☆ ᠯ·ᠣᠳᠤᠨ
ᠵᠠᠭ ᠤᠨ ᠭᠤᠪᠢ
ᠡᠪᠦᠯ ᠤᠨ ᠪᠠᠭᠡᠷᠡᠭ᠌ ᠨᠠᠷᠠ ᠭᠦᠢᠳᠡᠨ ᠡᠯᠡᠰᠤᠨ ᠳᠤ ᠬᠠᠴᠠᠷ ᠶᠢᠡᠨ ᠨᠠᠭᠠᠨ ᠡᠷᠭᠡᠯᠡᠨᠡᠮ
ᠦᠯᠢᠶᠠᠨ ᠥᠩᠭᠡᠷᠡᠭᠦ ᠭᠡᠭᠡᠷ᠎ᠡ ᠶᠢᠨ ᠵᠢᠪᠠᠷ ᠡᠪᠠᠰᠤᠨ ᠤ ᠦᠵᠦᠭᠦᠷ ᠰᠠᠮᠨᠠᠨᠠᠮ
ᠦᠷᠭᠦᠭᠦ ᠪᠠᠨ ᠮᠠᠷᠳᠠᠭᠰᠠᠨ ᠪᠠᠯᠴᠢᠭᠡᠷ ᠤᠨ ᠵᠡᠭᠡᠷ᠎ᠡ ᠭᠡᠪᠳᠡᠷᠢ ᠡᠴᠡ ᠪᠠᠨ ᠪᠣᠰᠤᠨ ᠰᠤᠨᠢᠶᠠᠨᠠᠮ
ᠦᠷᠭᠡᠯᠡᠵᠤ ᠬᠤᠨᠤᠭᠰᠠᠨ ᠦᠯᠤᠨ ᠮᠠᠨᠠᠨ ᠬᠤᠳᠠᠨ ᠡᠴᠡ ᠨᠡᠭᠦᠨ ᠬᠤᠯᠠᠳᠠᠨᠠᠮ
ᠴᠠᠢ ᠶᠢᠨ ᠴᠡᠩᠭᠡᠷ ᠣᠳᠤᠭ᠎ᠠ ᠴᠠᠷᠴᠠᠭᠰᠠᠨ ᠠᠭᠠᠷ ᠲᠤ ᠳᠤᠨᠤᠨ ᠭᠦᠯᠦᠷᠡᠨᠡᠮ
ᠴᠠᠩᠭ᠋ᠠᠭᠰᠠᠨ ᠭᠤᠪᠢ ᠶᠢᠨ ᠴᠢᠯᠡᠭᠡ ᠳᠠᠢ᠌ᠯᠤᠭᠳᠠᠨ ᠭᠤᠤᠯ ᠡᠴᠡ ᠪᠠᠨ ᠴᠢᠭᠢᠭ᠍ᠳᠡᠨ ᠨᠤᠷᠤᠨᠠᠮ
ᠴᠠᠭᠠᠨ ᠭᠦᠭᠡᠰᠤ ᠪᠠᠷ ᠪᠣᠤᠷᠠᠬᠤ ᠪᠣᠤᠷ᠎ᠠ ᠶᠢᠨ ᠠᠮᠠᠨ ᠡᠴᠡ ᠡᠪᠦᠯ ᠰᠤᠪᠣᠷᠠᠨ ᠭᠤᠭᠤᠵᠢᠨᠠᠮ
ᠴᠠᠩ ᠪᠣᠭᠤᠷᠤᠯ ᠠᠪᠣ ᠶᠢᠨ ᠡᠪᠦᠷ ᠡᠴᠡ ᠦᠷᠯᠦᠭᠡ ᠰᠠᠷᠠᠨ ᠥᠡᠳᠡᠢ᠌ᠨᠡᠮ
ᠡᠳᠦᠷ ᠤᠨ ᠰᠠᠢ᠌ᠬᠠᠨ ᠢ ᠮᠡᠳᠡᠭᠡᠯᠡᠵᠤ ᠣᠶᠠᠭᠠᠨ ᠳᠡᠭᠡᠷ᠎ᠡ ᠬᠤᠯᠠᠨ ᠵᠢᠷᠤᠭ᠎ᠠ ① ᠵᠢᠷᠭᠢᠨᠠᠮ
ᠦᠨᠦᠳᠤᠷ ᠭᠡᠢ᠌ᠴᠢᠨ ᠢᠷᠠᠨ᠎ᠡ ᠭᠡᠳ ᠡᠵᠢ ᠶᠠᠭᠠᠷᠠᠨ ᠰᠢᠷᠢᠳᠡᠭ᠌ ᠶᠢᠡᠨ ᠭᠦᠪᠢᠨᠡᠮ
ᠦᠷᠤᠮ᠎ᠠ ᠢᠳᠡᠭ᠍ᠰᠡᠨ ᠴᠠᠳᠬᠤᠯᠠᠩ ᠬᠤᠯᠤᠭᠠᠨ᠎ᠠ ᠠᠪᠳᠠᠷ᠎ᠠ ᠶᠢᠨ ᠠᠷᠤ ᠪᠠᠷ ᠣᠢ᠌ᠨᠠᠮ ②
ᠡᠭᠦᠳᠡᠨ ᠳᠤ ᠳᠡᠯᠭᠡᠭ᠍ᠰᠡᠨ ᠳᠤᠰᠤᠳᠠᠢ ᠨᠡᠭᠡᠢ ᠳᠡᠭᠡᠷ᠎ᠡ ᠪᠣᠭᠱᠤᠷᠭ᠎ᠠ ᠶᠢᠨ ᠭᠦᠯ ᠬᠠᠯᠳᠤᠷᠢᠨᠠᠮ
ᠠᠶᠠᠨ ᠳᠤ ᠪᠠᠨ ᠶᠠᠳᠠᠷᠠᠭᠰᠠᠨ ᠨᠠᠷᠠ ᠮᠠᠩᠬᠠᠨ ᠳᠡᠭᠡᠷ᠎ᠡ ᠭᠠᠷᠤᠭᠠᠤᠨ ᠠᠮᠠᠷᠠᠨᠠᠮ
ᠠᠩᠭ᠋ᠠᠵᠤ ᠣᠮᠳᠠᠭᠠᠰᠤᠭᠰᠠᠨ ᠮᠠᠯ ᠬᠤᠳᠳᠤᠭ ᠶᠢᠡᠨ ᠰᠠᠨᠠᠨ ᠡᠷᠭᠢᠨᠡᠮ
ᠠᠶᠠᠷᠬᠠᠨ ᠮᠠᠨᠠᠷᠠᠬᠤ ᠭᠦᠯ ᠤᠨ ᠳᠤᠭᠤᠰᠤᠨ ᠳᠤ ᠨᠢ ᠭᠠᠵᠠᠷ ᠤᠨ ᠰᠢᠷᠬ᠎ᠠ ᠠᠨᠠᠨᠠᠮ
ᠠᠷᠠᠢ ᠪᠣᠰᠤᠨ ᠳᠡᠡᠴᠢᠭᠦ ③ ᠨᠢᠯᠬ᠎ᠠ ᠲᠦᠯ ᠤᠨ ᠨᠢᠳᠤᠨ ᠳᠤ ᠳᠡᠭ᠍ᠷᠢ ᠨᠢ ᠮᠠᠢ᠌ᠯᠠᠴᠢᠬᠠᠭᠰᠠᠨ ᠬᠠᠷᠠᠭᠳᠠᠨᠠᠮ
ᠣᠮᠳᠠ ᠨᠢ ᠬᠠᠨᠤᠭᠰᠠᠨ ᠬᠤᠨᠢ ᠢᠮᠠᠭ᠎ᠠ ᠭᠦᠳᠡᠭᠡ ᠪᠠᠨ ᠳᠡᠪᠢᠰᠦᠭᠡᠳ ᠭᠡᠪᠳᠡᠨᠡᠮ
ᠣᠰᠤ ᠭᠤᠯᠤᠭᠰᠠᠨ ᠢᠷᠭᠡ ᠰᠡᠷᠭᠡ ᠬᠤᠳᠳᠤᠭ ᠤᠨ ᠠᠮᠠ ᠪᠠᠷ ᠡᠷᠭᠢᠴᠡᠨᠡᠮ
ᠤᠳᠬᠤᠭᠰᠠᠨ ᠣᠰᠤᠨ ᠳᠤ ᠨᠢ ᠭᠤᠪᠢ ᠨᠢ ᠳᠤᠨᠤᠴᠢᠬᠠᠭᠰᠠᠨ ᠣᠩᠭ᠋ᠤᠴᠠᠨ ᠳᠤᠳᠤᠷ᠎ᠠ ᠪᠣᠢ᠌ᠯᠠᠨᠠᠮ
ᠣᠷᠤᠰᠤᠭᠰᠠᠨ ᠭᠦᠯᠦᠰᠤᠨ ᠳᠤ ᠨᠢ ᠳᠡᠯᠡᠭᠡᠢ ᠣᠶᠠᠷᠠᠨ ᠰᠡᠳᠭᠢᠯ ᠲᠠᠭᠠᠨ ᠪᠦᠮᠪᠦᠷᠢᠨᠠᠮ
ᠵᠠᠭ ᠤᠨ ᠭᠦᠭᠡ ᠰᠡᠭᠦᠳᠡᠷ ᠬᠠᠭᠤᠷᠠᠢ ᠬᠤᠷᠮᠤᠢ ᠪᠠᠨ ᠴᠢᠷᠤᠨ ᠰᠤᠨᠤᠨᠠᠮ
ᠵᠠᠳᠠᠭᠠᠢ ᠳᠤ ᠣᠷᠭᠤᠭᠰᠠᠨ ᠰᠤᠯᠢ ᠶᠢᠨ ᠳᠤᠯᠤᠭᠠᠢ ᠴᠠᠭᠠᠷᠢᠭ ᠵᠢᠷᠤᠨ ᠨᠠᠭᠠᠳᠤᠨᠠᠮ
ᠵᠠᠢ᠌ᠳᠠᠩ ᠭᠤᠪᠢ ᠶᠢᠨ ᠨᠢᠴᠦᠭᠦᠨ ᠰᠠᠯᠭᠢ ᠵᠠᠪᠠᠭ ᠤᠨ ᠵᠠᠪᠰᠠᠷ ᠶᠢᠡᠷ ᠠᠮᠵᠢᠨ ᠰᠢᠷᠭᠤᠨᠠᠮ
ᠵᠠᠪ ᠥᠭ᠍ᠳᠡᠭ᠌ ᠦᠭᠡᠶ ᠡᠪᠦᠯ ᠤᠨ ᠦᠳᠡᠰᠢ ᠬᠠᠶᠠᠭᠠᠨ ᠳᠤ ᠮᠥᠯᠭᠦᠨ ᠢᠷᠠᠨᠠᠮ
ᠬᠤᠵᠢᠷᠰᠢᠭᠰᠠᠨ ᠮᠠᠯ ᠭᠡᠷ ᠪᠠᠷᠠᠭ᠎ᠠ ᠳᠢ᠌ᠷᠤᠨ ④ ᠬᠡᠦᠬᠡᠳ ᠶᠢᠡᠷ ᠭᠦᠭᠡᠭᠡᠯᠭᠡᠨᠡᠮ
ᠬᠤᠯᠤᠰᠤᠨ ᠳᠤ ᠨᠢᠭᠤᠭᠳᠠᠭᠰᠠᠨ ᠳᠠᠤᠯᠠᠢ ᠪᠣᠰᠤᠨ ᠬᠤᠳᠳᠤᠭ ᠤᠨ ᠮᠦᠰᠤ ᠳᠤᠯᠢᠶᠠᠨᠠᠮ
ᠬᠤᠯᠠ ᠶᠢᠨ ᠠᠨᠢᠷ ᠠᠪᠤᠨ ᠬᠤᠳᠠᠴᠢ ᠨᠤᠬᠠᠢ ᠪᠠᠢ᠌ᠨ ᠪᠠᠢ᠌ᠨ ᠬᠤᠴᠠᠨᠠᠮ
ᠬᠤᠩᠭ᠋ᠤᠷ ᠣᠳᠤᠳ ᠳᠤᠭᠤᠨᠤ ᠪᠠᠷ ᠠᠰᠬᠠᠷᠠᠨ ᠠᠶᠠᠭ᠎ᠠ ᠲᠡᠶ ᠴᠠᠢ ᠳᠤ ᠭᠦᠪᠪᠦᠨᠡᠮ
ᠰᠠᠠᠰᠠᠷ ᠤᠨ ᠠᠭᠤᠵᠢᠮ ᠢ ᠭᠤᠪᠢ ᠡᠴᠡ ᠠᠮᠢᠰᠬᠤᠵᠤ ᠡᠭᠦᠯᠡᠰ ᠭᠠᠵᠠᠷ ᠲᠤ ᠪᠠᠭᠤᠨᠠᠮ
ᠰᠠᠷᠠᠨ ᠤ ᠥᠭᠡ ᠶᠢ ᠡᠯᠡᠰᠤᠨ ᠳᠡᠭᠡᠷ᠎ᠡ ᠳᠠᠳᠠᠯᠠᠨ ᠰᠢᠪᠠᠭ ᠨᠠᠮᠠᠭ᠎ᠠ ᠪᠠᠷ ᠶᠢᠡᠨ ᠪᠦᠵᠢᠭᠯᠡᠨᠡᠮ
ᠱᠠᠭᠰᠢᠭ ᠤᠨ ᠰᠢᠪᠠᠨᠡᠭᠡ ᠮᠦᠰᠤᠨ ᠳᠡᠭᠡᠷ᠎ᠡ ᠬᠠᠯᠳᠤᠷᠢᠨ ᠨᠠᠭᠤᠷ ᠲᠤ ᠣᠨᠠᠨᠠᠮ
ᠱᠠᠩᠳᠠᠭᠤᠨ ᠪᠣᠳᠤᠯ ᠳᠤ ᠪᠠᠨ ᠨᠠᠭᠤᠷ ᠳᠤᠭᠳᠤᠯᠤᠨ ᠭᠦᠢᠰᠤᠨ ᠡᠴᠡ ᠪᠠᠨ ᠭᠡᠰᠦᠨᠡᠮ
ᠪᠦᠳᠦᠭᠡᠳ ᠪᠣᠢ᠌ᠯᠠᠭᠠᠨ ᠳᠤ ᠣᠶᠠᠷᠠᠵᠤ ᠳᠤᠷᠭᠠᠨ ᠡᠯᠡᠰᠤ ᠨᠢ ᠵᠥᠩᠳᠡᠭᠡᠨ ᠨᠤᠷᠠᠨᠠᠮ
ᠪᠣᠷᠤ ᠠᠯᠠᠭᠳᠠᠭ᠎ᠠ ᠭᠡᠷ ᠤᠨ ᠢᠷᠭᠢᠨ ⑤ ᠡᠴᠡ ᠪᠣᠭᠤᠷᠰᠤᠭ ᠤᠨ ᠡᠮᠳᠡᠷᠭᠡᠢ ᠵᠠᠭᠤᠭᠠᠤᠨ ᠪᠣᠴᠠᠨᠠᠮ
ᠪᠦᠮᠪᠦᠷᠴᠡᠭ᠌ ᠤᠨ ᠵᠡᠭᠦᠳᠤ ᠳᠠᠷᠠᠯᠠᠨ ᠪᠦᠮᠪᠦᠭᠡᠷ ᠭᠡᠷ ᠨᠢ ᠳᠤᠯᠪᠣ ᠪᠣᠯᠤᠨ ᠠᠭᠤᠰᠤᠨᠠᠮ
ᠪᠣᠭᠤᠷᠤᠯ ᠭᠠᠯᠪᠠ ᠶᠢᠨ ᠪᠦᠪᠠᠢ ᠠᠶᠠᠯᠤᠨ ᠵᠠᠭ ᠤᠨ ᠭᠤᠪᠢ ᠱᠤᠤᠭᠢᠨᠠᠮ ︕
2012 ᠣᠨ ᠤ 4 ᠰᠠᠷ᠎ᠠ ᠶᠢᠨ 1 ᠊᠊᠊᠊᠊᠊᠊᠊᠊᠊᠊᠊᠊᠊᠊ 4
① ᠭᠤᠪᠢ ᠳᠤ ᠠᠮᠢᠳᠤᠷᠠᠳᠠᠭ ᠬᠤᠯᠠᠨ ᠰᠢᠷᠭ᠎ᠠ ᠥᠩᠭᠡᠳᠡᠢ ᠰᠢᠪᠠᠭᠤ᠂ ᠣᠶᠠᠭᠠᠨ ᠳᠡᠭᠡᠷ᠎ᠡ ᠪᠠᠭᠤᠭᠠᠤᠨ ᠵᠢᠷᠭᠢᠪᠠᠯ ᠭᠡᠢ᠌ᠴᠢᠨ ᠢᠷᠠᠨ᠎ᠡ ᠭᠡᠮᠡᠨ
ᠪᠠᠯᠭᠡᠰᠢᠶᠡᠳᠡᠭ᠌᠃
② ᠳᠦᠷᠭᠡᠨ ᠭᠦᠶᠦᠭᠦ
③ ᠨᠢᠯᠬ᠎ᠠ ᠲᠦᠯ ᠰᠠᠶᠢ ᠪᠣᠰᠤᠨ ᠭᠦᠶᠦᠵᠤ ᠶᠠᠳᠠᠬᠤ
④ ᠪᠠᠢ᠌ᠨ ᠪᠠᠢ᠌ᠨ ᠳᠠᠪᠠᠵᠤ ᠪᠠᠭᠤᠨ ᠱᠦᠷᠭᠦᠭᠡᠭᠦ
⑤ ᠭᠡᠷ ᠤᠨ ᠬᠠᠶᠠᠭᠠᠪᠴᠢ
《 ᠦᠨᠢᠷ ᠴᠡᠴᠡᠭ᠌》 ᠰᠡᠳᠭᠦᠯ ᠤᠨ 2013 ᠣᠨ ᠤ ᠳᠤᠯᠤᠳᠤᠭᠠᠷ ᠬᠤᠭᠤᠴᠠᠭ᠎ᠠ ᠳᠡᠭᠡᠷ᠎ᠡ ᠨᠡᠢ᠌ᠳᠡᠯᠡᠭ᠍ᠳᠡᠪᠡ᠃
ᠵᠤᠬᠢᠶᠠᠭᠴᠢ ᠶᠢᠨ ᠬᠠᠶᠢᠭ ᠄ ᠬᠦᠬᠡᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10441
ᠴᠠᠭ᠄ 2013 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ