☆ ᠯ·ᠪᠠᠶᠠᠠᠵᠢᠷᠭᠠᠯ
ᠡᠵᠡᠨ ᠦᠭᠡᠶ ᠬᠠᠢ᠌ᠷ᠎ᠠ
ᠬᠠᠪᠣᠷ ᠤᠨ ᠭᠤᠷᠪᠠᠨ ᠰᠠᠷ᠎ᠠ ᠳᠠᠭᠠᠨ
ᠬᠠᠢ᠌ᠯ ᠤᠨ ᠣᠰᠤᠨ ᠮᠡᠯᠮᠡᠯᠵᠡᠭᠦ ᠰᠢᠭ
ᠬᠠᠢ᠌ᠷᠠᠯᠠᠵᠤ ᠳᠤᠷᠠᠯᠠᠬᠤ ᠶᠢᠨ ᠡᠷᠭᠡᠨ ᠳᠤ
ᠬᠠᠢ᠌ᠯᠵᠤ ᠢᠷᠡᠳᠡᠭ᠌ ᠰᠡᠳᠭᠢᠯ ᠴᠢᠨᠢ
ᠭᠦᠯᠢᠶᠡᠭᠦ ᠡᠵᠡᠨ ᠨᠢ ᠥᠭᠡᠢ
ᠭᠡᠭᠡᠷ᠎ᠡ ᠳᠠᠨᠤᠵᠤ ᠶᠠᠪᠣᠬᠤ ᠳᠠᠭᠠᠨ
ᠭᠦᠯᠳᠡᠵᠤ ᠭᠡᠰᠦᠵᠤ ᠦᠵᠡᠯ᠎ᠠ ᠴᠤ
ᠭᠦᠭᠡᠷᠦᠭᠦᠢᠯᠡᠭᠦ ᠭᠦᠮᠤᠨ ᠭᠠᠷᠤᠭ᠎ᠠ ᠥᠭᠡᠢ
ᠴᠠᠭᠢᠯᠤᠭᠰᠠᠨ ᠴᠠᠭᠠᠨ ᠭᠠᠷ ᠴᠢᠨᠢ
ᠴᠠᠷᠴᠠᠭᠤ ᠨᠠᠮᠤᠷ ᠤᠨ ᠨᠠᠪᠴᠢᠰ
ᠡᠰᠢᠨ ᠡᠴᠠ ᠪᠠᠨ ᠰᠠᠯᠵᠤ ᠭᠡᠢ᠌ᠰᠭᠦ ᠰᠢᠭ᠌
ᠡᠷ᠎ᠡ ᠶᠢᠨ ᠡᠪᠦᠷ ᠳᠡᠮᠳᠡᠷᠭᠢᠯᠡᠭᠦ ᠳᠤ
ᠥᠭᠡᠳᠡ ᠡᠴᠠ ᠴᠢᠨᠢ ᠳᠤᠰᠤᠬᠤ ᠭᠠᠷ ᠭᠡᠵᠤ
ᠦᠩᠭᠡᠨ ᠤ ᠰᠢᠨᠤᠯ ᠶᠢᠡᠷ ᠰᠠᠷᠪᠠᠢ᠌ᠯᠠ ᠴᠤ
ᠦᠷᠤ ᠵᠢᠷᠦᠭᠡ ᠣᠷᠭᠤᠭ᠎ᠠ ᠥᠭᠡᠢ
ᠭᠤᠤᠯ ᠤᠨ ᠳᠤᠬᠤᠢ ᠶᠢᠨ ᠪᠣᠷᠭᠠᠰᠤ ᠰᠢᠭ
ᠭᠤᠰᠢᠯᠵᠠᠭᠰᠠᠨ ᠨᠠᠷᠢᠨ ᠪᠠᠯᠭᠡᠭᠦᠰᠤ ᠪᠠᠷ ᠵᠢᠠᠨ
ᠭᠤᠯᠢᠷ ᠶᠢᠡᠷ ᠨᠤᠬᠤᠭᠰᠠᠨ ᠭᠦᠮᠤᠨ ᠰᠢᠭ
ᠭᠤᠯᠭᠤᠵᠤ ᠬᠤᠯᠭᠤᠵᠤ ᠦᠵᠡᠯ᠎ᠠ ᠴᠤ
ᠭᠣᠢ᠌ᠪᠢᠮᠠᠳᠠᠭᠠᠢ ᠳᠠᠷᠠ ᠭᠦᠮᠤᠨ ᠤ ᠴᠢᠨᠢ
ᠭᠤᠷᠪᠠᠨ ᠥᠭᠡ ᠨᠢ ᠦᠨᠡᠨ ᠥᠭᠡᠢ
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠯ·ᠪᠠᠶᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 02 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ