☆ ᠰᠠᠢ᠌ᠠᠪᠠᠶᠠᠷ
ᠠᠮᠢ
ᠨᠠᠷᠠᠨ ᠤ ᠳᠤᠤᠭᠤᠷ
ᠨᠠᠰᠤ ᠣᠷᠤᠰᠴᠤ
ᠨᠠᠮᠠᠭᠠᠨ ᠤ ᠳᠡᠭᠡᠭᠦᠷ
ᠮᠦᠷ ᠭᠠᠢ᠌ᠬᠠᠵᠤ
ᠠᠮᠢ ᠊᠊᠊᠊᠊᠊᠊᠊᠊᠊᠊᠊᠊᠊᠊
ᠪᠦᠮᠪᠦᠷᠴᠡᠭ᠌ ᠲᠦᠰᠢᠨ
ᠬᠠᠯᠳᠠᠷᠢᠵᠤ ᠶᠠᠪᠣᠨᠠᠮ
ᠪᠦᠳᠦᠭᠡᠯ ᠤᠨ ᠵᠢᠯᠤᠭ᠎ᠠ
ᠡᠯᠭᠦᠵᠤ ᠶᠠᠪᠣᠨᠠᠮ
ᠰᠠᠷᠠᠨ ᠤ ᠰᠠᠴᠤᠷᠠᠭ ᠲᠤ
ᠵᠡᠭᠦᠳᠤ ᠳᠠᠷᠬᠠᠯᠠᠵᠤ
ᠰᠡᠳᠭᠢᠯ ᠤᠨ ᠰᠡᠵᠢᠭᠦᠷ
ᠭᠦᠰᠡᠯ ᠰᠤᠶᠤᠭᠠᠯᠠᠵᠤ
ᠠᠮᠢ ᠊᠊᠊᠊᠊᠊᠊᠊᠊᠊᠊᠊᠊᠊᠊
ᠲ᠋ᠡᠯᠡᠭᠡᠢ ᠶᠢᠨ ᠰᠢᠮ᠎ᠠ ᠶᠢ
ᠳᠡᠭᠡᠵᠢᠯᠡᠵᠤ ᠶᠠᠪᠣᠨᠠᠮ
ᠲ᠋ᠡᠯᠭᠡᠷ ᠬᠤᠷᠸ᠎ᠠ ᠶᠢ
ᠴᠢᠮᠡᠭᠯᠡᠵᠤ ᠶᠠᠪᠣᠨᠠᠮ
ᠣᠨ ᠤ ᠭᠦᠷᠳᠤ ᠶᠢ
ᠬᠣᠢ᠌ᠰᠢ ᠢᠰᠭᠦᠯᠵᠤ
ᠤᠢ᠌ᠷᠠᠳᠬᠤ ᠥᠭᠦᠯ ᠳᠤ
ᠵᠠᠪᠳᠤᠯ ᠡᠪᠦᠷᠯᠡᠵᠤ
ᠠᠮᠢ ᠊᠊᠊᠊᠊᠊᠊᠊᠊᠊᠊᠊᠊᠊᠊
ᠣᠷᠴᠢᠯᠠᠩ ᠳᠡᠭᠡᠭᠦᠷ
ᠳᠦᠭᠡᠵᠤ ᠶᠠᠪᠣᠨᠠᠮ
ᠣᠯᠳᠠᠳᠠᠭ᠂ ᠠᠯᠳᠠᠳᠠᠭ
ᠰᠠᠳᠭᠢᠵᠤ ᠶᠠᠪᠣᠨᠠᠮ
ᠥᠵᠢᠷᠡᠭ᠍ᠰᠡᠨ ᠠᠮᠢ
ᠲ᠋ᠡᠯᠡᠭᠡᠢ ᠶᠢᠨ ᠭᠦᠷᠦᠰᠤᠨ ᠳᠤ
ᠨᠣᠢ᠌ᠷᠰᠤᠵᠤ ᠪᠠᠢ᠌ᠨᠠᠮ
ᠡᠭᠦᠰᠭᠦ ᠠᠮᠢ
ᠭᠠᠵᠠᠷ ᠤᠨ ᠭᠠᠳᠠᠷᠭᠤ ᠳᠤ
ᠣᠭᠢᠯᠠᠵᠤ ᠪᠠᠢ᠌ᠨᠠᠮ
ᠦᠶ᠎ᠡ ᠦᠶ᠎ᠡ
ᠠᠮᠢ ᠪᠦᠭᠦᠨ
ᠳᠡᠭ᠍ᠳᠡᠷᠯᠡᠵᠤ ᠪᠠᠢ᠌ᠨᠠᠮ
ᠥᠩᠭᠡᠷᠡᠭᠦ ᠳᠡᠦᠭᠡ ᠶᠢ
ᠣᠭᠳᠤᠬᠤ ᠢᠷᠡᠭᠡᠳᠦᠢ ᠲᠡᠶ
ᠵᠠᠯᠭᠠᠵᠤ ᠪᠠᠢ᠌ᠨᠠᠮ ︕
ᠠᠮᠢ ᠊᠊᠊᠊᠊᠊᠊᠊᠊᠊᠊᠊᠊᠊᠊
ᠮᠥᠩᠭᠡ ᠣᠷᠤᠰᠢᠬᠤ ᠶᠢᠨ
ᠰᠢᠳᠤᠯ ᠳᠠᠭᠢᠵᠤ
ᠮᠥᠦᠡᠳᠦᠭᠡᠨ ᠡᠭᠡᠭᠦ ᠶᠢᠨ
ᠮᠠᠷᠳᠠᠯ ᠲᠦᠰᠤᠵᠤ
ᠠᠮᠢ ᠊᠊᠊᠊᠊᠊᠊᠊᠊᠊᠊᠊᠊᠊᠊
ᠰᠠᠨᠠᠭ᠎ᠠ ᠵᠤᠷᠢᠭ ᠶᠢᠡᠨ
ᠭᠦᠪᠴᠢᠯᠡᠵᠤ ᠶᠠᠪᠣᠨᠠᠮ
ᠰᠠᠨᠠᠭᠰᠠᠨ ᠣᠢ᠌ᠯᠠᠰ ᠶᠢᠡᠨ
ᠪᠠᠶᠡᠯᠡᠭᠦᠯᠵᠤ ᠶᠠᠪᠣᠨᠠᠮ ︕
ᠵᠤᠬᠢᠶᠠᠭᠴᠢ ᠶᠢᠨ ᠬᠠᠶᠢᠭ ᠄ ᠪᠠᠷᠠᠭᠤᠨ ᠪᠠᠭᠠᠷᠢᠨ
ᠵᠤᠬᠢᠶᠠᠭᠴᠢ᠄ ᠰᠠᠢ᠌ᠠᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2012 ᠤᠨ ᠤ 03 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ