠭᠢ ᠭᠡᠦᠭᠡᠨ ᠳᠤ ᠥᠭᠡ ᠪᠠᠨ ᠠᠯᠳᠠᠴᠢᠬᠠᠯ᠎ᠠ

ᠳᠡᠷᠡᠭᠡᠨ ᠊ᠭ᠍ᠱᠡᠨ ᠳᠤ ᠴᠢᠷᠠᠢ ᠣᠯᠠᠢ᠌ᠴᠢᠬᠠᠭᠠᠤᠨ

ᠳᠠᠷᠠ ᠵᠠᠯᠠᠭᠤ ᠵᠢᠷᠭᠠᠯ ᠳᠤ ᠪᠣᠯᠠᠭᠳᠠᠴᠢᠬᠠᠭᠰᠠᠨ ᠯᠠ ᠪᠠᠢ᠌ᠯ᠎ᠠ

ᠭᠡᠨ ᠳᠤ ᠴᠤ ᠢᠯᠡᠴᠢᠯᠡᠭᠡ ᠦᠭᠡᠶ ᠨᠢᠭᠤᠴᠠ ᠬᠠᠢ᠌ᠷ᠎ᠠ ᠪᠠᠨ

ᠭᠡᠯᠡᠵᠤ ᠭᠠᠷᠭᠠᠭᠠᠤᠨ ᠦᠭᠡᠶ ᠳᠠᠯᠳᠠ ᠥᠭᠡ ᠪᠠᠨ

ᠢᠩᠭᠡᠭᠡᠳ ᠳᠠᠷᠠ ᠢᠯᠠ ᠪᠠᠷ ᠵᠠᠷᠯᠠᠴᠢᠬᠠᠯ᠎ᠠ

ᠢᠨᠠᠭ ᠬᠤᠤᠰ ᠪᠣᠯᠵᠤ ᠳᠠᠩᠭ᠋ᠠᠷᠢᠭ ᠶᠢᠡᠷ ᠪᠠᠷᠢᠯᠳᠤᠴᠢᠬᠠᠯ᠎ᠠ

ᠬᠠᠮᠤᠭ ᠰᠡᠭᠦᠯ ᠳᠤ ᠳᠠᠷᠠ ᠣᠭᠢᠯᠠᠴᠢᠬᠠᠯ᠎ᠠ

ᠬᠠᠯᠠᠭᠤᠨ ᠬᠠᠢ᠌ᠷ᠎ᠠ ᠨᠢ ᠭᠦᠭᠡᠷᠡᠭᠡᠳ ᠴᠠᠷᠴᠠᠴᠢᠬᠠᠯ᠎ᠠ

ᠬᠤᠷᠤᠮ ᠤᠨ ᠰᠠᠢ᠌ᠬᠠᠨ ᠪᠣᠳᠤᠯ ᠭᠡᠰᠡᠨ ᠶᠢᠡᠨ ᠮᠡᠳᠡᠷᠡᠭᠡᠳ

ᠬᠠᠢ᠌ᠷᠠᠨ ᠨᠢᠯᠪᠣᠰᠤ ᠪᠠᠨ ᠬᠠᠷᠠᠩᠭ᠋ᠤᠢ ᠶᠢᠨ ᠭᠡᠪᠠᠯᠢ ᠳᠤ ᠠᠰᠬᠠᠯ᠎ᠠ ᠁


ᠮᠢᠨᠤ ᠣᠳᠤ


ᠨᠠᠷᠠ ᠦᠭᠡᠶ ᠬᠠᠷᠠᠩᠭ᠋ᠤᠢ ᠰᠦᠨᠢ ᠶᠢᠨ ᠳᠡᠭ᠍ᠷᠢ ᠳᠤ

ᠨᠢᠭᠡ ᠣᠳᠤ ᠠᠰ ᠲᠠᠭᠠᠨ ᠳᠦᠷᠠᠯᠵᠠᠨ ᠠᠰᠠᠨ᠎ᠠ

ᠨᠠᠭᠤᠷ ᠤᠨ ᠳᠤᠳᠤᠷ᠎ᠠ ᠬᠠᠷᠪᠣᠵᠤ ᠣᠨᠠᠭᠠᠤᠨ

ᠨᠢᠳᠤ ᠪᠣᠯᠵᠤ ᠳᠤᠰ ᠲᠠᠭᠠᠨ ᠴᠤᠭᠰᠢᠵᠤ ᠰᠢᠳᠠᠨ᠎ᠠ

᠊ᠭ᠍‍ᠬᠢᠷ ᠦᠭᠡᠶ ᠮᠢᠨᠤ ᠰᠡᠳᠬᠢᠯ ᠤᠨ ᠳᠡᠭ᠍ᠷᠢ ᠳᠤ

ᠭᠦᠰᠡᠯ ᠤᠨ ᠨᠢᠭᠡ ᠣᠳᠤ ᠡᠮᠦᠨ᠎ᠡ ᠪᠠᠨ ᠠᠰᠠᠨ᠎ᠠ

ᠭᠡᠭᠦᠳᠡᠭ᠌ ᠤᠨ ᠮᠢᠨᠢ ᠬᠠᠷᠠᠩᠭ᠋ᠤᠢ ᠶᠢ ᠭᠡᠢ᠌ᠭᠦᠯᠤᠨ ᠭᠡᠷᠡᠯᠳᠦᠭᠦᠯᠦᠭᠡᠳ

ᠭᠡᠦᠭᠡᠡᠴᠦᠳ ᠤᠨ ᠳᠤᠮᠳᠠ ᠡᠴᠡ ᠣᠠᠳᠤᠤ ᠪᠠᠷ ᠭᠢᠯᠠᠯᠵᠠᠨ᠎ᠠ

ᠬᠤᠶᠠᠷ ᠣᠳᠤᠨ ᠤ ᠭᠠᠯ ᠨᠡᠢ᠌ᠯᠡᠭᠡᠳ

ᠬᠠᠷᠠᠩᠭ᠋ᠤᠢ ᠳᠡᠭ᠍ᠷᠢ ᠶᠢ ᠬᠣᠢ᠌ᠬᠤᠯᠠᠬᠤ ᠰᠢᠬᠠᠨ᠎ᠠ

ᠬᠤᠪᠢ ᠵᠠᠶᠠᠭᠠᠨ ᠤ ᠮᠢᠨᠢ ᠴᠠᠭᠠᠨ ᠴᠢᠯᠠᠭᠤ

ᠬᠠᠷᠢᠨ ᠠᠯᠠᠭᠠᠨ ᠳᠡᠭᠡᠷ᠎ᠡ ᠮᠢᠨᠢ ᠣᠯᠠᠢ᠌ᠰᠤᠨ᠎ᠠ



ᠵᠤᠬᠢᠶᠠᠭᠴᠢ ᠶᠢᠨ ᠬᠠᠶ‍ᠢᠭ᠄ ᠰᠢᠠᠵᠢᠶᠠᠩ ᠶᠢᠨ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2010 ᠤᠨ ᠤ 06 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ