ᠨᠡᠪᠲᠡᠷᠡᠨ ᠤᠷᠤᠬᠤ
ᠮᠤᠩᠭ᠋ᠤᠯᠴᠤᠳ ᠤᠨ ᠰᠦᠯᠳᠡ ᠶᠢᠨ ᠰᠢᠳᠦᠯᠭᠡ

ᠮᠤᠩᠭ᠋ᠤᠯᠴᠤᠳ ᠰᠦᠯᠳᠡ ᠶᠢ ᠰᠢᠳᠤᠨ ᠪᠢᠰᠢᠷᠠᠵᠤ᠂ ᠰᠦᠯᠳᠡ ᠶᠢᠨ ᠰᠢᠳᠦᠯᠭᠡ ᠶᠢᠨ ᠰᠤᠶᠤᠯ ᠣᠷᠴᠢᠮ ᠤᠨ ᠵᠢᠯ ᠮᠤᠩᠭ᠋ᠤᠯᠴᠤᠳ ᠤᠨ ᠳᠤᠮᠳᠠ ᠰᠡᠷᠭᠦᠵᠤ ᠡᠭᠢᠯᠡᠯ᠎ᠡ᠂ ᠣᠠᠴᠠᠭᠠᠢ᠌ᠯᠠᠨ ᠣᠷᠳᠤᠰ ᠨᠤᠳᠤᠭ ᠲᠤ ᠨᠠᠯᠢᠶᠠᠤᠨ ᠳᠦᠭᠡᠮᠡᠯ ᠬᠠᠷᠠᠭᠳᠠᠬᠤ ᠪᠣᠯᠤᠭᠰᠠᠨ ᠪᠠᠢ᠌ᠨ᠎ᠠ᠃

ᠳᠡᠭᠡᠪᠠᠯ ᠰᠦᠯᠳᠡ ᠭᠡᠭ᠍ᠴᠢ ᠶᠠᠭᠤ ᠪᠣᠢ ︖

ᠰᠦᠯᠳᠡ ᠭᠡᠭ᠍ᠴᠢ ᠴᠤᠬᠤᠮ ᠶᠠᠭᠤ ᠪᠣᠢ ︖

ᠰᠦᠯᠳᠡ ᠪᠣᠯ ᠵᠤᠷᠢᠭ ᠰᠠᠮᠪᠠᠭ᠎ᠠ ᠵᠤᠷᠢᠭᠰᠠᠨ ᠵᠥᠭ᠌ ᠶᠢᠡᠨ ᠢᠳᠡᠯᠡᠭᠦ ᠭᠦᠴᠤ᠂ ᠰᠠᠨᠠᠭᠰᠠᠨ ᠭᠦᠰᠡᠯ ᠶᠢᠡᠨ ᠪᠠᠶᠡᠯᠡᠭᠦᠯᠭᠦ ᠠᠷᠭ᠎ᠠ ᠰᠠᠮᠪᠠᠭ᠎ᠠ ᠮᠦᠨ᠂ ᠵᠤᠷᠢᠭ ᠪᠣᠯᠤᠨ ᠠᠷᠭ᠎ᠠ ᠰᠠᠮᠪᠠᠭ᠎ᠠ ᠪᠦᠷᠢᠳᠦᠭ᠍ᠰᠡᠳ ᠰᠠ‍‌ᠶᠢ ᠰᠦᠯᠳᠡ ᠭᠡᠢ᠌ᠮᠦᠷᠢ ᠲᠡᠶ ᠭᠡᠵᠤ ᠶᠠᠷᠢᠭᠳᠠᠬᠤ ᠪᠣᠯᠤᠨ᠎ᠠ᠃ ᠡᠨᠡᠭᠦ ᠤᠳᠬ᠎ᠠ ᠪᠠᠷ ᠶᠢᠡᠨ ᠰᠦᠯᠳᠡ ᠪᠣᠯ ᠮᠤᠩᠭ᠋ᠤᠯᠴᠤᠳ ᠤᠨ ᠣᠶᠤᠨ ᠰᠡᠳᠭᠢᠭᠦᠢ ᠳ᠋ᠠᠭᠢ ᠪᠢᠰᠢᠷᠠᠯ ᠪᠣᠯᠵᠤ ᠪᠠᠢ᠌ᠭ᠎ᠠ᠃

ᠳᠠᠷᠠᠭ᠎ᠠ ᠳ᠋ᠤᠨᠢ ᠰᠦᠯᠳᠡ ᠪᠣᠯ ᠰᠦᠨᠠᠰᠤᠨ ᠤ ᠪᠣᠳᠠᠳᠠᠢ᠌ᠵᠢᠯ ᠰᠦᠯᠳᠡ ᠶᠢᠨ ᠰᠢᠳᠦᠯᠭᠡ ᠳᠠᠢ᠌ᠯᠭ᠎ᠠ ᠶᠢᠨ ᠰᠤᠶᠤᠯ ᠳᠤ ᠳᠡᠭ᠍ᠷᠢ ᠶᠢᠨ ᠳᠠᠭᠢᠯᠭ᠎ᠠ᠂ ᠳᠡᠭᠡᠳᠦᠰ ᠤᠨ ᠳᠠᠭᠢᠯᠭ᠎ᠠ ᠳ᠋ᠠᠭᠢ ᠰᠦᠨᠠᠰᠤ ᠶᠢ ᠰᠦᠯᠳᠡ ᠪᠠᠷ ᠪᠣᠳᠠᠳᠠᠢ᠌ᠵᠢᠭᠤᠯᠤᠨ᠂ ᠰᠦᠯᠳᠡ ᠨᠢ ᠰᠦᠨᠠᠰᠤ ᠶᠢᠨ ᠪᠣᠳᠠᠰᠵᠢᠭᠰᠠᠨ ᠭᠡᠯᠪᠠᠷᠢ ᠪᠣᠯᠵᠤ ᠢᠯᠠᠷᠠᠵᠤ ᠪᠠᠢ᠌ᠭ᠎ᠠ ᠶᠤᠮ᠃

ᠭᠤᠷᠪᠠ ᠳᠤ᠂ ᠰᠦᠯᠳᠡ ᠪᠣᠯ ᠡᠵᠡᠳ ᠰᠠᠭᠢᠭᠤᠰᠤ ᠱᠠᠰᠢᠨ ᠰᠤᠷᠳᠠᠬᠤᠨ ᠳ᠋ᠠᠭᠢ ᠰᠥᠵᠦᠭ᠍ᠳᠡᠨ ᠳᠡᠭᠡᠨ ᠰᠢᠳᠤᠨ ᠪᠢᠰᠢᠷᠡᠭ᠍ᠳᠡᠳᠡᠭ᠌ ᠡᠵᠡᠳ ᠰᠠᠭᠢᠭᠤᠰᠤ ᠪᠣᠯ ᠪᠠᠢ᠌ᠭᠠᠯᠢ ᠶᠠᠷᠳᠢᠠᠴᠤ ᠡᠴᠠ ᠳᠠᠪᠠᠭᠰᠠᠨ ᠭᠦᠴᠤᠨ ᠵᠣᠢ᠌ᠯ ᠤᠨ ᠭᠦᠮᠦᠡᠴᠢᠯᠡᠭ᠍ᠳᠡᠭ᠍ᠰᠡᠨ ᠭᠡᠯᠪᠠᠷᠢ ᠶᠤᠮ᠂ ᠰᠦᠯᠳᠡ ᠪᠣᠯ ᠬᠠᠮᠤᠭ ᠠᠩᠬᠠᠨ ᠤ ᠮᠤᠩᠭ᠋ᠤᠯ ᠤᠨ ᠣᠪᠣᠭ ᠠᠢ᠌ᠮᠠᠭ ᠤᠨ ᠡᠵᠡᠳ ᠰᠠᠭᠢᠭᠤᠰᠤ ᠶᠢᠨ ᠨᠢᠭᠡ ᠪᠠᠢ᠌ᠵᠠᠢ᠃ ᠣᠪᠣᠭ ᠠᠢ᠌ᠮᠠᠭ ᠤᠨ ᠡᠵᠡᠳ ᠰᠠᠭᠢᠭᠤᠰᠤ ᠪᠣᠯ ᠣᠪᠣᠭ ᠠᠢ᠌ᠮᠠᠭ ᠤᠨ ᠳᠡᠭᠡᠳᠦᠰ ᠪᠣᠶᠤ ᠣᠪᠣᠭ ᠠᠢ᠌ᠮᠠᠭ ᠤᠨ ᠬᠠᠮᠠᠭᠠᠯᠭᠴᠢ ᠰᠠᠭᠢᠭᠤᠰᠤ ᠮᠦᠨ᠃ ᠰᠦᠯᠳᠡ ᠨᠢ ᠭᠢᠶᠠᠤᠨ ᠶᠠᠰᠤᠳᠠᠨ ᠤ ᠬᠠᠮᠠᠭᠠᠯᠠᠭᠴᠢ ᠰᠠᠭᠢᠭᠤᠰᠤ ᠪᠠᠢ᠌ᠵᠤ᠂ ᠳᠤᠬᠠᠢ ᠶᠢᠨ ᠦᠶ᠎ᠡ ᠳᠤ ᠳᠡᠭ᠍ᠷᠢ ᠡᠴᠠ ᠵᠠᠶᠠᠭᠠᠵᠤ ᠳᠦᠷᠦᠭᠦᠯᠦᠭ᠍ᠰᠡᠨ ᠭᠢᠶᠠᠤᠨ ᠶᠠᠰᠤᠳᠠᠨ ᠤ ᠳᠠᠮᠤᠵᠢᠨ ᠢ ᠬᠠᠮᠠᠭᠠᠯᠠᠳᠠᠭ ᠪᠠᠢ᠌ᠭᠰᠠᠨ ᠢ 《ᠮᠤᠩᠭ᠋ᠤᠯ ᠤᠨ ᠨᠢᠭᠤᠴᠠ ᠳᠤᠪᠴᠢᠶᠠᠨ》 ᠊ᠤ ᠳᠡᠮᠳᠡᠭᠯᠡᠯ ᠭᠡᠷᠡᠴᠢᠯᠡᠵᠤ ᠪᠣᠢ᠃ ᠰᠦᠯᠳᠡ ᠨᠢ ᠪᠦᠭᠡ ᠮᠦᠷᠭᠦᠯ ᠤᠨ ᠰᠢᠳᠦᠯᠭᠡ ᠶᠢᠨ ᠰᠤᠶᠤᠯ ᠤᠨ ᠬᠤᠪᠢ ᠪᠠᠷ ᠱᠠᠰᠢᠨ ᠰᠤᠳᠤᠯᠤᠭᠴᠢᠳ ᠪᠠ ᠮᠤᠩᠭ᠋ᠤᠯ ᠰᠤᠳᠤᠯᠤᠯ ᠤᠨ ᠡᠷᠳᠡᠮᠳᠡᠳ ᠤᠨ ᠠᠩᠬᠠᠷᠤᠯ ᠢ ᠳᠠᠳᠠᠵᠤ᠂ ᠰᠦᠯᠳᠡ ᠶᠢᠨ ᠳᠤᠬᠠᠢ ᠰᠤᠳᠤᠯᠤᠯ ᠨᠢ ᠵᠦᠪᠯᠠᠯᠳᠤ᠂ ᠭᠧᠷᠮᠡᠨ ᠵᠡᠷᠭᠡ ᠣᠯᠤᠰ ᠤᠳ ᠤᠨ ᠮᠤᠩᠭ᠋ᠤᠯ ᠤᠨ ᠱᠠᠰᠢᠨ ᠰᠤᠷᠳᠠᠬᠤᠨ ᠢ ᠰᠤᠳᠤᠯᠤᠭᠰᠠᠨ ᠨᠤᠮ ᠵᠤᠬᠢᠶᠠᠯ ᠳᠤ ᠳᠡᠮᠳᠡᠭᠯᠡᠭ᠍ᠳᠡᠨ ᠳᠡᠯᠡᠭᠡᠢ ᠶᠢᠨ ᠱᠠᠰᠢᠨ ᠰᠤᠷᠳᠠᠬᠤᠨ ᠤ ᠰᠤᠳᠤᠯᠤᠯ ᠤᠨ ᠭᠦᠷᠢᠶ᠎ᠡ ᠴᠠᠷ᠎ᠠ ᠳᠤ 《ᠮᠤᠩᠭ᠋ᠤᠯ ᠤᠨ ᠱᠠᠰᠢᠨ ᠰᠤᠷᠳᠠᠬᠤᠨ》 ᠊ᠤ ᠰᠤᠶᠤᠯ ᠤᠨ ᠬᠤᠪᠢ ᠪᠠᠷ ᠬᠠᠮᠤᠷᠠᠭᠳᠠᠨ ᠣᠷᠤᠭᠰᠠᠨ ᠪᠠᠢ᠌ᠭ᠎ᠠ ᠶᠤᠮ᠃ ᠡᠷᠳᠡ ᠦᠶ᠎ᠡ ᠶᠢᠨ ᠭᠢᠶᠠᠤᠨ ᠤᠨ ᠡᠵᠡᠳ ᠰᠠᠭᠢᠭᠤᠰᠤ ᠨᠢ ᠳᠡᠯᠡᠭᠡᠢ ᠶᠢᠨ ᠱᠠᠰᠢᠨ ᠰᠤᠷᠳᠠᠬᠤᠨ ᠤ ᠳᠡᠦᠭᠡᠨ ᠳᠡᠭᠡᠷᠡᠭᠢ ᠡᠵᠡᠳ ᠰᠠᠭᠢᠭᠤᠰᠤ ᠶᠢᠨ ᠨᠢᠭᠡ ᠪᠣᠯᠵᠤ᠂ ᠠᠩᠬᠠᠷᠤᠭᠳᠠᠨ ᠰᠤᠳᠤᠯᠤᠭᠳᠠᠨ ᠪᠣᠢ᠃

ᠳᠦᠷᠪᠠ ᠳᠤ᠂ ᠰᠦᠯᠳᠡ ᠪᠣᠯ ᠡᠷᠳᠡᠨ ᠤ ᠮᠤᠩᠭ᠋ᠤᠯ ᠬᠠᠭᠠᠠᠳᠤ ᠣᠯᠤᠰ ᠤᠨ ᠳᠦᠷᠤ ᠶᠢᠨ ᠰᠢᠳᠦᠭᠡᠨ᠃ ᠪᠦᠭᠡ ᠮᠦᠷᠭᠦᠯ ᠨᠢ ᠡᠷᠳᠡᠨ ᠤ ᠮᠤᠩᠭ᠋ᠤᠯ ᠬᠠᠭᠠᠠᠳᠤ ᠳᠦᠷᠤ ᠶᠢᠨ ᠣᠯᠤᠰ ᠳᠦᠷᠤ ᠳᠤ ᠳᠦᠷᠤ ᠶᠢᠨ ᠱᠠᠰᠢᠨ ᠤ ᠪᠠᠢ᠌ᠷᠢ ᠰᠠᠭᠤᠷᠢ ᠲᠡᠶ ᠪᠠᠢ᠌ᠭᠰᠠᠨ ᠴᠠᠭ ᠦᠶ᠎ᠡ ᠳᠤ᠂ ᠳᠤᠬᠠᠢ ᠶᠢᠨ ᠦᠶ᠎ᠡ ᠶᠢᠨ ᠳᠦᠷᠤ ᠶᠢᠨ ᠴᠠᠭᠠᠨ ᠳᠤᠭ᠂ ᠴᠡᠷᠢᠭ᠌ ᠤᠨ ᠬᠠᠷ᠎ᠠ ᠳᠤᠭ᠂ ᠡᠯ᠎ᠡ ᠰᠠᠯᠠᠭ᠎ᠠ ᠴᠡᠷᠢᠭ᠌ ᠠᠩᠭᠢ ᠠᠢ᠌ᠮᠠᠭ ᠣᠪᠣᠭ ᠢ ᠳᠤᠰᠬᠠᠢ᠌ᠯᠠᠨ ᠵᠢᠯᠤᠭᠤᠳᠤᠭᠴᠢ ᠵᠠᠩᠵᠤᠳ ᠤᠨ ᠠᠯᠠᠭ ᠳᠤᠭ ᠲᠤ ᠴᠦᠮ ᠰᠦᠯᠳᠡ ᠶᠢᠨ ᠢᠳᠠ ᠭᠦᠴᠤ ᠰᠢᠩᠭᠡᠭᠡᠭ᠍ᠳᠡᠨ᠂ ᠨᠢᠭᠡ ᠰᠠᠯᠠᠭ᠎ᠠ ᠴᠡᠷᠢᠭ᠌ ᠠᠩᠭᠢ᠂ ᠨᠠᠢ᠌ᠳᠠ ᠴᠡᠷᠢᠭ᠌ ᠠᠩᠭᠢ ᠴᠢᠨᠠᠭᠰᠢᠯᠠᠨ ᠨᠠᠢ᠌ᠳᠠ ᠮᠤᠩᠭ᠋ᠤᠯᠴᠤᠳ ᠢ ᠨᠢᠭᠡᠳᠭᠡᠨ ᠣᠷᠠᠢ᠌ᠯᠠᠬᠤ ᠭᠦᠴᠤᠨ ᠲᠡᠶ ᠰᠥᠰᠦᠭ᠌ ᠪᠢᠰᠢᠷᠠᠯ ᠤᠨ ᠵᠣᠢ᠌ᠯ ᠪᠣᠯᠵᠤ᠂ ᠦᠨᠡᠨ ᠭᠡᠷᠡᠭ᠌ ᠳᠡᠭᠡᠷ᠎ᠡ ᠪᠠᠨ ᠳᠤᠭ ᠳᠤ ᠠᠭᠤᠯᠤᠭᠳᠠᠵᠤ ᠪᠠᠢ᠌ᠭᠰᠠᠨ ᠰᠦᠯᠳᠡ ᠨᠢ ᠳᠠᠷᠠ ᠦᠶ᠎ᠡ ᠶᠢᠨ ᠮᠤᠩᠭ᠋ᠤᠯ ᠬᠠᠭᠠᠠᠳᠤ ᠣᠯᠤᠰ ᠤᠨ ᠳᠦᠷᠤ ᠶᠢᠨ ᠰᠢᠳᠦᠭᠡᠨ ᠪᠣᠯᠤᠭᠰᠠᠨ ᠪᠠᠢ᠌ᠳᠠᠭ᠃

ᠳᠠᠪᠣ ᠳᠤ᠂ ᠰᠦᠯᠳᠡ ᠪᠣᠯ ᠮᠤᠩᠭ᠋ᠤᠯ ᠦᠨᠳᠦᠰᠦᠳᠠᠨ ᠤ ᠳᠡᠭᠡᠳᠦᠰ ᠤᠨ ᠲᠦᠯᠦᠭᠡᠯᠡᠯ ᠣᠷᠳᠤᠰ ᠨᠤᠳᠤᠭ ᠲᠤ ᠰᠡᠭᠦᠭᠡᠭ᠍ᠳᠡᠨ ᠳᠠᠭᠢᠭᠳᠠᠵᠤ ᠪᠠᠢ᠌ᠭ᠎ᠠ ᠭᠡᠳᠤᠨ ᠵᠣᠢ᠌ᠯ ᠤᠨ ᠰᠦᠯᠳᠡ ᠶᠢᠨ ᠰᠢᠳᠦᠯᠭᠡ ᠶᠢᠨ ᠥᠵᠡᠭ᠍ᠳᠡᠯ ᠢ ᠠᠵᠢᠭᠯᠠᠬᠤ ᠳᠤ᠂ ᠳᠠᠢ᠌ᠯᠭ᠎ᠠ ᠳᠠᠭᠢᠯᠭ᠎ᠠ ᠶᠢᠨ ᠣᠷᠤᠨ ᠢ ᠡᠷᠭᠢᠯᠡᠨ ᠪᠠᠢ᠌ᠭᠤᠯᠤᠭᠴᠢ ᠡᠴᠠ ᠠᠪᠣᠭᠠᠤᠨ ᠮᠦᠷᠭᠦᠯᠴᠢᠨ ᠰᠥᠰᠦᠭ᠍ᠳᠡᠨ ᠭᠦᠷᠳᠡᠯ᠎ᠡ ᠨᠠᠢ᠌ᠳᠠᠮ ᠳᠡᠭᠡᠨ 《ᠰᠦᠯᠳᠡ ᠰᠢᠳᠦᠭᠡᠨ》 ᠨᠢ ᠳᠠᠳᠠᠨ ᠤ ᠠᠵᠤ ᠠᠮᠢᠳᠤᠷᠠᠯ ᠢ ᠨᠢ ᠥᠭᠡᠳᠡᠯᠡᠭᠦᠯᠤᠨ ᠳᠡᠭ᠍ᠵᠢᠷᠡᠭᠦᠯᠭᠦ ᠪᠠᠯᠭᠡ ᠳᠠᠮᠪᠠᠷᠠᠯ ᠲᠡᠶ ᠵᠣᠢ᠌ᠯ ᠭᠡᠳᠡᠭ᠌ ᠲᠤ ᠵᠤᠭᠢᠬᠤ ᠭᠡᠮᠵᠢᠶ᠎ᠡ ᠪᠠᠷ ᠢᠯᠠ ᠪᠣᠶᠤ ᠳᠠᠯᠳᠠ ᠶᠢᠨ ᠢᠳᠡᠭᠡᠯ ᠪᠢᠰᠢᠷᠠᠯ ᠲᠡᠶ ᠪᠠᠢ᠌ᠳᠠᠭ᠃ ᠡᠢ᠌ᠮᠦᠷᠭᠦ ᠢᠳᠡᠭᠡᠯ ᠪᠢᠰᠢᠷᠠᠯ ᠤᠨ ᠰᠡᠳᠬᠢᠯᠭᠡ ᠨᠢ ᠰᠦᠯᠳᠡ ᠪᠣᠯ ᠳᠠᠳᠠᠨ ᠤ ᠳᠡᠭᠡᠳᠦᠰ ᠤᠨ ᠲᠦᠯᠦᠭᠡᠯᠡᠯ ᠮᠦᠨ ᠪᠣᠯᠬᠤ ᠭᠡᠳᠡᠭ᠌ ᠳᠠᠨᠢᠯᠳᠠ ᠡᠴᠠ ᠣᠠᠳᠤᠷᠤᠨ ᠡᠭᠦᠰᠦᠭ᠍ᠰᠡᠨ ᠪᠠᠢ᠌ᠨ᠎ᠠ᠃ ᠰᠦᠯᠳᠡ ᠶᠢᠨ ᠰᠢᠳᠦᠯᠭᠡ ᠪᠣᠯ ᠳᠡᠭᠡᠳᠦᠰ ᠤᠨ ᠰᠢᠳᠦᠯᠭᠡ ᠶᠢᠨ ᠨᠢᠭᠡᠨ ᠭᠡᠯᠪᠠᠷᠢ ᠮᠦᠨ᠃

ᠬᠤᠷᠢᠶᠠᠩᠭ᠋ᠣᠢ᠌ᠯᠠᠪᠠᠯ᠂ ᠳᠡᠭᠡᠳᠦᠰ ᠤᠨ ᠳᠠᠭᠢᠯᠭ᠎ᠠ ᠶᠢᠨ ᠨᠢᠭᠡᠨ ᠰᠠᠯᠪᠣᠷᠢ ᠪᠣᠯᠤᠭᠰᠠᠨ ᠰᠦᠯᠳᠡ ᠶᠢᠨ ᠰᠢᠳᠦᠯᠭᠡ ᠳᠤ ᠮᠤᠩᠭ᠋ᠤᠯ ᠤᠨ ᠣᠪᠣᠭ ᠣᠳᠤᠮ ᠤᠨ ᠭᠡᠯᠭᠢᠶᠡᠰᠤ ᠬᠠᠳᠠᠭᠠᠯᠠᠭᠳᠠᠵᠤ᠂ ᠴᠢᠩᠭᠢᠰ ᠬᠠᠭᠠᠨ ᠤ ᠦᠶ᠎ᠡ ᠶᠢᠨ ᠮᠤᠩᠭ᠋ᠤᠯ ᠤᠨ ᠳᠦᠷᠤ ᠪᠠᠢ᠌ᠭᠤᠯᠤᠯ ᠤᠨ ᠨᠢᠭᠤᠴᠠ ᠳᠤᠭᠢᠷᠠᠭᠤᠯᠤᠯ ᠤᠨ ᠪᠠᠯᠭᠡᠳᠡᠯ ᠬᠠᠷᠠᠭᠳᠠᠵᠤ᠂ ᠮᠤᠩᠭ᠋ᠤᠯᠴᠤᠳ ᠤᠨ ᠣᠤᠭᠠᠯ ᠰᠢᠳᠦᠯᠭᠡ ᠪᠣᠯᠬᠤ ᠪᠦᠭᠡ ᠮᠦᠷᠭᠦᠯ ᠤᠨ ᠰᠢᠳᠦᠯᠭᠡ ᠶᠢᠨ ᠣᠯᠠ ᠮᠦᠷ ᠳᠠᠮᠠᠭᠠᠯᠠᠭᠳᠠᠵᠤ᠂ ᠱᠠᠰᠢᠨ ᠰᠢᠳᠦᠯᠭᠡ ᠶᠢᠨ ᠨᠠᠠᠳᠢᠨ ᠦᠪ ᠪᠣᠯᠤᠭᠰᠠᠨ ᠰᠠᠩ ᠨᠤᠮ ᠤᠳ ᠢ ᠣᠯᠠᠮᠵᠢᠯᠠᠨ ᠥᠪᠯᠡᠭᠦᠯᠵᠤ ᠠᠪᠴᠢᠷᠠᠭᠰᠠᠨ ᠪᠠᠢ᠌ᠳᠠᠭ᠃

ᠳᠡᠭᠡᠭᠦ ᠳᠡᠭᠡᠨ᠂ ᠰᠦᠯᠳᠡ ᠶᠢᠨ ᠰᠢᠳᠦᠯᠭᠡ ᠶᠢ ᠰᠤᠨᠢᠭᠤᠴᠢᠯᠠᠵᠤ ᠰᠤᠳᠤᠯᠵᠤ ᠪᠢᠴᠢᠭ᠍ᠰᠡᠨ 《ᠮᠤᠩᠭ᠋ᠤᠯᠴᠤᠳ ᠤᠨ ᠰᠦᠯᠳᠡ ᠶᠢᠨ ᠰᠢᠳᠦᠯᠭᠡ》 ᠭᠡᠭᠦ ᠣᠤᠭᠠᠨ ᠪᠦᠳᠦᠭᠡᠯ ᠶᠢᠡᠨ ᠳᠠᠪᠤᠨ ᠵᠢᠯ ᠤᠨ ᠴᠠᠭ ᠭᠦᠴᠤ ᠪᠠᠨ ᠰᠢᠪᠬᠠᠵᠤ ᠪᠢᠴᠢᠵᠤ ᠭᠡᠪᠯᠡᠭᠦᠯᠦᠭ᠍ᠰᠡᠨ ᠪᠣᠯᠪᠠᠴᠤ ᠳᠦᠭᠦᠭᠡᠢ ᠳᠤᠳᠠᠭᠤ ᠡᠮᠵᠡᠭ᠌ ᠡᠷᠡᠮᠳᠡᠭ᠌ ᠲᠡᠶ ᠪᠣᠯᠴᠢᠬᠠᠬᠤ ᠡᠴᠠ ᠳᠦᠪᠠᠭ᠍ᠰᠢᠶᠡᠨ᠂ ᠭᠡᠪᠯᠡᠭᠦᠯᠦᠭ᠍ᠰᠡᠨ ᠨᠤᠮ ᠶᠢᠡᠨ ᠭᠡᠷ ᠲᠡᠭᠡᠨ ᠵᠢᠯ ᠭᠠᠷᠤᠢ ᠳᠠᠷᠤᠵᠤ ᠳᠠᠯᠪᠢᠭᠰᠠᠨ ᠶᠢᠡᠨ ᠡ᠊ᠨᠳᠡ ᠴᠠᠭᠠᠪᠣᠷᠢᠯᠠᠶ᠎ᠠ ︕ ᠮᠤᠩᠭ᠋ᠤᠯᠴᠤᠳ ᠤᠨ ᠰᠦᠯᠳᠡ ᠶᠢᠨ ᠰᠢᠳᠦᠯᠭᠡ ᠪᠣᠯ ᠳᠠᠶᠠᠭᠠᠷ ᠣᠯᠠᠨ ᠤ ᠰᠤᠶᠤᠯ ᠪᠢᠰᠢᠷᠠᠯ ᠪᠠᠢ᠌ᠭ᠎ᠠ᠃ ᠮᠤᠩᠭ᠋ᠤᠯᠴᠤᠳ ᠤᠨ ᠰᠦᠯᠳᠡ ᠶᠢᠨ ᠰᠢᠳᠦᠯᠭᠡ ᠨᠢ ᠳᠠᠨ ᠤ ᠳᠠᠨᠢᠯᠳᠠ ᠪᠠᠷ ᠶᠠᠭᠤ ᠭᠡᠵᠤ ᠮᠡᠳᠡᠷᠡᠭ᠍ᠳᠡᠳᠡᠭ᠌ ᠪᠠᠢ᠌ᠪᠠᠤ ︖

ᠣᠳᠤᠬᠠᠨ ᠪᠣᠯᠳᠠᠯ᠎ᠠ᠂ 《ᠮᠤᠩᠭ᠋ᠤᠯᠴᠤᠳ ᠤᠨ ᠰᠦᠯᠳᠡ ᠶᠢᠨ ᠰᠢᠳᠦᠯᠭᠡ》 ᠨᠤᠮ ᠶᠢᠡᠨ ᠬᠦᠬᠡᠬᠤᠲᠠ ᠶᠢᠨ ᠰᠤᠶᠤᠯ ᠤᠨ ᠵᠠᠬ᠎ᠠ ᠳᠡᠯᠭᠡᠭᠦᠷ ᠳᠠᠭᠢ ᠭᠡᠳᠤᠨ ᠨᠤᠮ ᠤᠨ ᠦᠷᠦᠭᠡ ᠳᠤ ᠵᠠᠭᠤᠭᠠᠤᠨ ᠳᠠᠪᠳᠠᠷ ᠢ ᠳᠠᠯᠪᠢᠵᠤ ᠳᠤᠷᠰᠢᠵᠤ ᠪᠣᠷᠤᠯᠠᠭᠤᠯᠤᠭᠰᠠᠨ ᠡᠴᠠ ᠭᠠᠳᠠᠨ᠎ᠠ᠂ ᠪᠣᠰᠤᠳ ᠠᠢ᠌ᠮᠠᠭ ᠬᠤᠳᠠ ᠬᠤᠰᠢᠭᠤ ᠶᠢᠨ ᠨᠤᠮ ᠤᠨ ᠦᠷᠦᠭᠡ ᠳᠤ ᠳᠠᠷᠬᠠᠭᠠᠵᠤ ᠦᠭ‍ᠭᠦᠭᠡ ᠦᠭᠡᠶ ᠪᠦᠭᠦᠳᠡ ᠶᠢ ᠥᠪᠠᠷᠳᠡᠭᠡᠨ ᠭᠡᠷ ᠲᠡᠭᠡᠨ ᠬᠤᠷᠢᠶᠠᠵᠤ ᠪᠠᠢ᠌ᠭ᠎ᠠ᠃ ᠣᠴᠢᠷ ᠨᠢ ᠳᠠᠶᠠᠭᠠᠷ ᠤᠨ ᠰᠤᠶᠤᠯ ᠢ ᠳᠡᠩᠳᠡᠭᠦᠤ ᠬᠠᠭᠤᠳᠠᠮ᠂ ᠳᠠᠩᠴᠤ ᠶᠠᠭᠠᠷᠠᠤ ᠦᠨᠡᠯᠠᠶ᠎ᠠ ᠭᠡᠵᠤ ᠰᠠᠨᠠᠬᠤ ᠦᠭᠡᠶ ᠡᠴᠠ ᠪᠢᠯᠠ᠃

2012 ᠣᠨ ᠤ ᠴᠠᠭᠠᠨ ᠰᠠᠷ᠎ᠠ


ᠵᠤᠬᠢᠶᠠᠭᠴᠢ ᠶᠢᠨ ᠬᠠ‍‌ᠶᠢᠭ ᠄ ᠣᠷᠳᠤᠰ ᠤᠨ ᠷᠠᠳᠢᠤ᠋ ᠳᠸᠯᠸᠢᠰ ᠬᠤᠷᠢᠶ᠎ᠠ

ᠵᠤᠬᠢᠶᠠᠭᠴᠢ᠄ ᠠᠯᠳᠠᠠᠳᠤᠭᠤᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7503
ᠴᠠᠭ᠄ 2012 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ