ᠨᠡᠪᠲᠡᠷᠡᠨ ᠤᠷᠤᠬᠤ
ᠪᠢ ᠶᠠᠭᠤ ᠪᠢᠯᠠ

ᠴᠠᠭᠢᠯᠵᠤ ᠣᠤᠠᠬᠤ ᠠᠭᠳᠠ ᠶᠢᠨ ᠳᠤᠭᠤᠷᠠᠢ ᠡᠴᠡ

ᠰᠠᠴᠤᠷᠠᠵᠤ ᠬᠤᠴᠤᠷᠠᠭᠰᠠᠨ ᠭᠠᠯ ᠤᠨ ᠣᠴᠢ

ᠴᠠᠰᠢᠯᠠᠵᠤ ᠬᠤᠯᠠᠳᠠᠭᠰᠠᠨ ᠭᠦᠷᠳᠤᠨ ᠡᠴᠡ

ᠰᠠᠯᠵᠤ ᠣᠨᠠᠭᠰᠠᠨ ᠡᠪᠳᠡᠷᠭᠡᠢ ᠪᠣᠯᠤ

ᠪᠢ ᠪᠢᠯᠠ ᠡ︕

ᠳᠡᠦᠭᠡ ᠶᠢᠨ ᠠᠯᠳᠠᠨ ᠭᠦᠷᠳᠤ ᠵᠢ

ᠬᠣᠢ᠌ᠰᠢ ᠬᠠᠠᠳᠤᠭᠤᠯᠵᠤ ᠣᠩᠰᠢᠭᠠᠤᠨ

ᠳᠡᠷᠢᠭᠦᠨ ᠶᠡᠭᠡ ᠭᠠᠪᠢᠶ᠎ᠠ ᠳ᠋ᠠᠭᠠᠨ

ᠰᠡᠳᠭᠢᠯ ᠬᠠᠨᠤᠭᠰᠠᠨ ᠪᠣᠷᠬᠠᠨ

ᠪᠢ ᠪᠢᠯᠠ ᠡ︕

ᠭᠡᠭᠡᠷ᠎ᠡ ᠬᠤᠨᠤᠭᠰᠠᠨ ᠦᠨᠦᠴᠢᠨ ᠰᠠᠷᠠ ᠵᠢ

ᠳᠡᠷᠭᠡᠯ ᠪᠣᠯᠭᠠᠬᠤ ᠭᠦᠰᠡᠯ ᠵᠢᠠᠷ

ᠭᠡᠨᠡᠨ ᠭᠦᠭᠡᠷᠦᠭᠦᠢ ᠣᠬᠠᠭᠠᠠᠳᠠᠨ

ᠪᠢ ᠪᠢᠯᠠ ᠡ︕

ᠥᠭᠡᠷᠡᠴᠢᠯᠡᠯᠳᠡ ᠨᠡᠭᠡᠭᠡᠯᠳᠡ ᠶᠢᠨ ᠡᠷᠡᠨ ᠳ᠋ᠤ

ᠬᠤᠯᠠ ᠶᠢᠨ ᠬᠠᠷᠠᠭ᠎ᠠ ᠳᠠᠯᠠᠵᠤ

ᠬᠤᠵᠢᠮᠳᠠᠵᠤ ᠣᠬᠠᠭᠠᠷᠠᠭᠰᠠᠨ ᠰᠡᠭᠡᠭᠡᠷᠡᠯ

ᠪᠢ ᠪᠢᠯᠠ ᠡ︕

ᠦᠷᠯᠦᠭᠡ ᠦᠳᠡᠰᠢ ᠶᠢ ᠳᠠᠮᠠᠴᠠᠨ

ᠦᠴᠦᠭᠡᠳᠦᠷ ᠶᠢᠡᠨ ᠨᠥᠭᠦᠭᠦ ᠬᠠᠯᠠᠭᠠᠰᠤ

ᠥᠳᠡᠯᠦᠭᠡ ᠨᠢᠯᠬᠠᠰ ᠲᠠᠭᠠᠨ ᠰᠠᠨᠠᠭᠤᠯᠬᠤ

ᠥᠭᠡᠳᠡᠯᠡᠭᠦ ᠮᠡᠷᠭᠡᠨ ᠰᠤᠷᠭᠠᠯ

ᠪᠢ ᠪᠢᠯᠠ ᠡ︕

ᠴᠠᠭ ᠤᠨ ᠵᠠᠢ ᠳᠤ ᠣᠬᠠᠭ᠎ᠠ ᠭᠡᠢ᠌ᠭ᠍ᠰᠡᠨ

ᠰᠠᠨᠠᠭ᠎ᠠ ᠪᠣᠳᠤᠯ ᠤᠨ ᠴᠠᠮᠬᠠᠭ

ᠴᠠᠭᠯᠠᠰᠢ ᠦᠭᠡᠶ ᠭᠦᠰᠡᠯ ᠡᠪᠦᠷᠯᠡᠭ᠍ᠰᠡᠨ

ᠰᠠᠷᠠᠭᠤᠯ ᠮᠠᠷᠭᠠᠰᠢ ᠶᠢᠨ ᠣᠳᠤ

ᠪᠢ ᠪᠢᠯᠠ ᠡ︕

ᠮᠤᠷᠳᠠᠬᠤ ᠵᠥᠭ᠌ ᠤᠨ ᠨᠠᠷᠠ ᠪᠠᠷᠠᠯᠠᠭᠰᠠᠨ

ᠨᠤᠶᠠᠨ ᠣᠷᠭᠢᠯ ᠤᠨ ᠰᠡᠵᠢᠭᠦᠷ

ᠮᠤᠩᠭ᠋ᠤᠯ ᠭᠡᠰᠡᠨ ᠨᠠᠷ᠎ᠠ ᠳᠠᠮᠨᠠᠭᠰᠠᠨ

ᠨᠤᠮᠢᠨ ᠥᠩᠭᠡ ᠶᠢᠨ ᠭᠦᠭᠦᠷᠭᠡ

ᠪᠢ ᠪᠢᠯᠠ ᠡ︕


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠣᠷᠤᠳᠠᠯ᠎ᠠ ᠬᠤᠳᠠ ᠶᠢᠨ ᠭᠤᠷᠪᠠᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠸᠴᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2010 ᠤᠨ ᠤ 09 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ