ᠨᠡᠪᠲᠡᠷᠡᠨ ᠤᠷᠤᠬᠤ
ᠵᠢᠷᠭᠠᠯ

      1.

ᠥᠯᠦᠰᠭᠦᠯᠡᠩ ᠨᠢᠴᠦᠭᠦᠨ ᠭᠣᠢ᠌ᠷᠠᠠᠴᠢ ᠳ᠋ᠤ

ᠡᠮᠭᠦ ᠬᠤᠭᠤᠯᠠ ᠪᠣᠯ ᠵᠢᠷᠭᠠᠯ

ᠥᠭᠡᠢ᠌ᠭᠦᠤ ᠶᠠᠳᠠᠭᠤ ᠬᠠᠷᠠᠴᠤ ᠳ᠋ᠤ

ᠰᠤᠬᠤᠷ ᠵᠤᠭᠤᠰ ᠪᠣᠯ ᠵᠢᠷᠭᠠᠯ

ᠠᠩᠭ᠋ᠠᠵᠤ ᠴᠠᠩᠭ᠋ᠠᠭᠰᠠᠨ ᠲᠤᠢ᠌ᠯᠳᠠᠭᠰᠠᠤᠨ ᠳᠤ

ᠠᠮᠠ ᠣᠰᠤ ᠪᠣᠯ ᠵᠢᠷᠭᠠᠯ

ᠡᠨᠡᠯᠦᠵᠤ ᠵᠤᠪᠠᠨᠢᠭᠰᠠᠨ ᠡᠪᠡᠳᠴᠢᠳᠡᠨ ᠳ᠋ᠤ

ᠡᠷᠡᠭᠦᠯ ᠡᠩᠭᠡ ᠪᠣᠯ ᠵᠢᠷᠭᠠᠯ

ᠠᠮᠠᠷᠠᠭ ᠬᠤᠤᠰ ᠤᠨ ᠳᠡᠯᠡᠭᠡᠢ ᠳ᠋ᠤ

ᠢᠨᠠᠭ ᠦᠨᠦᠰᠤᠯᠳᠠ ᠪᠣᠯ ᠵᠢᠷᠭᠠᠯ

ᠠᠮᠢᠳᠤᠷᠠᠯ ᠬᠠᠢ᠌ᠷ᠎ᠠ ᠶᠢᠨ ᠬᠤᠷᠸ᠎ᠠ ᠳ᠋ᠤ

ᠢᠳᠡᠭᠡᠯ ᠭᠦᠰᠡᠯ ᠪᠣᠯ ᠵᠢᠷᠭᠠᠯ

     2.

ᠵᠢᠷᠭᠠᠯ ᠭᠡᠭ᠍ᠴᠢ

ᠡᠶᠡᠪᠠᠷᠭᠦ ᠨᠠᠷᠠᠨ ᠳᠤ ᠪᠠᠶ᠎ᠠ ᠪᠠᠨ ᠡᠭᠡᠭᠡᠭᠦ ᠶᠢ ᠭᠡᠯᠡᠨ᠎ᠡ

ᠵᠢᠷᠭᠠᠯ ᠭᠡᠭ᠍ᠴᠢ

ᠳᠠᠯ᠎ᠠ ᠶᠢᠨ ᠠᠭᠤᠳᠠᠮᠬᠠᠨ ᠵᠠᠢ᠌ᠴᠢᠨ ᠳᠤ ᠣᠭᠳᠠᠷᠭᠤᠢ ᠶᠢ ᠰᠢᠷᠳᠡᠭᠦ ᠶᠢ ᠭᠡᠯᠡᠨ᠎ᠡ

ᠵᠢᠷᠭᠠᠯ ᠭᠡᠭ᠍ᠴᠢ

ᠰᠠᠷᠠᠨ ᠤ ᠭᠡᠢ᠌ᠪᠠᠭᠡᠨ ᠳᠤᠶᠠᠭᠠᠨ ᠳᠤ ᠴᠢᠮ᠎ᠠ ᠪᠠᠨ ᠳᠤᠷᠠᠰᠬᠤ ᠶᠢ ᠭᠡᠯᠡᠨ᠎ᠡ

ᠵᠢᠷᠭᠠᠯ ᠭᠡᠭ᠍ᠴᠢ

ᠴᠢᠨᠤ ᠰᠠᠢ᠌ᠨ ᠰᠠᠢ᠌ᠬᠠᠨ ᠢ ᠬᠤᠯᠠ ᠡᠴᠠ ᠬᠠᠷᠠᠬᠤ ᠶᠢ ᠭᠡᠯᠡᠨ᠎ᠡ

     3.

ᠠᠭᠤᠯᠵᠠᠬᠤ ᠨᠢ ᠵᠢᠷᠭᠠᠯ ᠰᠠᠯᠬᠤ ᠨᠢ ᠴᠤ ᠵᠢᠷᠭᠠᠯ

ᠣᠯᠬᠤ ᠨᠢ ᠵᠢᠷᠭᠠᠯ ᠠᠯᠳᠠᠬᠤ ᠨᠢ ᠴᠤ ᠵᠢᠷᠭᠠᠯ

ᠠᠮᠢᠳᠤᠷᠠᠬᠤ ᠨᠢ ᠵᠢᠷᠭᠠᠯ ᠥᠭᠦᠭᠦ ᠨᠢ ᠴᠤ ᠵᠢᠷᠭᠠᠯ

ᠢᠨᠢᠶᠡᠭᠦ ᠨᠢ ᠵᠢᠷᠭᠠᠯ ᠣᠭᠢᠯᠠᠬᠤ ᠨᠢ ᠴᠤ ᠵᠢᠷᠭᠠᠯ

ᠬᠠᠢ᠌ᠷᠠᠯᠠᠬᠤ ᠨᠢ ᠵᠢᠷᠭᠠᠯ ᠬᠠᠢ᠌ᠷᠠᠯᠠᠭᠳᠠᠬᠤ ᠨᠢ ᠴᠤ ᠵᠢᠷᠭᠠᠯ

ᠳᠤᠷᠠᠰᠬᠤ ᠨᠢ ᠵᠢᠷᠭᠠᠯ ᠮᠠᠷᠳᠠᠬᠤ ᠨᠢ ᠴᠤ ᠵᠢᠷᠭᠠᠯ

ᠪᠠᠶᠠᠨ ᠨᠢ ᠵᠢᠷᠭᠠᠯ ᠶᠠᠳᠠᠭᠤ ᠨᠢ ᠴᠤ ᠵᠢᠷᠭᠠᠯ

ᠵᠠᠯᠠᠭᠤ ᠨᠢ ᠵᠢᠷᠭᠠᠯ ᠥᠳᠡᠯᠭᠦ ᠨᠢ ᠴᠤ ᠵᠢᠷᠭᠠᠯ

     4.

ᠵᠢᠷᠭᠠᠯ ᠬᠠᠮᠢᠭ᠎ᠠ ᠪᠠᠢ᠌ᠨ᠎ᠠ

ᠡᠵᠢ ᠶᠢᠨ ᠴᠢᠨᠠᠭᠰᠠᠨ ᠠᠮᠳᠠᠳᠤ ᠬᠤᠭᠤᠯᠠᠨ ᠳᠤ ᠪᠣᠢ

ᠠᠪᠣ ᠶᠢᠨ ᠵᠠᠭᠢᠭᠰᠠᠨ ᠬᠠᠳᠠᠭᠤ ᠰᠤᠷᠭᠠᠯ ᠳᠤ ᠪᠣᠢ

ᠠᠮᠵᠢᠯᠳᠠ ᠢᠯᠠᠯᠳᠠ ᠶᠢᠨ ᠳᠠᠭᠤᠯᠠᠯ ᠳᠤ ᠪᠣᠢ

ᠠᠭᠢᠯᠳᠠ ᠳᠠᠪᠰᠢᠯᠳᠠ ᠶᠢᠨ ᠰᠤᠪᠢᠩ ᠳᠤ ᠪᠣᠢ

ᠠᠠᠳᠠ ᠶᠢᠨ ᠳᠤᠳᠤᠨᠤ ᠰᠡᠳᠭᠢᠯ ᠳᠤ ᠪᠣᠢ

ᠠᠮᠠᠷᠠᠭ ᠤᠨ ᠬᠠᠯᠠᠭᠤᠨ ᠬᠠᠷᠠᠴᠠᠨ ᠳᠤ ᠪᠣᠢ

ᠢᠳᠡᠭᠡᠯ ᠰᠡᠳᠭᠢᠯ ᠤᠨ ᠬᠤᠯᠪᠣᠭ᠎ᠠ ᠳᠤ ᠪᠣᠢ

ᠢᠨᠠᠭ ᠤᠨ ᠬᠠᠳᠠᠨ ᠥᠭᠡᠰ ᠲᠤ ᠪᠣᠢ

ᠢᠯᠳᠠᠮᠬᠠᠨ ᠰᠠᠢ᠌ᠬᠠᠨ ᠡᠷᠭᠢᠴᠡᠭᠦᠯᠦᠯ ᠳᠤ ᠪᠣᠢ

ᠢᠷᠡᠭᠦ ᠮᠠᠷᠭᠠᠰᠢ ᠶᠢᠨ ᠵᠡᠭᠦᠳᠤᠨ ᠪᠣᠢ

     5.

ᠦᠨᠡᠨᠳᠡᠭᠡᠨ ᠵᠢᠷᠭᠠᠯ ᠭᠡᠵᠤ

ᠦᠷᠦᠪᠴᠢᠭᠡᠨ ᠰᠡᠳᠭᠢᠯ ᠤᠨ ᠣᠠᠴᠠ ᠭᠦᠷᠳᠡᠮᠵᠢ

ᠥᠩᠭᠡ ᠶ‍ᠢᠷᠳᠢᠠᠴᠤ ᠶᠢᠨ ᠭᠤᠸ᠎ᠠ ᠳᠠᠭᠠᠰᠢᠶᠠᠯ

ᠦᠪᠡᠷ ᠪᠢ ᠶᠢᠨ ᠭᠤᠴᠤ ᠬᠠᠨᠤᠮᠵᠢ

ᠦᠵᠡᠯᠳᠠ ᠳᠠᠨᠢᠯᠳᠠ ᠶᠢᠨ ᠭᠦᠨ ᠣᠢ᠌ᠯᠠᠭᠠᠮᠵᠢ



ᠵᠤᠬᠢᠶᠠᠭᠴᠢ ᠶᠢᠨ ᠬᠠ‍‌ᠶᠢᠭ ᠄ ᠠᠪᠠᠭ᠎ᠠ ᠬᠤᠰᠢᠭᠤ

ᠵᠤᠬᠢᠶᠠᠭᠴᠢ᠄ ᠪᠠᠶᠠᠭᠤᠳ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10224
ᠴᠠᠭ᠄ 2012 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ