ᠨᠡᠪᠲᠡᠷᠡᠨ ᠤᠷᠤᠬᠤ
ᠨᠠᠮᠤᠷ ᠪᠠᠭᠤᠯ᠎ᠠ

ᠨᠠᠮᠤᠷ ᠤᠨ ᠰᠡᠷᠢᠭᠦᠨ ᠪᠠᠭᠤᠵᠤ ᠨᠠᠪᠴᠢᠰ ᠬᠤᠷᠪᠣᠢ᠌ᠨ᠎ᠠ᠂

ᠨᠤᠳᠤᠭ ᠶᠢᠡᠨ ᠰᠠᠨᠠᠵᠤ᠂ ᠭᠠᠯᠠᠭᠤᠳ ᠵᠠᠯᠠᠯᠠᠨ᠎ᠡ᠂

ᠴᠡᠴᠡᠭ᠌ ᠶᠢᠡᠨ ᠳᠡᠪᠠᠷᠢᠭ᠍ᠰᠡᠨ ᠳᠠᠯ᠎ᠠ ᠰᠢᠩᠬᠤᠨ ᠣᠷᠤᠭᠤᠯ ᠢ ᠨᠢ ᠵᠠᠪᠳᠤᠵᠤ ᠦᠨᠦᠰᠤᠨ᠎ᠡ᠂

ᠴᠡᠯᠭᠡᠮ᠎ᠡ ᠨᠤᠭᠤᠭᠠᠨ ᠡᠪᠠᠰᠤ ᠨᠢ ᠨᠢᠯᠪᠣᠰᠤ ᠪᠠᠨ ᠵᠥᠯᠭᠦᠨ ᠰᠢᠷᠠᠯᠠᠨ᠎ᠠ᠂

ᠱᠠᠭᠢᠬᠤ ᠪᠣᠷᠤᠭᠠᠨ ᠶᠠᠭᠠᠷᠠᠵᠤ ᠰᠢᠷ᠎ᠠ ᠡᠪᠠᠰᠤ ᠶᠢ ᠣᠮᠳᠠᠯᠠᠨ᠎ᠠ᠂

ᠴᠢᠳᠠᠯ ᠨᠢ ᠪᠠᠭᠤᠷᠠᠭᠰᠠᠨ ᠴᠤ ᠡᠪᠠᠰᠤ ᠨᠤᠭᠤᠭᠠᠨ ᠪᠣᠯᠬᠤ ᠶᠢ ᠰᠠᠨᠠᠨ᠎ᠠ᠃

ᠳᠦᠩᠭᠦᠢᠭ᠍ᠰᠡᠨ ᠠᠭᠤᠯᠠᠰ ᠤᠨ ᠥᠩᠭᠡ ᠬᠤᠵᠢ᠌ᠨ᠎ᠠ᠂

ᠳᠦᠩᠰᠦᠭᠡᠷ ᠳᠡᠭ᠍ᠷᠢ ᠶᠢᠨ ᠴᠢᠷᠠᠢ ᠣᠷᠳᠠᠢ᠌ᠨ᠎ᠠ᠂

ᠮᠤᠳᠤᠳ ᠤᠨ ᠮᠦᠴᠢᠷ ᠨᠠᠪᠴᠢ ᠪᠠᠨ ᠠᠯᠳᠠᠨ᠎ᠠ᠂

ᠮᠤᠷᠤᠯᠵᠠᠭᠰᠠᠨ ᠵᠠᠮ ᠣᠷᠳᠤ ᠪᠠᠨ ᠠᠯᠳᠠᠨ᠎ᠠ᠃

ᠰᠡᠷᠢᠭᠦᠨ ᠨᠠᠮᠤᠷ ᠰᠠᠨᠠᠮᠰᠠᠷ ᠦᠭᠡᠶ ᠨᠠᠰᠢ ᠪᠠᠭᠤᠵᠠᠢ

ᠰᠡᠭᠡᠷᠡᠭᠦᠨ ᠨᠠᠰᠤ ᠮᠡᠳᠡᠭ᠍ᠳᠡᠯ ᠦᠭᠡᠶ ᠴᠠᠰᠢ ᠶᠠᠪᠣᠵᠠᠢ᠂

ᠰᠡᠷᠢᠭᠦᠯᠭᠡᠳᠤ ᠴᠠᠭ ᠠᠠᠳᠠᠯ ᠦᠭᠡᠶ ᠳᠡᠭᠦᠨ ᠢ ᠳᠡᠮᠳᠡᠭᠯᠡᠵᠡᠢ᠂

ᠴᠢᠷᠠᠢ ᠶᠢᠨ ᠬᠤᠨᠢᠶᠠᠰᠤ ᠮᠠᠷᠳᠠᠯ ᠦᠭᠡᠶ ᠳᠡᠭᠦᠨ ᠢ ᠳᠠᠮᠠᠭᠠᠯᠠᠵᠠᠢ᠃   

ᠪᠣᠴᠠᠭᠰᠠᠨ ᠭᠠᠯᠠᠭᠤ ᠡᠷᠭᠢᠵᠤ ᠢᠷᠠᠪᠠᠴᠤ

ᠪᠣᠭᠤᠷᠤᠯᠳᠤᠭᠰᠠᠨ ᠭᠡᠵᠢᠭᠡ ᠳᠠᠭᠢᠵᠤ ᠬᠠᠷᠠᠯᠠᠬᠤ ᠥᠭᠡᠢ

ᠪᠣᠷᠤᠭᠵᠢᠭᠤᠨ ᠪᠣᠯᠪᠠᠴᠤ ᠰᠢᠯᠦᠭ᠌ ᠶᠢᠡᠨ ᠪᠢᠴᠢᠵᠤ ᠰᠠᠭᠤᠶ᠎ᠠ᠂

ᠪᠣᠳᠤᠯ ᠰᠠᠨᠠᠯ ᠶᠢᠡᠨ ᠮᠤᠩᠭ᠋ᠤᠯ ᠲᠡᠶ ᠪᠠᠨ ᠰᠤᠯᠢᠯᠴᠠᠵᠤ ᠰᠠᠭᠤᠶ᠎ᠠ᠂

ᠪᠣᠰᠤᠭ᠎ᠠ ᠥᠰᠦᠭ᠌ ᠶᠢᠡᠷ ᠶᠢᠡᠨ ᠳᠡᠯᠡᠭᠡᠢ ᠳᠤᠭᠤᠷᠢᠵᠤ ᠶᠠᠪᠣᠶ᠎ᠠ᠂

ᠪᠣᠴᠠᠯᠤᠮ᠎ᠠ ᠬᠠᠢ᠌ᠷ᠎ᠠ ᠪᠠᠨ ᠦᠨᠳᠦᠰᠦᠳᠠᠨ ᠳᠤ ᠪᠠᠨ ᠶᠡᠭᠦᠯᠡᠵᠤ ᠶᠠᠪᠣᠶ᠎ᠠ︕


ᠵᠤᠬᠢᠶᠠᠭᠴᠢ ᠶᠢᠨ ᠬᠠᠶ‍ᠢᠭ ᠄ ᠲᠦᠩᠯᠢᠶᠤᠤ  ᠬᠤᠳᠠ᠂   ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂   ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ·ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2010 ᠤᠨ ᠤ 09 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ