ᠨᠡᠪᠲᠡᠷᠡᠨ ᠤᠷᠤᠬᠤ
ᠨᠤᠲᠤᠭ ᠪᠠᠭᠤᠴᠠ ᠶᠢᠨ ᠬᠦᠮᠦᠨ ᠴᠢᠯᠠᠭᠤ

ᠠᠪᠳᠠᠷ᠎ᠠ ᠳᠤ ᠬᠠᠳᠠᠭᠠᠯᠠᠭᠠᠳᠠᠢ ᠭᠦᠮᠤᠨ ᠴᠢᠯᠠᠭᠤ ᠪᠠᠨ ᠭᠠᠷᠭᠠᠨ ᠱᠤᠬᠤᠭᠤᠷᠠᠬᠤ ᠪᠦᠷᠢ ᠂ ᠳᠠᠷᠠ ᠬᠤᠯᠠ ᠶᠢᠨ ᠠᠯᠳᠠᠷᠠᠢ ᠬᠤᠩᠭ᠋ᠤᠷ ᠪᠠᠭ᠎ᠠ ᠨᠠᠰᠤ ᠪᠠᠨ ᠡᠷᠭᠡ ᠦᠭᠡᠶ ᠳᠤᠷᠠᠰᠤᠨ ᠰᠠᠨᠠᠳᠠᠭ ᠪᠢᠯᠠ ᠪᠢ ᠃

ᠮᠦᠨ ᠴᠤ ᠰᠠᠢ᠌ᠬᠠᠨ ᠦᠶ᠎ᠡ ᠪᠠᠢ᠌ᠵᠤ ᠰᠠᠨ ᠃ ᠮᠤᠬᠤᠷ ᠂ ᠪᠦᠮᠪᠦᠷᠡᠢ ᠭᠡᠭ᠍ᠴᠢ ᠨᠢ ᠠᠢ᠌ᠯ ᠤᠨ ᠠᠬ᠎ᠠ ᠮᠠᠨ ᠤ ᠬᠤᠶᠠᠭᠤᠯᠠ ᠶᠢᠨ ᠡᠩᠭᠦᠷᠡᠢ ᠳᠠᠭᠤᠳᠠᠯᠭ᠎ᠠ ᠃ ᠨᠤᠳᠤᠭ ᠪᠠᠭᠤᠴᠠ ( ᠮᠠᠨ ᠤ ᠭᠡᠷ ᠤᠨ ᠬᠠᠭᠤᠴᠢᠨ ᠪᠠᠭᠤᠷᠢ ) ᠵᠢᠨ ᠨᠠᠭᠠᠨ᠎ᠠ ᠨᠢ ᠮᠠᠨ ᠤ ᠭᠡᠷ ᠂ ᠴᠠᠭᠠᠨ᠎ᠠ ᠨᠢ ᠭᠤᠮᠪᠣ ᠠᠪᠠᠭ᠎ᠠ ᠶᠢᠨ ᠭᠡᠷ ᠂ ᠮᠤᠬᠤᠷ ᠪᠣᠯ ᠭᠤᠮᠪᠣ ᠠᠪᠠᠭ᠎ᠠ ᠶᠢᠨ ᠦᠷ᠎ᠡ ᠶᠢᠨ ᠭᠠᠭᠴᠠ ᠭᠦᠤ ᠨᠢ ᠶᠤᠮ ᠃

ᠬᠤᠷᠸ᠎ᠠ ᠳᠤ ᠠᠩᠭ᠋ᠠᠬᠠᠢ ᠶᠢᠨ ᠨᠢᠷᠠᠢ ᠳᠠᠭᠤᠨ ᠶᠢᠡᠨ ᠬᠠᠳᠠᠵᠤ ᠠᠩᠬ᠎ᠠ ᠮᠡᠡᠳᠦᠯᠡᠭᠦ ᠳᠡᠭᠡᠨ ᠮᠤᠬᠤᠷ ᠨᠠᠳᠠ ᠡᠴᠡ ᠭᠡᠳᠦᠭᠡᠨ ᠰᠠᠷ᠎ᠠ ᠣᠷᠢᠳᠠᠭᠰᠠᠨ ᠭᠡᠳᠡᠭ᠌ ᠃ ᠪᠠᠷᠤᠭ ᠦᠶ᠎ᠡ ᠬᠤᠷᠠᠭ ᠶᠢᠡᠷ ᠶᠢᠡᠨ ᠪᠠᠢ᠌ᠭᠰᠠᠨ ᠤ ᠭᠢ ᠪᠠᠢ᠌ᠯᠭᠦᠢ ᠂ ᠮᠠᠨ ᠤ ᠬᠤᠶᠠᠷ ᠠᠯᠠ ᠲᠡᠶ ᠦᠮᠦᠳᠦ ᠡᠮᠦᠰᠴᠤ ᠪᠠᠢ᠌ᠬᠤ ᠶᠢᠨ ᠦᠶ᠎ᠡ ᠡᠴᠡ ᠪᠠᠨ ᠬᠠᠮᠳᠤ ᠨᠠᠭᠠᠳᠤᠨ ᠳᠤᠭᠯᠠᠨ ᠳᠦᠭᠦᠭᠡ ᠣᠷᠤᠭᠰᠠᠨ ᠶᠤᠮ ᠃

ᠳᠦᠭᠦᠭᠡ ᠣᠷᠤᠭᠰᠠᠨ ᠤ ᠳᠠᠷᠠᠭ᠎ᠠ ᠪᠢ ᠰᠠᠶ‍ᠢ ᠮᠤᠬᠤᠷ ᠤᠨ ᠥᠭᠡ ᠭᠡᠯᠡᠵᠤ ᠴᠢᠳᠠᠳᠠᠭ ᠦᠭᠡᠶ ( ᠶᠠᠪᠠ ) ᠵᠢ ᠮᠠᠳᠠᠵᠠᠢ ᠃ ᠨᠠᠮᠠᠶ᠋ᠢ ᠵᠥᠪᠭᠡᠨ 《 ᠪᠦᠮ ᠂ ᠪᠦᠮ 》 ᠭᠡᠵᠤ ᠳᠠᠭᠤᠳᠠᠵᠤ ᠴᠢᠳᠠᠨ᠎ᠠ ᠂ ᠭᠡᠵᠢᠭᠡ ᠪᠠᠨ ᠭᠡᠵᠢᠶᠡᠳᠡ ᠮᠤᠬᠤᠷ ᠠᠪᠳᠠᠭ ᠪᠣᠯᠬᠤᠷ ᠡᠵᠢ ᠮᠢᠨᠢ ᠳᠡᠭᠦᠨ ᠢ 《 ᠮᠤᠬᠤᠷ 》 ᠭᠡᠵᠤ ᠡᠩᠭᠦᠷᠡᠢ᠌ᠯᠡᠨ ᠨᠡᠷᠡᠯᠡᠭ᠍ᠰᠡᠨ ᠶᠤᠮᠰᠠᠨ ᠃ ᠳᠡᠭᠦᠨ ᠳᠤ ᠥᠭᠡ ᠭᠡᠯᠡᠵᠤ ᠴᠢᠳᠠᠳᠠᠭ ᠳᠤᠷᠮᠤᠭᠤᠷ ᠭᠦᠭᠡᠷᠦᠭᠦᠨ ᠳᠠᠪᠬᠤᠷ᠎ᠠ ᠠᠯᠠᠭ ᠨᠢᠳᠤ ᠲᠡᠶ᠃ ᠪᠢ ᠭᠡᠭᠦᠯᠡᠷ ᠪᠠᠭ᠎ᠠ ᠳᠠᠭᠠᠨ ᠪᠣᠠᠳᠤᠭᠤᠷ ᠮᠠᠷᠢᠶᠠᠯᠢᠭ ᠪᠣᠮᠪᠣᠭᠤᠷ ᠳᠠᠷᠭᠤᠨ ᠂ ᠭᠦᠤ ᠪᠠᠷ ᠰᠤᠯᠢᠬᠤ ᠦᠭᠡᠶ ᠠᠯᠢᠶ᠎ᠠ ᠳᠡᠭ᠍ᠵᠢᠨ ᠭᠡᠦᠭᠡᠨ ᠪᠠᠢ᠌ᠵᠤ ᠂ ᠪᠦᠮᠪᠦᠭᠡ ᠰᠢᠤᠬᠠᠨ ᠪᠣᠯᠬᠤᠷ ᠪᠦᠮᠪᠦᠷᠡᠢ ᠭᠡᠵᠤ ᠴᠤᠯᠠᠯᠠᠭᠤᠯᠤᠭᠰᠠᠨ ᠪᠠᠢ᠌ᠬᠤ ᠦᠭᠡᠶ ᠦᠦ⁈

ᠳᠤᠬᠠᠢ ᠶᠢᠨ ᠦᠶ᠎ᠡ ᠳᠤ ᠨᠤᠳᠤᠭ ᠪᠠᠭᠤᠴᠠ ᠶᠢᠨ ᠴᠢᠯᠠᠭᠤᠨ ᠪᠠᠭᠤᠷᠢ ᠨᠢ ᠮᠠᠨ ᠤ ᠬᠤᠶᠠᠭᠤᠯᠠ ᠶᠢᠨ ᠠᠢ᠌ᠯ ᠭᠡᠷ ᠪᠣᠯᠵᠤ ᠨᠠᠭᠠᠤᠠᠬᠤ ᠬᠠᠪᠣᠳᠠᠢ ᠰᠠᠢ᠌ᠬᠠᠨ ᠣᠷᠳᠤ ᠥᠷᠦᠭᠡ ᠪᠣᠯᠵᠤ ᠪᠠᠷᠤᠭ ᠡᠳᠦᠷ ᠪᠣᠯᠭᠠᠨ ᠳᠠᠠᠳᠠ ᠣᠷᠤᠩᠨᠠᠳᠠᠭ ᠪᠠᠢ᠌ᠭᠰᠠᠨ ᠃

ᠡᠵᠢ ᠮᠢᠨᠢ ᠭᠡᠪᠠᠯ ᠂ ᠬᠠᠶᠠ 《 ᠯᠤᠤᠬ᠎ᠡ ᠶᠢᠨ ᠭᠤᠤᠯ ᠤᠨ ᠭᠦᠪᠠᠭᠡᠨ ᠳᠤ᠂ ᠨᠤᠭᠳᠤ ᠪᠠᠨ ᠴᠢᠷᠦᠭ᠍ᠰᠡᠨ ᠮᠤᠷᠢ ᠡ ᠁ 》 ᠭᠡᠵᠤ ᠨᠤᠭᠤᠠᠵᠠᠶᠠᠭ᠎ᠠ ᠪᠠᠨ ᠬᠢᠩᠰᠢᠴᠢᠭᠡᠭ᠍ᠰᠡᠨ ᠂ ᠠᠷᠭᠠᠯ ᠬᠤᠷᠮᠣᠢ᠌ᠯᠠᠬᠤ ᠪᠣᠶᠤ ᠥᠭᠡᠳᠡᠩ ᠬᠠᠷ᠎ᠠ ᠦᠰᠦ ᠪᠠᠨ ᠨᠠᠮᠢᠷᠠᠭᠤᠯᠤᠨ ᠨᠠᠭᠢᠰ ᠨᠠᠭᠢᠰ ᠠᠯᠬᠤᠵᠤ ᠣᠰᠤᠨ ᠳᠤ ᠶᠠᠪᠣᠬᠤ ᠳᠠᠭᠠᠨ ᠮᠠᠨ ᠢ ᠬᠠᠷᠠᠴᠢᠬᠠᠭᠠᠤᠨ ᠯᠠ ᠭᠡᠷ ᠲᠡᠭᠡᠨ ᠣᠷᠤᠳᠠᠭ ᠪᠠᠢ᠌ᠯ᠎ᠠ ᠃

ᠭᠦᠭᠡ ᠨᠤᠭᠤᠭ᠎ᠠ ᠭᠦᠪᠦᠷᠡᠨ ᠂ ᠭᠦᠭᠦᠭᠡ ᠰᠢᠪᠠᠭᠤ ᠳᠤᠩᠭ᠋ᠤᠤᠠᠴᠤ ᠂ ᠪᠠᠷᠠᠭᠤᠨ ᠨᠠᠭᠤᠷ ᠤᠨ ᠬᠤᠨ ᠤ ᠰᠥᠷᠦᠭ᠌ ᠪᠣᠴᠠᠨ ᠢᠷᠡᠭ᠍ᠰᠡᠨ ᠡᠷᠳᠡ ᠬᠠᠪᠣᠷ ᠤᠨ ᠳᠤᠯᠠᠭᠠᠨ ᠡᠳᠦᠷ ᠪᠠᠢ᠌ᠵᠤ ᠪᠢᠯᠠ ᠃ ᠮᠤᠬᠤᠷ ᠡᠷᠳᠡ ᠢᠷᠡᠴᠢᠭᠡᠭᠡᠤᠨ ᠨᠠᠮᠠᠶ᠋ᠢ ᠭᠦᠯᠢᠶᠡᠵᠤ ᠪᠠᠢ᠌ᠯ᠎ᠠ ᠃ ᠪᠢ ᠪᠦᠮᠪᠦᠷ ᠪᠦᠮᠪᠦᠷ ᠭᠦᠶ‍ᠦᠭ᠍ᠰᠡᠭᠡᠷ ᠭᠦᠷᠭᠦ ᠳᠤ ᠳᠠᠷᠠ ᠬᠠᠷᠮᠠᠨ ᠡᠴᠡ ᠪᠠᠨ ᠣᠯᠠᠭᠠᠨ ᠴᠡᠴᠡᠭ᠌ ᠭᠠᠷᠭᠠᠨ ᠮᠢᠨᠤ ᠭᠡᠵᠢᠭᠡᠨ ᠳᠡᠭᠡᠷ᠎ᠡ ᠬᠠᠤᠠᠬᠤᠵᠤ ᠥᠭ᠍ᠪᠡ ᠃ ᠪᠢ ᠴᠢᠯᠠᠭᠤᠨ 《 ᠠᠪᠳᠠᠷ᠎ᠠ 》 ᠳᠡᠭᠡᠷᠡᠭᠢ ᠣᠯᠠᠨ ᠳᠠᠯᠠᠳᠤ 《 ᠳᠤᠯᠢᠨ 》 ᠳᠠᠭᠠᠨ ᠳᠤᠯᠢᠳᠠᠬᠤᠯᠠᠷ ᠬᠤᠧᠨ ᠬᠤᠩᠭ᠋ᠤᠷ ᠦᠰᠦ ᠲᠡᠶ᠂ ᠪᠣᠮᠪᠣᠭᠤᠷ ᠰᠢᠷ᠎ᠠ ᠴᠢᠷᠠᠢ ᠳᠤ ᠮᠢᠨᠢ ᠳᠠᠷᠠ ᠣᠯᠠᠭᠠᠨ ᠴᠡᠴᠡᠭ᠌ ᠤᠨ ᠰᠠᠢ᠌ᠬᠠᠨ ᠵᠤᠭᠢᠷᠠᠭᠰᠠᠨ ᠭᠡᠵᠢ ᠡ ᠃ ᠮᠢᠨᠤ ᠭᠦᠯ ᠭᠠᠵᠠᠷ ᠳᠤᠯᠬᠤ ᠦᠭᠡᠶ ᠪᠠᠶᠠᠷᠯᠠᠨ ᠡᠵᠢ ᠶᠢᠨ ᠠᠪᠳᠠᠯ ᠢ ᠳᠠᠭᠤᠷᠢᠶᠠᠵᠤ ᠳᠤᠭᠤᠰᠬᠠᠨ 《 ᠱᠠᠹᠠ 》 ᠳᠡᠭᠡᠷ᠎ᠡ ᠪᠠᠨ ᠬᠠᠨᠤᠮᠵᠢᠳᠠᠢ᠌ᠬᠠᠨ ᠳᠤᠮᠪᠣᠢ᠌ᠨ ᠰᠠᠭᠤᠭᠠᠤᠨ 《 ᠴᠤᠮᠤ 》 ᠪᠠᠨ ᠡᠷᠭᠦᠵᠤ ᠂ 《 ᠴᠠᠢ 》 ᠪᠠᠨ ᠨᠠᠮᠪᠠᠭᠠᠳᠠᠢ᠌ᠬᠠᠨ ᠣᠭᠤᠴᠢᠯᠠᠨ᠎ᠠ ᠃

ᠮᠤᠬᠤᠷ ᠂ ᠰᠠᠶ‍ᠢᠬᠠᠨ ᠬᠤᠰᠤᠭᠤᠯᠤᠭᠰᠠᠨ ᠯᠠᠮᠠ ᠭᠦᠯᠢᠭᠡᠷ ᠳᠤᠯᠤᠭᠠᠢ ᠪᠠᠨ ᠳᠤᠬᠤ ᠦᠭᠡᠶ ᠳᠤᠩᠬᠤᠯᠵᠠᠭᠤᠯᠤᠨ ᠭᠠᠳᠠᠭᠤᠷ ᠡᠷᠭᠢᠴᠡᠵᠤ ᠴᠢᠯᠠᠭᠤ ᠳᠤᠭᠤᠰᠬ᠎ᠠ ᠡᠷᠭᠢᠭᠦᠯᠵᠤ ᠭᠦᠷᠢᠶ᠎ᠡ ᠬᠠᠰᠢᠶ᠎ᠠ ᠵᠤᠬᠢᠶᠠᠵᠤ ᠪᠠᠢ᠌ᠭᠰᠠᠨ ᠶᠢᠡᠨ ᠭᠡᠨᠤᠨᠳᠡ ᠶᠠᠭᠠᠭᠢᠭᠰᠠᠨ ᠢ ᠪᠣᠤ ᠮᠠᠳᠠ ᠂ 《 ᠪᠦᠮ ᠂ ᠪᠦᠮ 》 ᠭᠡᠵᠤ ᠠᠮᠠ ᠳᠠᠷᠪᠠᠢ᠌ᠯᠭᠠᠨ ᠪᠠᠶᠠᠷᠯᠠᠭᠰᠠᠭᠠᠷ ᠠᠢ᠌ᠰᠤᠢ ᠃

ᠪᠢ ᠳᠤᠰᠤᠨ ᠣᠴᠢᠵᠤ ᠄

᠊᠊᠊᠊᠊᠊᠊᠊᠊᠊᠊᠊᠊᠊᠊ ᠶᠠᠭᠤ ᠶᠤᠮ ᠪᠣᠢ ︖ ᠨᠠᠳᠠ ᠥᠭ᠌ ︕ ᠭᠡᠭᠦ ᠳᠤ ᠳᠠᠷᠠ ᠂ ᠭᠠᠷ ᠶᠢᠡᠨ ᠠᠷᠤ ᠳᠠᠭᠠᠨ ᠨᠢᠭᠤᠴᠢᠬᠠᠭᠠᠤᠨ ᠨᠠᠮᠠᠶ᠋ᠢ ᠨᠢᠳᠤ ᠪᠠᠨ ᠠᠨᠢ ᠭᠡᠵᠤ ᠳᠤᠭᠢᠯ᠎ᠠ ᠃

ᠪᠢ ᠨᠢᠳᠤ ᠪᠠᠨ ᠠᠨᠢᠮᠠᠭᠴᠠ ᠮᠤᠬᠤᠷ ᠮᠢᠨᠤ ᠭᠠᠷ ᠢ ᠳᠠᠳᠠᠨ ᠠᠪᠠᠴᠢᠵᠤ ᠠᠯᠠᠭᠠᠨ ᠳᠡᠭᠡᠷ᠎ᠡ ᠭᠦᠡᠳᠦᠭᠡᠨ ᠨᠢᠭᠡ ᠶᠠᠭᠤᠮ᠎ᠠ ᠳᠠᠯᠪᠢᠵᠠᠢ ᠃

ᠡᠠ ︕ ᠶᠠᠭᠠᠭᠢᠭᠰᠠᠨ ᠰᠠᠢ᠌ᠬᠠᠨ ᠭᠡᠵᠤ ᠰᠠᠨᠠᠨ᠎ᠠ ⁈

ᠪᠣᠮᠪᠣᠭᠤᠷ ᠵᠢᠭᠠᠬᠠᠨ ᠳᠤᠯᠤᠭᠠᠢ ᠲᠡᠶ᠂ ᠳᠡᠯᠳᠡᠭᠡᠷ ᠬᠤᠶᠠᠷ ᠴᠢᠭᠢ ᠲᠡᠶ᠂ ᠵᠢᠮᠢ᠌ᠭ᠍ᠰᠡᠨ ᠵᠢᠭᠠᠬᠠᠨ ᠣᠷᠤᠭᠤᠯ ᠲᠡᠶ᠂ ᠵᠤᠷᠠᠢ᠌ᠭᠰᠠᠨ ᠬᠤᠤᠰ ᠭᠦᠮᠦᠰᠭᠡ ᠲᠡᠶ᠂ ᠪᠦᠯᠳᠡᠭᠡᠷ ᠳᠤᠮᠤ ᠨᠢᠳᠤ ᠲᠡᠶ᠂ ᠭᠦᠯ ᠭᠠᠷ ᠭᠦᠵᠦᠭᠦᠤ ᠰᠡᠭᠡᠷ ᠪᠦᠷᠢᠨ ᠪᠦᠳᠤᠨ ᠮᠢᠬᠠᠯᠢᠭ ᠭᠦᠭᠡᠷᠦᠭᠦᠨ ᠳᠦᠭᠡ ᠭᠢᠷᠢᠳᠠᠢ ᠴᠢᠯᠠᠭᠤᠨ ᠭᠦᠮᠤᠨ ᠪᠠᠢ᠌ᠯ᠎ᠠ ᠰᠢᠤ ︕

ᠪᠢ ᠪᠣᠳᠤᠵᠤ ᠣᠯᠤᠯ᠎ᠠ ᠄ ᠡᠵᠢ ᠮᠢᠨᠢ ᠳᠦᠷᠭᠦᠮ ᠡᠴᠡ ᠪᠠᠨ ᠨᠠᠭᠠᠴᠤ ᠡᠪᠦᠭᠡ ᠶᠢᠨ ᠳᠤᠷᠠᠰᠬᠠᠯ ᠪᠣᠯᠭᠠᠨ ᠦᠭ‍ᠭᠦᠭ᠍ᠰᠡᠨ ᠭᠦᠮᠤᠨ ᠴᠢᠯᠠᠭᠤ ᠶᠢ ᠡᠪᠦᠷᠯᠡᠨ ᠮᠢᠨᠤ ᠠᠪᠣ ᠶᠢ ᠳᠠᠭᠠᠵᠤ ᠡᠨᠡ ᠨᠤᠳᠤᠭ ᠲᠤ ᠢᠷᠠᠵᠠᠢ ᠃ ᠨᠠᠮᠠᠶ᠋ᠢ ᠪᠠᠭ᠎ᠠ ᠪᠠᠢ᠌ᠬᠤ ᠳᠤ ᠡ᠊ᠡᠳᠡ ᠡᠴᠡ ᠨᠡᠭᠦᠵᠤ ᠪᠠᠭᠤᠬᠤ ᠳᠠᠭᠠᠨ ᠰᠠᠯᠳᠠᠵᠤ ᠭᠡᠭᠡᠴᠢᠭᠡᠯ᠎ᠡ ᠂ ᠭᠡᠴᠢᠨᠡᠭᠡᠨ ᠡᠷᠢᠭᠡᠤᠨ ᠴᠤ ᠣᠯᠤᠭᠰᠠᠨ ᠦᠭᠡᠶ ᠭᠡᠵᠤ ᠪᠠᠢ᠌ᠭᠰᠠᠨ ᠁

᠊᠊᠊᠊᠊᠊᠊᠊᠊᠊᠊᠊᠊᠊᠊ ᠡᠨᠡ ᠴᠢᠨᠢ ᠮᠢᠨᠤ ᠡᠵᠢ ᠶᠢᠨ ᠭᠢ ᠁

ᠮᠤᠬᠤᠷ ᠂ ᠮᠢᠨᠤ ᠭᠠᠷ ᠡᠴᠡ ᠭᠦᠳᠦᠯᠤᠨ ᠮᠠᠨ ᠤ ᠭᠡᠷ ᠵᠥᠭ᠌ ᠭᠦᠶ‍ᠦᠪᠡ ᠃

ᠮᠠᠯ ᠤᠨ ᠬᠠᠰᠢᠶᠠᠨ ᠳᠤ ᠠᠷᠤᠭ ᠡᠭᠦᠷᠤᠨ ᠠᠷᠭᠠᠯ ᠳᠡᠭᠦᠵᠤ ᠶᠠᠪᠣᠭᠰᠠᠨ ᠡᠵᠢ ᠮᠢᠨᠢ ᠮᠠᠨ ᠤ ᠬᠤᠶᠠᠷ ᠢ ᠳᠤᠰᠤᠨ ᠄

᠊᠊᠊᠊᠊᠊᠊᠊᠊᠊᠊᠊᠊᠊᠊ ᠢᠯᠠᠢ ᠂ ᠭᠡᠦᠭᠡᠤᠨ ᠮᠢᠨᠢ ᠂ ᠣᠨᠠᠵᠤ ᠳᠤᠰᠴᠢᠬᠠᠬᠤ ᠪᠣᠯᠭᠤᠵᠠᠢ ᠂ ᠠᠭᠠᠵᠢᠮᠬᠠᠨ ᠭᠦᠶᠤ ᠯᠠ ᠳ᠋ᠠ ᠂ ᠭᠡᠷ ᠲᠤ ᠨᠠᠭᠠᠳᠤᠮ ᠶᠢᠡᠨ ᠮᠠᠷᠳᠠᠴᠢᠬᠠᠭᠰᠠᠨ ᠦᠦ ︖ ᠭᠡᠵᠤ ᠡᠪᠠᠢ᠌ᠯᠡᠨ ᠠᠰᠠᠭᠤᠪᠠ ᠃

ᠮᠤᠬᠤᠷ ᠂ ᠮᠢᠨᠤ ᠭᠠᠷ ᠡᠴᠡ ᠭᠦᠮᠤᠨ ᠴᠢᠯᠠᠭᠤ ᠶᠢ ᠠᠪᠴᠤ ᠡᠵᠢ ᠳᠤ ᠦᠭ‍ᠭᠦᠯ᠎ᠡ ᠃

ᠡᠵᠢ ᠶᠢᠨ ᠨᠢᠳᠤ ᠭᠡᠷᠡᠯᠳᠤᠨ ᠳᠠᠭᠤᠨ ᠠᠯᠳᠠᠵᠤ ᠄

᠊᠊᠊᠊᠊᠊᠊᠊᠊᠊᠊᠊᠊᠊᠊ ᠳᠠᠨᠤᠰ ᠡᠭᠦᠨ ᠢ ᠬᠠᠮᠢᠭ᠎ᠠ ᠡᠴᠡ ᠣᠯᠤᠭᠰᠠᠨ ᠪᠣᠢ ︖ ᠭᠡᠯ᠎ᠡ ᠃ ᠪᠢ ᠠᠮᠵᠢᠵᠤ ᠄

᠊᠊᠊᠊᠊᠊᠊᠊᠊᠊᠊᠊᠊᠊᠊ ᠨᠤᠳᠤᠭ ᠪᠠᠭᠤᠴᠠ ᠡᠴᠡ ᠁ ᠭᠡᠳᠡᠯ᠎ᠡ ᠡᠵᠢ ᠮᠢᠨᠢ ᠄

᠊᠊᠊᠊᠊᠊᠊᠊᠊᠊᠊᠊᠊᠊᠊ ᠬᠠᠰᠢᠯ᠎ᠠ ᠳᠠᠠᠳᠠ ᠪᠠᠢ᠌ᠵᠠᠢ ᠂ ᠡᠨᠡ ᠮᠢᠨᠢ ᠭᠦᠭᠡᠷᠦᠭᠦᠢ ᠳᠠᠷᠠ ᠨᠤᠳᠤᠭ ᠲᠤ ᠡᠨᠡᠭ᠍ᠰᠢᠨ ᠳᠠᠰᠴᠤ ᠂ ᠳᠠᠳᠠᠯᠳᠤᠨ ᠥᠯᠡᠳᠡᠭ᠍ᠰᠡᠨ ᠪᠠᠢ᠌ᠵᠤ ᠰᠢᠤ ᠃ ᠭᠡᠦᠭᠡᠨ ᠶᠢᠡᠨ᠁ ᠭᠡᠵᠤ ᠡᠰᠢ ᠮᠤᠬᠤᠷ ᠨᠢ ᠣᠯᠳᠠᠮ᠎ᠠ ᠦᠭᠡᠶ ᠳᠦᠳᠦᠨᠡᠭ᠍ᠰᠡᠨ ᠶᠢᠡᠨ ᠮᠤᠬᠤᠷ ᠪᠢᠳᠠ ᠬᠤᠶᠠᠭᠤᠯᠠ ᠶᠢᠨ ᠳᠤᠯᠤᠭᠠᠢ ᠶᠢ ᠡᠭᠡᠯᠵᠢᠯᠡᠨ ᠢᠯᠪᠢᠵᠤ ᠄

᠊᠊᠊᠊᠊᠊᠊᠊᠊᠊᠊᠊᠊᠊᠊ ᠭᠡᠦᠭᠡᠤᠨ ᠮᠢᠨᠢ ᠂ ᠡᠮᠧ ᠨᠢ ᠴᠤᠬᠤᠮ ᠭᠦ 《 ᠠᠯᠳᠠᠨ ᠭᠠᠷᠤᠳᠢ ᠶᠢᠨ ᠵᠢᠭᠦᠷ ᠳᠡᠪᠢᠭᠡᠤᠨ ᠳᠡᠪᠢᠭᠡᠤᠨ ᠭᠡᠳᠦᠯᠦᠰᠢ ᠦᠭᠡᠶ᠂ ᠠᠷᠠᠯᠳᠤ ᠳᠡᠷᠭᠡᠨ ᠤ ᠭᠦᠷᠳᠤ ᠪᠦᠮᠪᠦᠷᠢᠭᠡᠤᠨ ᠪᠦᠮᠪᠦᠷᠢᠭᠡᠤᠨ ᠳᠤᠭᠤᠯᠤᠰᠢ ᠦᠭᠡᠶ》 ᠬᠠᠷᠢ ᠬᠤᠯᠠ ᠶᠢᠨ ᠭᠠᠵᠠᠷ ᠲᠤ ᠲᠦᠷᠦᠵᠤ ᠥᠰᠦᠭ᠍ᠰᠡᠨ ᠶᠤᠮ ᠰᠢᠤ ᠂ ᠳᠠᠷᠠ ᠨᠤᠳᠤᠭ ᠢ ᠰᠢᠠᠵᠢᠶᠠᠩ ᠭᠡᠳᠡᠭ᠌ ᠃ ᠪᠢ ᠪᠣᠯ ᠭᠦᠮᠤᠨ ᠤ ᠭᠠᠭᠴᠠ ᠠᠯᠠᠭ ᠦᠷ᠎ᠡ ᠂ ᠠᠪᠣ ᠶᠢ ᠴᠢᠨᠢ ᠳᠠᠠᠳᠠ ᠴᠡᠷᠢᠭ᠌ ᠤᠨ ᠠᠯᠪᠠ ᠬᠠᠭᠠᠵᠤ ᠪᠠᠢ᠌ᠬᠤ ᠳᠤ ᠨᠢ ᠳᠠᠨᠢᠯᠴᠠᠵᠤ ᠁ ᠠᠪᠣ ᠡᠮᠧ ᠶᠢᠨ ᠶᠢᠡᠨ ᠬᠤᠷᠢᠭᠯᠠᠵᠤ ᠬᠠᠰᠢᠬᠤ ᠶᠢ ᠬᠠᠢ᠌ᠬᠤᠷᠤᠯ ᠦᠭᠡᠶ ᠵᠢᠦᠡᠭᠦᠯᠡᠭ᠍ᠰᠡᠭᠡᠷ ᠳᠠᠷᠠ ᠪᠠᠷᠠᠭᠤᠨ ᠬᠣᠢ᠌ᠳᠤ ᠣᠷᠤᠨ ᠡᠴᠡ ᠵᠡᠭᠦᠨ ᠬᠣᠢ᠌ᠳᠤ ᠣᠷᠤᠨ ᠳᠤ ᠢᠷᠡᠭ᠍ᠰᠡᠨ ᠨᠢ ᠡᠨᠡ ᠪᠢᠯᠠ ᠃ ᠨᠠᠭᠠᠴᠤ ᠡᠪᠦᠭᠡ ᠴᠢᠨᠢ ᠴᠢᠯᠠᠭᠤᠨ ᠳᠠᠷᠬ᠎ᠠ ᠭᠢᠳᠡᠭ᠌ ᠭᠦᠮᠤᠨ ᠂ ᠪᠠᠭ᠎ᠠ ᠪᠠᠢ᠌ᠬᠤ ᠳᠤ ᠨᠠᠳᠠ ᠴᠢᠯᠠᠭᠤ ᠪᠠᠷ ᠮᠤᠷᠢ ᠂ ᠣᠩᠭ᠋ᠤᠴᠠ ᠂ ᠪᠦᠵᠦᠩᠭᠡᠢ ᠁ ᠵᠡᠷᠭᠡ ᠣᠯᠠᠨ ᠨᠠᠭᠠᠳᠤᠮ ᠱᠤᠭᠤᠵᠤ ᠦᠭ‍ᠭᠦᠭ᠍ᠰᠡᠨ ᠶᠤᠮ ᠃

ᠪᠢ ᠶᠠᠭ ᠨᠤᠳᠤᠭ ᠡᠴᠡ ᠪᠠᠨ ᠰᠠᠯᠵᠤ ᠂ ᠨᠠᠭᠠᠴᠤ ᠡᠪᠦᠭᠡ ᠂ ᠡᠮᠡᠭᠡ ᠡᠴᠡ ᠴᠢᠨᠢ ᠬᠠᠭᠠᠴᠠᠨ ᠰᠠᠯᠬᠤ ᠦᠶ᠎ᠡ ᠳᠤ᠂ ᠦᠷᠦ ᠵᠢᠷᠦᠭᠡ ᠬᠠᠢ᠌ᠯᠤᠨ ᠣᠶᠠᠷᠠᠵᠤ ᠨᠢᠯᠪᠣᠰᠤᠨ ᠭᠦᠮᠤᠨ ᠪᠣᠯᠴᠢᠬᠠᠯ᠎ᠠ ᠁ ᠭᠡᠭ᠍ᠰᠡᠭᠡᠷ ᠡᠵᠢ ᠮᠢᠨᠢ ᠨᠢᠯᠪᠣᠰᠤ ᠪᠦᠮᠪᠦᠷᠢᠭᠦᠯᠵᠤ ᠭᠦᠮᠤᠨ ᠴᠢᠯᠠᠭᠤ ᠶᠢ ᠠᠷᠴᠢᠨ ᠠᠷᠴᠢᠨ ᠢᠯᠪᠢᠭ᠍ᠰᠡᠨ ᠶᠢᠡᠨ ᠵᠠᠯᠭᠠᠭᠠᠤᠨ ᠄

᠊᠊᠊᠊᠊᠊᠊᠊᠊᠊᠊᠊᠊᠊᠊ ᠳᠠᠷᠠ ᠦᠶ᠎ᠡ ᠳᠤ᠂ ᠮᠢᠨᠤ ᠳᠤᠭᠠᠯᠠᠰᠢ ᠦᠭᠡᠶ ᠣᠯᠠᠨ ᠨᠠᠭᠠᠳᠤᠮ ᠤᠨ ᠳᠤᠮᠳᠠ ᠡᠴᠡ ᠡᠪᠦᠭᠡ ᠴᠢᠨᠢ ᠡᠨᠡ ᠭᠦᠮᠤᠨ ᠴᠢᠯᠠᠭᠤ ᠶᠢ ᠰᠤᠩᠭ᠋ᠤᠨ ᠡᠪᠦᠷᠯᠡᠭᠦᠯᠦᠭᠡᠤᠨ ᠄ 《 ᠭᠡᠦᠭᠡᠨ ᠮᠢᠨᠢ ︕ ᠰᠢᠭᠤᠳᠤᠭᠰᠠᠨ ᠰᠠᠤᠠᠭᠢᠯ ᠴᠢᠨᠢ ᠴᠢᠯᠠᠭᠤ ᠰᠢᠤᠬᠠᠨ ᠬᠠᠳᠠᠭᠤ ᠪᠣᠯᠤᠭᠰᠠᠨ ᠶᠤᠮ ᠴᠢᠨᠢ ᠢᠩᠭᠢᠭᠡᠤᠨ ᠯᠠ ᠶᠠᠪᠣᠭᠠᠷᠠᠢ ︕ ᠮᠠᠭᠤ ᠠᠪᠣ ᠡᠵᠢ ᠴᠢᠨᠢ ᠴᠤ ᠶᠠᠭᠤ ᠪᠠᠢ᠌ᠬᠤ ᠪᠣᠢ ᠂ ᠣᠳᠠᠯ ᠦᠭᠡᠶ ᠯᠠ ᠡᠨᠡ ᠨᠤᠳᠤᠭ ᠤᠨ ᠶᠢᠡᠨ ᠴᠢᠯᠠᠭᠤᠳ ᠪᠣᠯᠤᠭᠠᠤᠨ ᠪᠦᠷᠳᠣᠢ᠌ᠨ᠎ᠠ ᠁ ᠬᠠᠷᠢᠨ ᠭᠡᠦᠭᠡᠨ ᠮᠢᠨᠢ ᠴᠢ ᠬᠠᠷᠢ ᠶᠢᠨ ᠨᠤᠳᠤᠭ ᠲᠤ᠂ ᠨᠤᠳᠤᠭ ᠤᠨ ᠶᠢᠡᠨ ᠴᠢᠯᠠᠭᠤ ᠶᠢ ᠡᠪᠦᠷᠯᠡᠵᠤ ᠂ ᠬᠠᠳᠠᠨ ᠡᠴᠡ ᠨᠢ ᠬᠤᠯᠳᠤᠷᠠᠭᠰᠠᠨ ᠡᠨᠡ ᠴᠢᠯᠠᠭᠤ ᠪᠠᠨ ᠰᠢᠭ ᠨᠤᠳᠤᠭ ᠣᠰᠤ ᠪᠠᠨ ᠰᠠᠨᠠᠵᠤ ᠶᠠᠪᠣᠭᠠᠷᠠᠢ ︕ ᠭᠡᠦᠭᠡᠨ ᠭᠦᠮᠤᠨ ᠬᠠᠷᠢ ᠳᠤ ᠮᠤᠷᠳᠠᠪᠠᠯ ᠬᠠᠳᠠᠮ ᠤᠨ ᠭᠠᠵᠠᠷ ᠲᠠᠭᠠᠨ ᠭᠦᠡᠳᠤ ᠶᠤᠮ ᠰᠢᠤ ᠂ ᠭᠦᠮᠤᠨ ᠤ ᠶᠤᠰᠤᠨ ᠳᠤ ᠨᠤᠳᠤᠭ ᠤᠨ ᠶᠢᠡᠨ ᠴᠢᠯᠠᠭᠤ ᠰᠢᠭ ᠴᠢᠨᠠᠷᠳᠠᠢ ᠶᠠᠪᠣᠭᠠᠷᠠᠢ 》 ᠭᠡᠵᠤ ᠵᠠᠭᠢᠵᠤ ᠪᠠᠷᠠᠮᠠᠭᠴᠠ ᠬᠤᠭᠤᠯᠠᠢ ᠨᠢ ᠡᠷᠢᠶᠡᠡᠳᠤᠨ ᠴᠠᠭᠠᠰᠢ ᠭᠡᠷ ᠲᠡᠭᠡᠨ ᠣᠷᠤᠴᠢᠬᠠᠭᠰᠠᠨ ᠃ ᠨᠠᠭᠠᠴᠤ ᠡᠮᠡᠭᠡ ᠴᠢᠨᠢ ᠨᠢᠯᠪᠣᠰᠤ ᠪᠠᠨ ᠠᠷᠴᠢᠭᠰᠠᠭᠠᠷ ᠄ 《 ᠨᠤᠳᠤᠭ ᠤᠨ ᠴᠢᠨᠢ ᠴᠢᠯᠠᠭᠤ ᠭᠦᠮᠤᠨ ᠮᠠᠳᠠᠯ ᠲᠡᠶ ᠶᠤᠮ ᠂ ᠳᠠᠰᠤᠭᠰᠠᠨ ᠨᠤᠳᠤᠭ ᠲᠠᠭᠠᠨ ᠡᠯᠢᠭᠡ ᠳᠠᠳᠠᠯᠳᠤᠳᠠᠭ ᠶᠤᠮ ᠰᠢᠤ ᠂ ᠨᠡᠭᠦᠵᠤ ᠪᠠᠭᠤᠬᠤ ᠳᠠᠭᠠᠨ ᠭᠡᠦᠭᠡᠤᠨ ᠲᠡᠭᠡᠨ ᠡᠪᠦᠷᠯᠡᠭᠦᠯᠭᠦ ᠶᠢ ᠪᠣᠤ ᠮᠠᠷᠳᠠ ᠁ 》 ᠭᠡᠵᠤ ᠵᠠᠭᠢᠭᠰᠠᠨ ᠭᠡᠯ᠎ᠡ ᠃

ᠡᠵᠢ ᠶᠢᠨ ᠮᠢᠨᠢ ᠰᠠᠢ᠌ᠬᠠᠨ ᠬᠠᠷ᠎ᠠ ᠨᠢᠳᠤᠨ ᠡᠴᠡ ᠨᠢᠯᠪᠣᠰᠤᠨ ᠭᠡᠯᠭᠢᠶ᠎ᠡ ᠨᠢ ᠳᠠᠰᠤᠷᠠᠭᠰᠠᠨ ᠰᠤᠪᠣᠤᠨ ᠮᠠᠳᠤ ᠪᠦᠮᠪᠦᠷᠢᠨ ᠣᠨᠠᠵᠤ ᠢᠷᠠᠪᠠ ᠃ ᠪᠢ ᠡᠳᠦᠢ ᠪᠣᠯᠳᠠᠯ᠎ᠠ ᠡᠵᠢ ᠶᠢᠨ ᠶᠢᠡᠨ ᠣᠭᠢᠯᠠᠬᠤ ᠶᠢ ᠠᠩᠬ᠎ᠠ ᠬᠠᠷᠠᠵᠤ ᠪᠠᠢ᠌ᠭ᠎ᠠ ᠳᠤᠯᠠ ᠳᠡᠰᠭᠡᠯ ᠦᠭᠡᠶ ᠭᠦᠵᠦᠭᠦᠨ ᠡᠴᠡ ᠨᠢ ᠳᠡᠪᠠᠷᠢᠭᠡᠤᠨ ᠪᠣᠠᠳᠤᠭᠤᠷ ᠳᠠᠷᠭᠤᠨ ᠭᠠᠷ ᠶᠢᠡᠷ ᠶᠢᠡᠨ ᠨᠢᠯᠪᠣᠰᠤ ᠶᠢ ᠨᠢ ᠠᠷᠴᠢᠵᠤ ᠦᠭ‍ᠭᠦᠭᠡᠤᠨ ᠄

᠊᠊᠊᠊᠊᠊᠊᠊᠊᠊᠊᠊᠊᠊᠊ ᠡᠮᠧ ᠂ ᠴᠢ ᠪᠣᠤ ᠣᠭᠢᠯᠠ ᠂ ᠪᠢ ᠳᠤᠮᠤ ᠪᠣᠯᠪᠠᠯ ᠮᠤᠬᠤᠷ ᠲᠡᠶ ᠨᠤᠳᠤᠭ ᠪᠠᠭᠤᠴᠨ ᠳᠠᠭᠠᠨ ᠰᠠᠭᠤᠵᠤ ᠡᠮᠧ ᠪᠠᠨ ᠠᠴᠢᠯᠠᠨ᠎ᠠ ᠂ ᠶᠠᠭᠠᠭᠢᠭᠰᠠᠨ ᠴᠤ ᠬᠠᠶᠠᠭᠠᠤᠨ ᠶᠠᠪᠣᠬᠤ ᠦᠭᠡᠶ ᠭᠡᠵᠤ ᠭᠦᠭᠡᠷᠦᠭᠦᠨ ᠠᠭᠠᠯᠢ ᠭᠠᠷᠭᠠᠨ ᠠᠷᠭᠠᠳᠠᠪᠠᠯ ᠡᠮᠧ ᠮᠢᠨᠢ ᠳᠤᠤᠷᠠᠬᠠᠨ ᠨᠢᠯᠪᠣᠰᠤ ᠪᠠᠨ ᠠᠷᠴᠢᠨ ᠢᠨᠢᠶᠡᠴᠢᠭᠡᠵᠤ ᠄

᠊᠊᠊᠊᠊᠊᠊᠊᠊᠊᠊᠊᠊᠊᠊ ᠮᠢᠨᠤ ᠭᠡᠦᠭᠡᠨ ᠣᠬᠠᠭᠠᠨ ᠲᠡᠶ ᠭᠡᠤᠨ ᠮᠠᠩᠨᠠᠢ ᠳᠡᠭᠡᠷ᠎ᠡ ᠦᠨᠦᠰᠴᠤ ᠪᠢᠯᠠ ᠃

᠊᠊᠊᠊᠊᠊᠊᠊᠊᠊᠊᠊᠊᠊᠊ ᠡᠮᠧ ᠡ ᠂ ᠭᠦᠮᠤᠨ ᠴᠢᠯᠠᠭᠤ ᠶᠢ ᠮᠤᠬᠤᠷ ᠣᠯᠵᠤ ᠠᠪᠣᠭᠰᠠᠨ ᠰᠢᠤ ᠭᠡᠭᠦ ᠳᠤ᠂ ᠡᠵᠢ ᠮᠢᠨᠢ ᠮᠤᠬᠤᠷ ᠤᠨ ᠬᠠᠴᠠᠷ ᠢ ᠦᠨᠦᠰᠴᠤ ᠄

᠊᠊᠊᠊᠊᠊᠊᠊᠊᠊᠊᠊᠊᠊᠊ ᠳᠡᠭᠡᠪᠠᠯ ᠡᠨᠡ ᠭᠦᠮᠤᠨ ᠴᠢᠯᠠᠭᠤ ᠳᠠᠨ ᠤ ᠪᠣᠯᠤᠯ᠎ᠠ ᠂ ᠳᠠᠨᠤᠰ ᠠᠪᠠᠴᠢᠭᠠᠤᠨ ᠨᠠᠭᠠᠳᠤᠭᠠᠷᠠᠢ ᠁ ᠭᠡᠪᠡ ᠃

ᠳᠡᠭᠦᠨ ᠡᠴᠡ ᠬᠣᠢ᠌ᠰᠢ ᠂ ᠳᠦᠭᠡ ᠭᠢᠷᠢᠳᠠᠢ ᠵᠠᠭᠠᠬᠠᠨ ᠳᠠᠷᠠ ᠴᠢᠯᠠᠭᠤ ᠂ ᠮᠠᠨ ᠤ ᠬᠤᠶᠠᠷ ᠤᠨ ᠭᠡᠦᠭᠡᠤᠨ ᠨᠠᠰᠤᠨ ᠤ ᠭᠡᠨᠡᠨ ᠰᠡᠳᠭᠢᠭᠦᠢ ᠶᠢ ᠬᠠᠢ᠌ᠷ᠎ᠠ ᠪᠢᠯᠬᠠᠭᠤᠯᠤᠨ ᠳᠦᠭᠦᠷᠭᠡᠪᠡ ᠃ 《 ᠡᠮᠧ ᠨᠢ 》 ᠥᠯᠦᠭᠡᠢ ᠡᠴᠡ ᠨᠢ ᠳᠠᠢ᠌ᠯᠤᠭᠠᠤᠨ ᠬᠠᠭᠤᠷᠠᠢ᠌ᠯᠠᠨ ᠭᠦᠭᠦᠭᠦᠯᠭᠦ ᠶᠤᠮ ᠭᠡᠵᠤ ᠡᠩᠭᠡᠷ ᠲᠡᠭᠡᠨ ᠪᠢ ᠳᠡᠪᠠᠷᠢᠭᠦ ᠳᠤ᠂ ᠭᠡᠦᠭᠡᠤᠨ ᠤᠨ ᠬᠤᠴᠢᠯᠭ᠎ᠠ ᠬᠠᠳᠠᠭᠠᠨ᠎ᠠ ᠭᠡᠵᠤ 《 ᠠᠪᠣ ᠨᠢ 》 ᠮᠤᠬᠤᠷ ᠂ ᠠᠯᠠᠭᠠᠨ ᠭᠢᠷᠢᠳᠠᠢ ᠪᠦᠰ ᠤᠨ ᠥᠭᠡᠳᠡᠰᠤ ᠠᠪᠴᠤ ᠭᠠᠷᠳᠠᠭ ᠰᠠᠨ ᠃

ᠵᠠᠷᠢᠮ ᠳᠠᠭᠠᠨ ᠶᠠᠯᠢᠮ ᠦᠭᠡᠶ ᠣᠴᠢᠷ ᠡᠴᠡ ᠬᠤᠶᠠᠭᠤᠯᠠ ᠭᠡᠷᠡᠯᠳᠦᠴᠢᠭᠡᠳᠡᠭ᠌ ᠃ 《 ᠪᠠᠷᠰ ᠤᠨ ᠠᠭᠤᠷ ᠢ ᠪᠠᠮᠪᠠᠷ ᠲᠤ ᠨᠢ 》 ᠭᠡᠳᠡᠭ᠍ᠴᠢᠯᠡᠨ ᠂ ᠥᠭᠡ ᠭᠡᠯᠡᠵᠤ ᠴᠢᠳᠠᠬᠤ ᠦᠭᠡᠶ ᠴᠤ ᠠᠭᠤᠷ ᠨᠢ ᠭᠦᠷᠪᠠᠯ ᠠᠢ᠌ᠬᠤᠪᠳᠤᠷ ᠭᠦᠴᠦᠳᠡᠢ ᠳᠤᠭᠳᠤᠷᠴᠤ ᠣᠷᠭᠢᠳᠠᠭ ᠮᠤᠬᠤᠷ ᠢ ᠳᠠᠢ᠌ᠯᠵᠤ ᠴᠢᠳᠠᠬᠤ ᠦᠭᠡᠶ ᠠᠭᠤᠷ ᠶᠢᠡᠨ ᠪᠢ ᠭᠦᠮᠤᠨ ᠴᠢᠯᠠᠭᠤᠨ ᠳᠠᠭᠠᠨ ᠭᠠᠷᠭᠠᠨ ᠬᠠᠷ᠎ᠠ ᠢᠳᠠ ᠪᠠᠷ ᠶᠢᠡᠨ ᠰᠢᠳᠠᠨ ᠶᠠᠪᠣᠭᠤᠯᠳᠠᠭ ᠴᠤ ᠂ ᠰᠡᠮᠭᠡᠨ ᠳᠡᠭᠦᠵᠤ ᠠᠪᠣᠭᠠᠤᠨ ᠰᠠᠤᠠᠭᠢᠯ ᠰᠢᠮᠰᠢᠷᠠᠨ ᠡᠪᠦᠷᠯᠡᠭᠦ ᠮᠤᠬᠤᠷ ᠤᠨ ᠭᠦᠳᠡᠯᠦᠯ ᠢ ᠬᠠᠷᠠᠪᠠᠯ ᠡᠷᠭᠡ ᠦᠭᠡᠶ ᠣᠶᠠᠰᠴᠤ ᠂ ᠡᠵᠢ ᠶᠢᠨ ᠶᠢᠡᠨ ᠶᠠᠷᠢᠭᠰᠠᠨ ᠳᠠᠷᠠ ᠣᠯᠠᠨ ᠥᠭᠡᠰ ᠤᠨ ᠳᠤᠳᠤᠷ᠎ᠠ ᠡᠴᠡ ᠭᠠᠭᠴᠠᠬᠠᠨ ᠰᠤᠨᠤᠰᠴᠤ ᠣᠢ᠌ᠯᠠᠭᠠᠭᠰᠠᠨ 《 ᠨᠤᠳᠤᠭ ᠤᠨ ᠴᠢᠯᠠᠭᠤ ᠭᠦᠮᠤᠨ ᠮᠠᠳᠠᠯ ᠲᠡᠶ ᠶᠤᠮ 》 ᠭᠡᠰᠡᠨ ᠢ ᠨᠢ ᠰᠡᠳᠬᠢᠨ ᠣᠬᠠᠭᠠᠷᠠᠵᠤ ᠂ ᠭᠡᠭᠦᠳᠡᠭ᠌ ᠳᠦᠭᠦᠷᠡᠩ ᠠᠭᠤᠷ ᠣᠠᠳᠤᠭᠤᠨ ᠮᠢᠨᠢ ᠰᠠᠯᠭᠢᠨ ᠳᠤ ᠭᠡᠢ᠌ᠰᠦᠭ᠍ᠳᠡᠭ᠍ᠰᠡᠨ ᠡᠭᠦᠯᠡ ᠮᠠᠳᠤ ᠵᠠᠮᠬᠠᠷᠠᠭᠠᠤᠨ ᠂ ᠭᠦᠮᠤᠨ ᠴᠢᠯᠠᠭᠤ ᠪᠠᠨ ᠠᠯᠠᠭᠠᠨ ᠳᠠᠭᠠᠨ ᠳᠤᠰᠤᠨ ᠠᠪᠴᠤ ᠡᠩᠭᠦᠷᠡᠢ᠌ᠯᠡᠨ ᠥᠭᠦᠭᠡᠷᠳᠡᠳᠡᠭ᠌ ᠪᠢᠯᠠ ᠁

ᠭᠦᠷ ᠪᠠᠶᠠᠰᠤᠯ ᠪᠢᠯᠬᠠᠭᠰᠠᠨ ᠣᠨᠠᠭᠠᠨ ᠪᠠᠭ᠎ᠠ ᠨᠠᠰᠤ ᠮᠢᠨᠢ ᠣᠳᠠᠯ ᠦᠭᠡᠶ ᠨᠢ᠋ᠮᠠᠳᠠᠭᠢ ᠨᠠᠮᠤᠷ ᠢ ᠣᠭᠳᠤᠨ ᠪᠢ ᠰᠤᠷᠭᠠᠭᠤᠯᠢ ᠳᠤ ᠣᠷᠤᠬᠤ ᠪᠣᠯᠤᠯ᠎ᠠ ᠃

ᠰᠢᠵᠢᠷ ᠨᠠᠷᠠᠨ ᠬᠤᠷᠸ᠎ᠠ ᠶᠢ ᠭᠡᠢ᠌ᠭᠦᠯᠦᠭ᠍ᠰᠡᠨ ᠳᠠᠷᠠ ᠵᠢᠯ ᠤᠨ ᠶ‍ᠢᠰᠤᠨ ᠰᠠᠷ᠎ᠠ ᠶᠢᠨ ᠨᠢᠭᠡᠨ ᠤ ᠨᠠᠯᠠᠭᠠᠷ ᠰᠢᠷ᠎ᠠ ᠥᠷᠯᠦᠭᠡ ᠃

ᠰᠤᠷᠭᠠᠭᠤᠯᠢ ᠳᠤ ᠶᠠᠪᠣᠬᠤ ᠡᠴᠡ ᠪᠠᠨ ᠡᠮᠦᠨ᠎ᠡ ᠪᠢ ᠨᠤᠳᠤᠭ ᠪᠠᠭᠤᠴᠨ ᠳᠠᠭᠠᠨ ᠭᠦᠶᠤᠨ ᠭᠦᠷᠪᠠᠯ ᠂ ᠮᠤᠬᠤᠷ ᠮᠦᠨ ᠯᠠ ᠳᠠᠠᠳᠠ ᠨᠠᠭᠠᠳᠤᠮ ᠶᠢᠡᠨ ᠳᠡᠭ᠍ᠰᠢᠯᠡᠨ ᠥᠷᠦᠭᠡᠤᠨ ᠨᠠᠮᠠᠶ᠋ᠢ ᠭᠦᠯᠢᠶᠡᠨ ᠰᠠᠭᠤᠵᠤ ᠪᠠᠢ᠌ᠯ᠎ᠠ ᠃

ᠪᠢ ᠪᠣᠭᠴᠤ ᠪᠠᠨ ᠵᠢᠭᠠᠵᠤ ᠂ ᠭᠠᠷ ᠶᠢᠡᠷ ᠶᠢᠡᠨ ᠲᠤᠬᠢᠶᠠᠯᠠᠨ ᠂ ᠰᠤᠷᠭᠠᠭᠤᠯᠢ ᠳᠤ ᠣᠴᠢᠬᠤ ᠪᠣᠯᠤᠭᠰᠠᠨ ᠶᠢᠡᠨ ᠭᠡᠯᠡᠪᠠᠯ ᠂ ᠮᠤᠬᠤᠷ ᠨᠠᠮᠠᠶ᠋ᠢ ᠨᠢᠭᠡ ᠬᠠᠷᠠᠨ ᠂ ᠵᠢᠭᠠᠭᠰᠠᠨ ᠵᠥᠭ᠌ ᠨᠢᠭᠡ ᠬᠠᠷᠠᠨ ᠂ ᠪᠣᠭᠴᠤ ᠶᠢ ᠪᠠᠰᠠ ᠨᠢᠭᠡ ᠬᠠᠷᠠᠵᠤ ᠠᠪᠣᠭᠰᠠᠨ ᠶᠢᠡᠨ ᠳᠤᠷᠮᠤᠭᠤᠷ ᠨᠢᠳᠤ ᠨᠢ ᠭᠠᠢ᠌ᠬᠠᠰᠢᠷᠠᠵᠤ ᠳᠤᠮᠤᠷᠠᠭᠠᠤᠨ ᠭᠡᠨᠡᠳᠳᠡ 《 ᠧᠨ 》 ᠭᠡᠵᠤ ᠳᠠᠭᠤ ᠳᠠᠯᠪᠢᠨ ᠣᠷᠢᠯᠠᠨ ᠣᠭᠢᠯᠠᠵᠤ ᠂ ᠭᠡᠷ ᠥᠭᠡᠳᠡ ᠪᠠᠨ ᠭᠦᠶ‍ᠦᠴᠢᠭᠡᠪᠡ ᠃

ᠪᠢ ᠠᠷᠤ ᠡᠴᠡ ᠨᠢ ᠭᠡᠳᠤᠨ ᠠᠯᠬᠤᠮ ᠳᠠᠭᠠᠵᠤ ᠭᠦᠶ‍ᠦᠭᠡᠤᠨ ᠭᠡᠨᠡᠳᠳᠡ ᠡᠵᠢ ᠮᠢᠨᠢ ᠭᠡᠷ ᠲᠡᠭᠡᠨ ᠨᠠᠮᠠᠶ᠋ᠢ ᠰᠤᠷᠭᠠᠭᠤᠯᠢ ᠳᠤ ᠭᠦᠷᠭᠡᠭᠦ ᠪᠠᠷ ᠭᠦᠯᠢᠶᠡᠨ ᠪᠣᠢ ᠶᠢ ᠰᠠᠨᠠᠵᠤ ᠪᠣᠴᠠᠨ ᠠᠯᠬᠤᠯ᠎ᠠ ᠃

ᠮᠦᠨ ᠳᠠᠷᠠ ᠡᠳᠦᠷ ᠤᠨ ᠦᠳᠡ ᠶᠢᠨ ᠡᠮᠦᠨᠡᠭᠢ ᠬᠤᠶᠠᠳᠤᠭᠠᠷ ᠴᠠᠭ ᠲᠤ ᠪᠠᠢ᠌ᠵᠤ ᠪᠢᠯᠠ ᠃ ᠪᠢᠳᠠ ᠡᠶᠡᠪᠠᠷᠭᠦᠤ ᠵᠥᠭᠡᠯᠡᠨ ᠬᠠᠷᠠᠴᠠ ᠲᠡᠶ ᠠᠨᠢᠶ᠎ᠠ ᠶᠢᠨ 《ᠠ᠂ ᠡ ᠂ ᠡᠢ》 ᠭᠡᠵᠤ ᠣᠩᠰᠢᠬᠤ ᠶᠢ ᠲᠠᠭᠠᠨ ᠠᠶᠠᠯᠠᠭᠤᠯᠠᠨ ᠣᠩᠰᠢᠵᠤ ᠪᠠᠢ᠌ᠳᠠᠯ᠎ᠠ ᠡᠭᠦᠳᠡ ᠠᠯᠭᠤᠷᠬᠠᠨ ᠵᠠᠪᠰᠠᠷᠯᠠᠭᠳᠠᠵᠤ ᠂ ᠵᠠᠪᠰᠠᠷ ᠶᠢᠡᠷ ᠨᠢ ᠨᠢᠭᠡ ᠮᠤᠬᠤᠷ ᠳᠤᠯᠤᠭᠠᠢ ᠪᠣᠯᠳᠠᠰᠭᠢᠨ ᠴᠤᠬᠣᠢ᠌ᠪᠠ ᠃

ᠶᠠᠭ ᠡᠭᠦᠳᠡᠨ ᠵᠠᠬ᠎ᠠ ᠳᠤ ᠰᠠᠭᠤᠵᠤ ᠪᠠᠢ᠌ᠭᠰᠠᠨ ᠮᠢᠨᠤ ᠳᠠᠷᠠ ᠰᠤᠴᠢᠭᠰᠠᠨ ᠭᠡᠵᠢ ᠡ ᠄

᠊᠊᠊᠊᠊᠊᠊᠊᠊᠊᠊᠊᠊᠊᠊ ᠮᠤᠬᠤᠷ ᠡ ︕ ᠭᠡᠤᠨ ᠪᠢ ᠣᠷᠤᠨ ᠡᠴᠡ ᠪᠠᠨ ᠭᠤᠰ ᠦᠰᠦᠷᠤᠨ ᠪᠣᠰᠬᠤ ᠳᠤ᠂ ᠣᠯᠠᠨ ᠤ ᠬᠠᠷᠠᠴᠠ ᠮᠢᠨᠤ ᠳᠡᠭᠡᠷ᠎ᠡ ᠲᠦᠪᠯᠡᠷᠠᠵᠤ ᠠᠪᠣᠭᠰᠠᠨ ᠶᠢᠡᠨ ᠮᠤᠬᠤᠷ ᠳᠡᠭᠡᠷ᠎ᠡ ᠰᠢᠯᠵᠢᠪᠠ ᠃

ᠮᠤᠬᠤᠷ ᠣᠷᠤᠵᠤ ᠢᠷᠠᠯ᠎ᠠ ᠃

᠊᠊᠊᠊᠊᠊᠊᠊᠊᠊᠊᠊᠊᠊᠊ ᠪᠢᠴᠢᠭ᠌ ᠰᠤᠷᠬᠤ ᠪᠠᠷ ᠢᠷᠠᠪᠠ ᠦᠦ ︖ ᠭᠡᠵᠤ ᠪᠠᠭᠰᠢ ᠠᠰᠠᠭᠤᠬᠤ ᠳᠤ ᠮᠤᠬᠤᠷ ᠳᠤᠯᠤᠭᠠᠢ ᠳᠤᠭᠢᠨ᠎ᠠ ᠃

᠊᠊᠊᠊᠊᠊᠊᠊᠊᠊᠊᠊᠊᠊᠊ ᠨᠠᠷ᠎ᠠ ᠴᠢᠨᠢ ᠭᠡᠨ ᠭᠡᠳᠡᠭ᠌ ᠶᠤᠮ ︖ ᠭᠡᠭᠦ ᠳᠤ ᠮᠤᠬᠤᠷ ᠂ ᠳᠤᠯᠤᠭᠠᠢ ᠪᠠᠨ ᠮᠠᠭᠠᠵᠢᠨ ᠳᠤᠷᠤᠭᠰᠢ ᠬᠠᠷᠠᠪᠠ ᠃

᠊᠊᠊᠊᠊᠊᠊᠊᠊᠊᠊᠊᠊᠊᠊ ᠶᠠᠪᠠ ᠁ ᠭᠡᠵᠤ ᠭᠡᠳᠤᠨ ᠭᠡᠦᠭᠡᠤᠨ ᠳᠤᠳᠤᠷ᠎ᠠ ᠳᠤᠳᠤᠷ᠎ᠠ ᠪᠠᠨ ᠰᠢᠪᠠᠨᠠᠯᠳᠤᠨ᠎ᠠ ᠃

᠊᠊᠊᠊᠊᠊᠊᠊᠊᠊᠊᠊᠊᠊᠊ ᠭᠦᠤ ᠮᠢᠨᠢ ᠴᠢ ᠥᠭᠡ ᠭᠡᠯᠡᠵᠤ ᠴᠢᠳᠠᠳᠠᠭ ᠦᠭᠡᠶ ᠦᠦ ︖ ᠭᠡᠵᠤ ᠪᠠᠭᠰᠢ ᠵᠢᠨ ᠴᠢᠷᠠᠢ ᠳᠤ ᠥᠷᠦᠪᠳᠦᠭ᠍ᠰᠡᠨ ᠪᠠᠢ᠌ᠳᠠᠯ ᠢᠯᠠᠷᠠᠨ ᠂ ᠠᠵᠢᠯᠯᠠᠬᠤ ᠳᠠᠢ᠌ᠰᠠᠨ ᠡᠴᠡ ᠪᠠᠨ ᠪᠠᠭᠤᠵᠤ ᠢᠷᠡᠭᠡᠤᠨ ᠄

᠊᠊᠊᠊᠊᠊᠊᠊᠊᠊᠊᠊᠊᠊᠊ ᠭᠦᠭᠡᠷᠦᠭᠦᠢ ᠭᠦᠤ ᠮᠢᠨᠢ ᠂ ᠴᠢᠮ᠎ᠠ ᠰᠢᠭ ᠭᠡᠦᠭᠡᠤᠨ ᠢ ᠪᠢ ᠭᠦᠯᠢᠶᠡᠨ ᠠᠪᠴᠤ ᠴᠢᠳᠠᠬᠤ ᠦᠭᠡᠶ ᠰᠢᠤ ᠂ ᠳᠤᠰᠬᠠᠢ ᠮᠡᠷᠭᠡᠵᠢᠯ ᠪᠣᠯᠪᠠᠰᠤᠷᠠᠯ ᠭᠦᠷᠳᠡᠭ᠍ᠰᠡᠨ ᠪᠠᠭᠰᠢ ᠨᠡᠷ ᠰᠠᠶ‍ᠢ ᠴᠢᠮ᠎ᠠ ᠳᠤ ᠰᠤᠷᠭᠠᠵᠤ ᠳᠠᠢ᠌ᠯᠤᠨ᠎ᠠ ᠃ ᠬᠠᠢ᠌ᠷᠠᠨ ᠰᠠᠢ᠌ᠬᠠᠨ ᠴᠠᠭ ᠶᠢᠡᠨ ᠡ᠊ᠡᠳᠡ ᠥᠷᠡᠭᠦ ᠭᠡᠷᠡᠭ᠌ ᠦᠭᠡᠶ᠂ ᠭᠡᠷ ᠲᠡᠭᠡᠨ ᠪᠣᠴᠠᠭᠠᠷᠠᠢ ᠭᠡᠯ᠎ᠡ ᠃

ᠮᠤᠬᠤᠷ ᠰᠠᠮᠪᠠᠷ᠎ᠠ ᠶᠢ ᠵᠢᠭᠠᠨ ᠂ ᠮᠠᠨᠤᠰ ᠢ ᠵᠢᠭᠠᠭᠠᠤᠨ ᠶᠠᠪᠣᠵᠤ ᠦᠭ‍ᠭᠦᠭ᠍ᠰᠡᠨ ᠦᠭᠡᠶ᠃ ᠪᠠᠭᠰᠢ ᠮᠦᠷᠤ ᠶᠢ ᠨᠢ ᠳᠠᠪᠰᠢᠨ ᠭᠠᠳᠠᠭᠰᠢ ᠵᠢᠭᠠᠬᠤ ᠳᠤ᠂ ᠮᠤᠬᠤᠷ ᠣᠷᠤᠭᠰᠢ ᠱᠤᠳᠤᠷᠤᠨ ᠪᠠᠭᠰᠢ ᠶᠢᠨ ᠳᠤᠮᠳᠠᠭᠤᠷ ᠳᠡᠪᠠᠷᠢᠭᠡᠤᠨ ᠡᠭᠡᠷ ᠳᠠᠳᠠᠨ ᠣᠭᠢᠯᠠᠴᠢᠬᠠᠯ᠎ᠠ ᠃

ᠪᠢ ᠣᠷᠤᠭᠰᠢ ᠳᠠᠪᠰᠢᠨ ᠮᠤᠬᠤᠷ ᠤᠨ ᠭᠠᠷ ᠡᠴᠡ ᠨᠢ ᠳᠠᠳᠠᠵᠤ ᠄

᠊᠊᠊᠊᠊᠊᠊᠊᠊᠊᠊᠊᠊᠊᠊ ᠪᠢᠳᠡᠭᠡᠢ ᠣᠭᠢᠯᠠ ᠂ ᠶᠠᠪᠣᠶ᠎ᠠ ᠁ ᠭᠡᠵᠤ ᠠᠷᠭᠠᠳᠠᠬᠤ ᠳᠤ ᠳᠠᠷᠠ ᠨᠠᠮᠵᠢᠭᠰᠠᠨ ᠦᠭᠡᠶ ᠮᠥᠷᠳᠡᠭᠡᠨ ᠣᠯᠠᠮ ᠠᠬᠠᠳᠠᠴᠢᠬᠠᠪᠠ ᠃

ᠪᠠᠭᠰᠢ ᠮᠤᠬᠤᠷ ᠢ ᠳᠠᠪᠠᠷᠢᠨ ᠭᠢᠴᠢᠶᠠᠯ ᠤᠨ ᠭᠡᠷ ᠡᠴᠡ ᠭᠠᠷᠤᠯ᠎ᠠ ᠁

ᠡᠨᠡ ᠶᠠᠪᠣᠳᠠᠯ ᠥᠩᠭᠡᠷᠡᠭᠡᠳ ᠭᠡᠳᠤ ᠬᠤᠨᠤᠭᠰᠠᠨ ᠴᠤ ᠮᠤᠬᠤᠷ ᠳᠠᠭᠢᠭᠠᠤᠨ ᠰᠤᠷᠭᠠᠭᠤᠯᠢ ᠳᠡᠭᠡᠷ᠎ᠡ ᠢᠷᠡᠭ᠍ᠰᠡᠨ ᠦᠭᠡᠶ᠃

ᠭᠠᠷᠠᠭ ᠤᠨ ᠡᠳᠦᠷ ᠃

ᠪᠢ ᠮᠤᠬᠤᠷ ᠤᠨ ᠳᠤᠬᠠᠢ ᠰᠠᠨᠠᠭᠠᠰᠢᠷᠠᠵᠤ ᠂ ᠨᠠᠭᠠᠤᠠᠬᠤ ᠭᠦᠰᠡᠯ ᠳᠦᠷᠦᠭ᠍ᠳᠡᠨ 《 ᠠ ᠂ ᠡ ᠂ ᠡᠢ 》 ᠪᠠᠨ ᠪᠣᠭᠴᠤᠯᠠᠭᠠᠤᠨ ᠂ ᠳᠡᠭᠦᠨ ᠳᠤ ᠵᠢᠭᠠᠵᠤ ᠦᠭ‍ᠭᠦᠨ᠎ᠡ ᠳ᠋ᠠ ᠭᠡᠵᠤ ᠶᠡᠭᠡ ᠶᠢ ᠰᠠᠨᠠᠭᠰᠠᠭᠠᠷ ᠨᠤᠳᠤᠭ ᠪᠠᠭᠤᠴᠨ ᠳᠠᠭᠠᠨ ᠳᠠᠯᠪᠢᠵᠤ ᠭᠦᠷᠦᠭ᠍ᠰᠡᠨ ᠪᠢᠯᠠ ᠃

ᠮᠠᠨ ᠤ ᠵᠢᠭᠠᠬᠠᠨ 《 ᠭᠡᠷ 》 ᠳᠠᠷᠢ ᠳᠡᠭ᠍ᠰᠢ ᠂ ᠭᠢᠯᠠ ᠴᠢᠯᠠ ᠂ ᠣᠤᠯ ᠭᠡᠪ ᠲᠡᠭᠡᠨ᠂ ᠬᠠᠷᠢᠨ 《 ᠭᠦᠮᠤᠨ ᠴᠢᠯᠠᠭᠤ 》 ᠮᠢᠨᠢ ᠠᠪᠳᠠᠷ᠎ᠠ ᠳᠡᠭᠡᠷ᠎ᠡ ᠳᠠᠯᠪᠢᠭᠠᠰᠤᠳᠠᠢ ᠪᠠᠢ᠌ᠭᠰᠠᠨ ᠨᠢ ᠰᠠᠨᠠᠭᠠᠨ ᠡᠴᠡ ᠭᠠᠳᠠᠭᠤᠷ ᠪᠠᠢ᠌ᠯ᠎ᠠ ᠃ ᠮᠤᠬᠤᠷ ᠳᠡᠭᠦᠨ ᠢ ᠣᠯᠵᠤ ᠠᠪᠣᠯ᠎ᠠ ᠭᠡᠵᠤ ᠥᠮᠴᠢᠷᠭᠡᠵᠤ ᠂ ᠭᠦᠯᠢᠭᠡᠷ ᠭᠦᠭᠡᠷᠦᠭᠦᠨ ᠳᠡᠭᠦᠨ ᠢ ᠪᠠᠨ ᠭᠡᠭᠡᠭᠦ ᠡᠴᠡ ᠪᠣᠯᠭᠤᠮᠵᠢᠯᠠᠨ ᠂ ᠨᠠᠭᠠᠤᠠᠴᠤ ᠪᠠᠷᠠᠮᠠᠭᠴᠠ ᠡᠪᠦᠷᠯᠡᠨ ᠬᠠᠷᠢᠳᠠᠭ ᠪᠠᠢ᠌ᠭᠰᠠᠨ ᠶᠤᠮ ᠁

ᠦᠳᠡ ᠳᠦᠭᠦᠳᠡᠯ᠎ᠡ ᠭᠦᠯᠢᠶᠡᠭᠡᠤᠨ ᠮᠤᠬᠤᠷ ᠠᠯᠠᠭ᠎ᠠ ᠪᠣᠯᠬᠤᠷ ᠪᠢ ᠭᠡᠷ ᠲᠤ ᠨᠢ ᠡᠷᠢᠨ ᠭᠦᠷᠪᠡ ᠃

ᠮᠤᠬᠤᠷ ᠭᠡᠷ ᠲᠡᠭᠡᠨ ᠪᠠᠢ᠌ᠭᠰᠠᠨ ᠦᠭᠡᠶ᠃

ᠰᠤᠷᠭᠠᠭᠤᠯᠢ ᠡᠭᠢᠯᠡᠭ᠍ᠰᠡᠨ ᠳᠠᠷᠠ ᠡᠳᠦᠷ ᠮᠤᠬᠤᠷ ᠤᠨ ᠠᠪᠣ ᠡᠵᠢ ᠨᠢ ᠭᠡᠭᠡᠷ᠎ᠡ ᠨᠤᠭᠤᠭ᠎ᠠ ᠳᠡᠭᠦᠭᠦ ᠪᠠᠷ ᠶᠠᠪᠣᠭᠰᠠᠨ ᠪᠠᠢ᠌ᠵᠠᠢ ᠃ ᠬᠠᠷᠢᠵᠤ ᠢᠷᠡᠭᠦ ᠳᠤ ᠨᠢ ᠮᠤᠬᠤᠷ ᠭᠦᠷᠢᠶᠡᠨ ᠳᠤᠮᠳᠠ ᠪᠠᠨ ᠨᠢᠭᠡ ᠳᠠᠭᠤ ᠨᠢ ᠳᠡᠭ᠍ᠷᠢ ᠬᠠᠳᠠᠵᠤ ᠂ ᠨᠥᠭᠦᠭᠡ ᠳᠠᠭᠤᠨ ᠨᠢ ᠭᠠᠵᠠᠷ ᠭᠠᠩᠨᠠᠵᠤ ᠬᠠᠩᠭᠢᠨᠠᠳᠠᠯ᠎ᠠ ᠣᠭᠢᠯᠠᠵᠤ ᠪᠠᠢ᠌ᠭᠰᠠᠨ ᠪᠦᠭᠡᠤᠨ ᠬᠠᠵᠠᠭᠤ ᠳᠤ ᠨᠢ ᠪᠠᠭᠰᠢ ᠠᠷᠭ᠎ᠠ ᠠᠯᠳᠠᠷᠠᠨ ᠭᠠᠷ ᠨᠤᠬᠤᠯᠠᠵᠤ ᠪᠠᠢ᠌ᠵᠠᠢ ᠃ ᠮᠠᠨ ᠤ ᠭᠦᠳᠡᠭᠡ ᠨᠤᠳᠤᠭ ᠲᠤ ᠶᠠᠪᠠ ᠭᠡᠦᠭᠡᠤᠨ ᠤᠨ ᠰᠤᠷᠭᠠᠭᠤᠯᠢ ᠭᠡᠵᠤ ᠬᠠᠮᠢᠭ᠎ᠠ ᠪᠠᠢ᠌ᠬᠤ ᠪᠣᠢ ᠳ᠋ᠠ ᠂ ᠭᠤᠮᠪᠣ ᠠᠪᠠᠭ᠎ᠠ ᠠᠷᠭ᠎ᠠ ᠪᠣᠰᠤ 《 ᠠ ᠂ ᠡ ᠂ ᠡᠢ 》 ᠰᠤᠷᠤᠨ᠎ᠠ ᠭᠡᠵᠤ ᠥᠭᠦᠸᠡᠷ ᠠᠭᠠᠰᠢᠯᠠᠵᠤ ᠪᠠᠢ᠌ᠭ᠎ᠠ ᠮᠤᠬᠤᠷ ᠢ ᠠᠯᠤᠰ ᠬᠤᠳᠠ ᠳᠤ ᠪᠠᠢ᠌ᠭ᠎ᠠ ᠠᠪᠠᠭ᠎ᠠ ᠶᠢᠨ ᠭᠢᠨ ᠳᠤ ᠨᠢ ᠭᠦᠷᠭᠡᠵᠡᠢ ᠃

ᠳᠠᠯ᠎ᠠ ᠶᠢᠨ ᠰᠢᠷ᠎ᠠ ᠵᠠᠮ ᠰᠤᠨᠤᠯᠵᠠᠨ ᠰᠤᠨᠤᠯᠵᠠᠭᠰᠠᠭᠠᠷ ᠳᠠᠷᠠ ᠬᠤᠯᠠ ᠳᠡᠭ᠍ᠷᠢ ᠶᠢᠨ ᠭᠢᠵᠠᠭᠠᠷ ᠲᠤ ᠰᠢᠩᠭᠡᠨ᠎ᠡ ᠂ ᠳᠠᠠᠳᠠ ᠬᠤᠳᠠ ᠪᠣᠢ ᠂ ᠬᠤᠳᠠ ᠶᠢᠨ ᠶᠠᠪᠠ ᠭᠡᠦᠭᠡᠤᠨ ᠤᠨ ᠰᠤᠷᠭᠠᠭᠤᠯᠢ ᠳᠤ ᠰᠤᠷᠤᠯᠴᠠᠵᠤ ᠪᠠᠢ᠌ᠭ᠎ᠠ ᠮᠤᠬᠤᠷ ᠪᠣᠢ ᠃

ᠮᠤᠬᠤᠷ ᠮᠢᠨᠢ ᠢᠩᠭᠢᠭᠡᠤᠨ ᠯᠠ ᠠᠯᠳᠠᠷᠠᠢ ᠪᠠᠭ᠎ᠠ ᠶᠢᠨ ᠦᠰᠴᠦ ᠳᠦᠷᠦᠭ᠍ᠰᠡᠨ ᠡᠭᠡ ᠨᠤᠳᠤᠭ ᠡᠴᠡ ᠪᠠᠨ ᠠᠶᠠᠷᠯᠠᠵᠤ ᠂ ᠲᠦᠮᠡᠨ ᠠᠭᠤᠯᠠ ᠮᠢᠩᠭ᠋ᠠᠨ ᠣᠰᠤ ᠶᠢ ᠭᠠᠳᠤᠯᠤᠨ ᠂ ᠠᠯᠤᠰ ᠤᠨ ᠠᠯᠤᠰ ᠲᠤ 《 ᠠ ᠂ ᠡ ᠂ ᠡᠢ 》 ᠰᠤᠷᠬᠤ ᠪᠠᠷ ᠶᠠᠪᠣᠵᠠᠢ ᠃

ᠪᠢ ᠨᠤᠳᠤᠭ ᠪᠠᠭᠤᠴᠠ ᠶᠢᠨ 《 ᠭᠡᠷ 》 ᠲᠡᠭᠡᠨ ᠣᠳᠠᠳᠠᠯ᠎ᠠ ᠰᠠᠭᠤᠯ᠎ᠠ ᠃ ᠰᠠᠤᠠᠭᠢᠯ ᠭᠢᠮᠤᠷᠠᠵᠤ ᠂ ᠶᠠᠭᠤ ᠨᠢᠭᠡ ᠶᠢ ᠥᠭᠡᠢ᠌ᠯᠡᠨ ᠬᠠᠩᠭᠢᠨᠠᠳᠠᠯ᠎ᠠ ᠰᠠᠨᠠᠭ᠎ᠠ ᠠᠯᠳᠠᠵᠤ ᠠᠪᠣᠭᠰᠠᠨ ᠶᠢᠡᠨ ᠭᠡᠦᠭᠡᠤᠨ ᠨᠠᠰᠤᠨ ᠤ ᠭᠡᠨᠡᠨ ᠨᠠᠭᠠᠳᠤᠮ ᠤᠳ ᠶᠢᠡᠨ ᠨᠢᠭᠡᠤᠨ ᠨᠢᠭᠡ ᠪᠠᠷ ᠬᠤᠷᠢᠶᠠᠮᠵᠢᠯᠠᠪᠠ ᠃ ᠭᠦᠮᠤᠨ ᠴᠢᠯᠠᠭᠤ ᠪᠠᠨ ᠠᠯᠠᠭᠠᠨ ᠳᠠᠭᠠᠨ ᠳᠠᠯᠪᠢᠬᠤ ᠲᠡᠶ ᠵᠡᠷᠭᠡ ᠮᠤᠬᠤᠷ ᠰᠠᠨᠠᠭᠳᠠᠵᠤ ᠶᠠᠭᠤ ᠴᠤ ᠪᠣᠳᠤᠭᠰᠠᠨ ᠶᠢᠡᠨ ᠮᠠᠳᠠᠯ ᠦᠭᠡᠶ ᠬᠠᠮᠠᠷ ᠤᠨ ᠥᠵᠦᠭᠦᠷ ᠪᠣᠷᠭᠢᠷᠠᠨ ᠨᠢᠯᠪᠣᠰᠤ ᠴᠢᠯᠠᠭᠤᠨ ᠳᠡᠭᠡᠷ᠎ᠡ 《 ᠳᠤᠱ ᠂ ᠳᠤᠱ 》 ᠳᠤᠰᠤᠯᠠᠪᠠ ᠃ ᠶᠠᠷᠤ ᠨᠢ ᠡᠨᠡ ᠴᠢᠯᠠᠭᠤ ᠮᠤᠬᠤᠷ ᠲᠡᠶ ᠶᠠᠮᠠᠷ ᠨᠢᠭᠡᠨ ᠳᠠᠯ᠎ᠠ ᠪᠠᠷ ᠶᠢᠡᠨ ᠳᠤᠩ ᠳᠦᠰᠦᠭᠡᠳᠡᠢ ᠰᠠᠨᠠᠭᠳᠠᠬᠤ ᠶᠤᠮ ᠂ ᠨᠢᠳᠤ ᠨᠢ ᠴᠤ ᠪᠢᠯᠠ ᠦᠦ︖ ᠴᠢᠭᠢ ᠨᠢ ᠴᠤ ᠪᠢᠯᠠ ᠦᠦ ︖ ᠳᠠᠷᠠ ᠯᠠᠪᠳᠠᠢ ᠨᠠᠮᠠᠶ᠋ᠢ ᠨᠠᠭᠠᠳᠤᠭᠠᠰᠠᠢ ᠭᠡᠵᠤ ᠠᠮᠢᠨ ᠬᠠᠢ᠌ᠷᠠᠳᠠᠢ ᠡᠭᠦᠨ ᠢ ᠪᠠᠨ ᠡ᠊ᠡᠳᠡ ᠣᠷᠭᠢᠭᠰᠠᠨ ᠪᠠᠢ᠌ᠬ᠎ᠠ ᠁

ᠮᠤᠬᠤᠷ ᠶᠠᠪᠣᠴᠢᠬᠠᠯ᠎ᠠ ᠃ ᠪᠢ ᠴᠤ ᠰᠤᠷᠭᠠᠭᠤᠯᠢ ᠳᠤ ᠣᠷᠤᠵᠤ ᠪᠢᠰᠢᠭᠦᠢ ᠠᠷᠪᠢᠨ ᠨᠠᠭᠠᠳᠤᠮ ᠤᠨ ᠬᠠᠨᠢᠳᠠᠨ ᠲᠡᠶ ᠪᠣᠯᠤᠭᠰᠠᠨ ᠶᠤᠮ ᠃ ᠭᠡᠪᠠᠴᠤ ᠪᠢ ᠭᠦᠮᠤᠨ ᠴᠢᠯᠠᠭᠤ ᠪᠠᠨ ᠠᠪᠳᠠᠷ᠎ᠠ ᠳᠠᠭᠠᠨ ᠬᠤᠷᠢᠶᠠᠵᠤ ᠳᠠᠭᠢᠭᠠᠤᠨ ᠭᠡᠨ ᠳᠤ ᠴᠤ ᠨᠠᠭᠠᠳᠤᠭᠤᠯᠤᠭᠰᠠᠨ ᠦᠭᠡᠶ ᠪᠢᠯᠠ ᠃ ᠣᠴᠢᠷ ᠨᠢ ᠳᠠᠷᠠ ᠪᠣᠯ ᠮᠤᠬᠤᠷ ᠪᠢᠳᠠ ᠬᠤᠶᠠᠷ ᠤᠨ ᠭᠢ ᠶᠤᠮ ᠃

ᠮᠦᠨ ᠳᠠᠷᠠ ᠡᠪᠦᠯ ᠂ ᠭᠤᠮᠪᠣ ᠠᠪᠠᠭ᠎ᠠ ᠶᠢᠨ ᠭᠢ ᠨᠠᠰᠤ ᠪᠠᠷ ᠶᠢᠡᠨ ᠢᠵᠢᠯᠢᠰᠢᠨ ᠳᠠᠰᠤᠭᠰᠠᠨ ᠠᠢ᠌ᠯ ᠰᠠᠭᠠᠬᠠᠯᠳᠠ ᠡᠴᠡ ᠪᠠᠨ ᠠᠶᠠᠷᠯᠠᠨ ᠂ ᠭᠡᠷ ᠭᠦᠷᠢᠶ᠎ᠡ ᠪᠠᠨ ᠣᠷᠭᠢᠵᠤ ᠂ ᠮᠠᠯ ᠬᠠᠷ᠎ᠠ ᠪᠠᠨ ᠬᠤᠳᠠᠯᠳᠤᠭᠠᠤᠨ ᠮᠤᠬᠤᠷ ᠤᠨ ᠠᠷᠤ ᠡᠴᠡ ᠬᠤᠯᠠ ᠶᠢᠨ ᠬᠤᠳᠠᠨ ᠳᠤ ᠨᠡᠭᠦᠵᠤ ᠶᠠᠪᠣᠭᠰᠠᠨ ᠪᠢᠯᠠ ᠃

᠁ ᠣᠷᠢᠬᠠᠨ ᠰᠠᠯᠭᠢᠨ ᠰᠡᠩᠭᠢᠨᠡᠭ᠍ᠰᠡᠨ ᠳᠤᠯᠠᠭᠠᠨ ᠬᠠᠪᠣᠷ ᠤᠨ ᠳᠠᠭᠠᠯᠠᠮᠵᠢᠳᠠᠢ ᠴᠠᠭ ᠂ ᠬᠠᠷᠢᠬᠤ ᠭᠠᠯᠠᠭᠤᠳ ᠵᠡᠯᠡᠯᠡᠭ᠍ᠰᠡᠨ ᠭᠦᠨ ᠨᠠᠮᠤᠷ ᠤᠨ ᠳᠠᠩᠰᠤᠭ ᠡᠷᠢᠨ ᠂ ᠵᠣᠢ᠌ᠯ ᠤᠨ ᠴᠡᠴᠡᠭ᠌ ᠳᠡᠯᠭᠡᠷᠡᠭ᠍ᠰᠡᠨ ᠥᠵᠡᠰᠭᠦᠯᠡᠩ ᠵᠤᠨ ᠤ ᠳᠤᠩᠭ᠋ᠠᠯᠠᠭ ᠥᠷᠯᠦᠭᠡ ᠂ ᠰᠥᠭᠦ ᠴᠠᠰᠤ ᠭᠢᠯᠠᠯᠵᠠᠭᠰᠠᠨ ᠦᠯᠵᠡᠢ᠌ᠳᠤ ᠡᠪᠦᠯ ᠤᠨ ᠵᠢᠪᠬᠤᠯᠠᠩᠳᠤ ᠦᠳᠡᠰᠢ ᠁ ᠡᠳᠦᠷ ᠬᠤᠨᠤᠭ ᠡᠭᠡᠯᠵᠢᠯᠡᠵᠤ ᠂ ᠣᠨ ᠵᠢᠯ ᠣᠯᠠᠷᠢᠭᠰᠠᠭᠠᠷ ᠁ ᠳᠡᠭᠦᠨ ᠡᠴᠡ ᠬᠣᠢ᠌ᠰᠢ ᠪᠢ ᠬᠡᠳᠦᠢ᠌ᠪᠡᠷ ᠣᠯᠠᠨ ᠣᠳᠠᠭ᠎ᠠ ᠨᠤᠳᠤᠭ ᠪᠠᠭᠤᠴᠨ ᠳᠠᠭᠠᠨ ᠮᠤᠬᠤᠷ ᠲᠡᠶ ᠠᠢ᠌ᠯ ᠭᠡᠷ ᠪᠣᠯᠤᠨ ᠨᠠᠭᠠᠤᠠᠴᠤ 《 ᠠᠩᠭ᠋᠎ᠠ ᠭᠡᠦᠭᠡᠤᠨ 》 ᠰᠠᠭᠠᠳᠠᠭᠤᠯᠵᠤ ᠪᠠᠢ᠌ᠨ᠎ᠠ ᠭᠡᠵᠤ ᠵᠡᠭᠦᠳᠦᠯᠡᠭ᠍ᠰᠡᠨ ᠪᠣᠯᠪᠠᠴᠤ ᠂ ᠳᠡᠭᠦᠨ ᠲᠡᠶ ᠪᠠᠨ ᠳᠠᠭᠢᠵᠤ ᠠᠭᠤᠯᠵᠠᠭᠰᠠᠨ ᠦᠭᠡᠶ᠃

ᠵᠢᠷᠦᠭᠡᠨ ᠳᠤ ᠬᠠᠳᠠᠩᠰᠢᠭᠰᠠᠨ ᠬᠤᠩᠭ᠋ᠤᠷᠬᠠᠨ ᠠᠩᠭᠢᠷᠬᠠᠨ ᠵᠢᠷᠤᠭ ᠳᠦᠷᠭᠦ ᠂ ᠵᠡᠭᠦᠳᠤᠨ ᠳᠤ ᠬᠤᠨᠤᠭᠰᠢᠭᠰᠠᠨ ᠭᠦᠭᠡᠷᠦᠭᠦᠨ ᠴᠠᠭᠠᠪᠣᠷᠬᠠᠨ ᠠᠭᠠᠯᠢ ᠵᠠᠩ ᠊᠊᠊᠊᠊᠊᠊᠊᠊᠊᠊᠊᠊᠊᠊ ᠣᠨᠠᠭᠠᠨ ᠬᠤᠯᠪᠣᠭ᠎ᠠ ᠂ ᠪᠠᠭ᠎ᠠ ᠶᠢᠨ ᠨᠠᠢ᠌ᠵᠠ ᠮᠤᠬᠤᠷ ᠡᠴᠡ ᠠᠶᠠᠷᠯᠠᠨ ᠰᠠᠯᠤᠭᠰᠠᠨ ᠡᠴᠡ ᠨᠡᠭᠠᠰᠢ ᠨᠢᠭᠡᠡᠳᠡ ᠬᠤᠷᠢᠨ ᠭᠡᠳᠤᠨ ᠬᠠᠪᠣᠷ ᠨᠠᠮᠤᠷ ᠣᠯᠠᠷᠢᠵᠤ ᠂ ᠪᠣᠮᠪᠣᠭᠤᠷ ᠳᠠᠷᠭᠤᠨ ᠵᠢᠭᠠᠯ ᠭᠡᠦᠭᠡᠨ ᠪᠠᠢ᠌ᠭᠰᠠᠨ ᠪᠢ ᠂ ᠡᠶᠡᠪᠠᠷᠭᠦᠤ ᠨᠠᠮᠪᠠᠭᠠᠯᠢᠭ ᠭᠤᠴᠢᠨ ᠨᠠᠰᠤᠨ ᠤ ᠪᠦᠰᠡᠭᠦᠢ ᠪᠣᠯᠤᠨ ᠬᠤᠪᠢᠷᠠᠪᠠ ᠃ ᠭᠠᠯ ᠵᠠᠯᠠᠭᠤ ᠬᠤᠷᠢᠨ ᠳᠠᠪᠤᠨ ᠨᠠᠰᠤᠨ ᠳᠠᠭᠠᠨ ᠠᠪᠣ ᠡᠵᠢ ᠶᠢᠨ ᠶᠢᠡᠨ ᠵᠥᠪᠯᠡᠯᠭᠡ ᠪᠠᠷ ᠠᠯᠳᠠᠷᠠᠢ ᠪᠠᠭ᠎ᠠ ᠶᠢᠨ ᠠᠮᠠᠯᠳᠠᠯᠭ᠎ᠠ ᠪᠠᠨ ᠪᠠᠶᠡᠯᠡᠭᠦᠯᠵᠤ ᠨᠤᠳᠤᠭ ᠪᠠᠭᠤᠴᠨ ᠳᠠᠭᠠᠨ ᠰᠢᠨᠡᠭᠡᠨ ᠭᠡᠷ ᠪᠣᠰᠬᠠᠭᠰᠠᠨ ᠶᠤᠮ ᠃ ᠭᠡᠪᠠᠴᠤ ᠮᠤᠬᠤᠷ ᠲᠡᠶ ᠪᠢᠰᠢ ᠂ ᠬᠠᠷᠢᠨ ᠨᠠᠮᠠᠶ᠋ᠢ ᠭᠦᠨ ᠣᠢ᠌ᠯᠠᠭᠠᠵᠤ ᠳᠤᠩ ᠬᠠᠢ᠌ᠷᠠᠯᠠᠳᠠᠭ ᠨᠤᠳᠤᠭ ᠤᠨ ᠬᠠᠷ᠎ᠠ ᠭᠦᠤ ᠲᠡᠶ ᠬᠠᠢ᠌ᠷ᠎ᠠ ᠰᠤᠨᠭᠢᠯᠭᠡ ᠪᠠᠨ ᠳᠡᠭᠡᠵᠢᠯᠡᠨ ᠬᠠᠷ᠎ᠠ ᠦᠰᠦ ᠪᠠᠨ ᠬᠤᠯᠪᠣᠵᠠᠢ ᠃ ᠳᠤᠷᠮᠤᠭᠤᠷ ᠭᠦᠭᠡᠷᠦᠭᠦᠨ ᠭᠦᠤ ᠮᠢᠨᠢ ᠳᠠᠪᠤᠨ ᠨᠠᠰᠤᠯᠠᠯ᠎ᠠ ᠃ ᠭᠦᠮᠤᠨ ᠴᠢᠯᠠᠭᠤ ᠪᠠᠨ ᠭᠡᠳᠦᠷᠭᠡᠢ ᠨᠠᠠᠳᠢᠩᠨᠠᠵᠤ ᠂ ᠵᠢᠷᠦᠭᠡᠨ ᠳᠡᠷᠭᠡᠯ ᠬᠤᠷᠸ᠎ᠠ ᠂ ᠵᠡᠭᠦᠳᠤᠨ ᠭᠦᠰᠡᠯ ᠤᠨ ᠣᠷᠴᠢᠯᠠᠩ ᠳᠠᠭᠠᠨ ᠬᠠᠳᠠᠨ ᠬᠠᠳᠠᠭᠠᠯᠠᠭᠰᠠᠨ ᠡᠴᠡ ᠪᠣᠯᠪᠠ ᠦᠦ ᠳ᠋ᠠ ᠂ ᠳᠤᠷᠮᠤᠭᠤᠷ ᠨᠢᠳᠤ ᠂ ᠳᠡᠯᠳᠡᠭᠡᠷ ᠴᠢᠭᠢ ᠳᠡᠢ ᠭᠦᠤ ᠮᠢᠨᠢ ᠂ ᠳᠡᠭᠦᠨ ᠲᠡᠶ ᠮᠢᠨᠢ ᠳᠠᠩᠴᠠ ᠳᠦᠰᠦᠭᠡᠳᠡᠢ ᠬᠠᠷᠠᠭᠳᠠᠨ᠎ᠠ ᠪᠢᠯᠠ ᠁

ᠮᠤᠬᠤᠷ ᠤᠨ ᠭᠡᠷ ᠤᠨ ᠬᠠᠭᠤᠴᠢᠨ ᠪᠠᠭᠤᠷᠢ ᠶᠢ ᠪᠠᠷᠠᠯᠠᠬᠤ ᠪᠦᠷᠢ ᠮᠤᠬᠤᠷ ᠳᠠᠩᠳᠠ ᠡᠷᠢᠭ᠍ᠳᠡᠨ᠎ᠡ ᠃ ᠮᠤᠬᠤᠷ ᠮᠢᠨᠢ ᠬᠠᠮᠢᠭ᠎ᠠ ᠂ ᠶᠠᠭᠤ ᠭᠢᠵᠤ ᠶᠠᠪᠣᠭ᠎ᠠ ᠪᠣᠯ ᠳ᠋ᠠ ᠂ ᠭᠦᠮᠤᠨ ᠴᠢᠯᠠᠭᠤ ᠪᠠᠨ ᠳᠤᠷᠠᠰᠴᠤ ᠶᠠᠪᠣᠭ᠎ᠠ ᠪᠣᠯ ᠦᠦ ︖ ᠢᠷᠡᠭᠡᠳᠦᠢ ᠶᠢᠨ ᠠᠯᠢ ᠨᠢᠭᠡ ᠡᠳᠦᠷ ᠂ ᠨᠤᠳᠤᠭ ᠪᠠᠭᠤᠴᠨ ᠳᠠᠭᠠᠨ ᠭᠦᠮᠤᠨ ᠴᠢᠯᠠᠭᠤ ᠪᠠᠨ ᠡᠷᠭᠢᠵᠤ ᠥᠵᠡᠭᠦ ᠪᠠᠷ ᠢᠷᠡᠭᠦ ᠶᠢ ᠪᠢ ᠢᠳᠡᠭᠡᠨ᠎ᠡ ᠃

ᠠᠪᠳᠠᠷ᠎ᠠ ᠳᠤ ᠬᠠᠳᠠᠭᠠᠯᠠᠭᠠᠳᠠᠢ ᠭᠦᠮᠤᠨ ᠴᠢᠯᠠᠭᠤ ᠪᠠᠨ ᠭᠠᠷᠭᠠᠨ ᠱᠤᠬᠤᠭᠤᠷᠠᠬᠤ ᠪᠦᠷᠢ ᠂ ᠳᠠᠷᠠ ᠬᠤᠯᠠ ᠶᠢᠨ ᠠᠯᠳᠠᠷᠠᠢ ᠬᠤᠩᠭ᠋ᠤᠷ ᠪᠠᠭ᠎ᠠ ᠨᠠᠰᠤ ᠪᠠᠨ ᠡᠷᠭᠡ ᠦᠭᠡᠶ ᠳᠤᠷᠠᠰᠤᠨ ᠰᠠᠨᠠᠳᠠᠭ ᠪᠢᠯᠠ ᠪᠢ ᠁

ᠮᠦᠨ ᠴᠤ ᠰᠠᠢ᠌ᠬᠠᠨ ᠦᠶ᠎ᠡ ᠪᠠᠢ᠌ᠵᠤ ᠰᠠᠨ ᠃

ᠨᠤᠳᠤᠭ ᠪᠠᠭᠤᠴᠠ ᠮᠢᠨᠢ ᠪᠦᠷᠳᠥᠢᠭᠡᠤᠨ ᠯᠠ ᠁

ᠭᠦᠮᠤᠨ ᠴᠢᠯᠠᠭᠤ ᠮᠢᠨᠢ ᠳᠡᠯᠳᠡᠢ᠌ᠭᠡᠤᠨ ᠯᠠ ᠁

ᠭᠦᠭᠡᠷᠦᠭᠦᠢ ᠁

ᠨᠤᠳᠤᠭ ᠪᠠᠭᠤᠴᠠ ᠶᠢᠨ ᠭᠦᠮᠤᠨ ᠴᠢᠯᠠᠭᠤ

ᠨᠠᠰᠤᠨ ᠳᠠᠭᠠᠨ ᠳᠤᠷᠠᠰᠬᠤ ᠬᠠᠢ᠌ᠷ᠎ᠠ ᠶᠢᠨ ᠴᠢᠯᠠᠭᠤ ︕


ᠲᠤᠰ ᠵᠤᠬᠢᠶᠠᠯ ᠢ ᠵᠠᠷᠤᠳ ᠬᠤᠰᠢᠭᠤᠨ ᠤ ᠵᠠᠯᠠᠭᠤ ᠵᠤᠬᠢᠶᠠᠯᠴᠢ ᠲᠤᠤᠯᠠ (ᠲᠢᠶᠠᠨ ᠯᠢ ᠯᠢ) ‍ ᠶᠢᠨ ᠵᠤᠬᠢᠶᠠᠯ ᠤᠨ ᠲᠡᠭᠦᠪᠦᠷᠢ 《ᠨᠤᠲᠤᠭ ᠪᠠᠭᠤᠴᠠ ᠶᠢᠨ ᠬᠦᠮᠦᠨ ᠴᠢᠯᠠᠭᠤ》 ᠡᠴᠡ ᠰᠤᠩᠭ᠋ᠤᠪᠠ᠃


ᠵᠤᠬᠢᠶᠠᠭᠴᠢ᠄ ᠲᠤᠤᠯᠠ
ᠬᠠᠷᠢᠶ᠎ᠠ᠄ ᠥᠭᠥᠯᠡᠯᠭᠡ
ᠳᠠᠷᠤᠮ᠄ 9243
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ