ᠪᠦᠷᠲᠡ ᠴᠢᠨ᠋ᠸ᠎ᠠ
ᠪᠦᠷᠳᠡ ᠴᠢᠨ᠋ᠸ᠎ᠠ (孛儿贴赤那)᠄ ᠪᠦᠷᠳᠡ ᠴᠢᠨ᠋ᠸ᠎ᠠ ᠪᠣᠯ ᠴᠢᠩᠭᠢᠰ ᠬᠠᠭᠠᠨ ᠤ ᠳᠡᠭᠡᠳᠡᠢ ᠬᠤᠷᠢᠨ ᠬᠤᠶᠠᠳᠤᠭᠠᠷ ᠦᠶ᠎ᠡ ᠶᠢᠨ ᠡᠪᠦᠭᠡ ᠪᠣᠯᠤᠨ᠎ᠠ᠃ ᠪᠦᠷᠳᠡ ᠴᠢᠨ᠋ᠸ᠎ᠠ ᠶᠢᠨ ᠮᠡᠡᠳᠦᠯᠡᠭ᠍ᠰᠡᠨ ᠣᠨ ᠤ ᠳᠤᠬᠠᠢ ᠭᠡᠳᠤᠨ ᠵᠣᠢ᠌ᠯ ᠤᠨ ᠳᠡᠮᠳᠡᠭᠯᠡᠯ ᠪᠣᠢ᠃ ᠰᠯᠠᠸᠴᠢᠨ ᠥᠰᠦᠭ᠌ ᠤᠨ 《ᠬᠠᠯᠬ᠎ᠠ ᠳᠤᠪᠴᠢᠶᠠᠨ》 ᠳ᠋ᠤ᠂ ᠳᠡᠦᠭᠡᠴᠢ ᠭᠡ᠊·ᠫᠷᠠᠯᠠᠢ ᠡᠴᠡ ᠪᠦᠷᠳᠡ ᠴᠢᠨ᠋ᠸ᠎ᠠ ᠶᠢ 758 ᠣᠨ ᠳᠤ ᠮᠠᠠᠳᠤᠯᠠᠯᠠ ᠭᠡᠪᠡ᠃ 1735 ᠣᠨ ᠳᠤ ᠵᠤᠬᠢᠶᠠᠭᠳᠠᠭᠰᠠᠨ 《ᠶᠡᠭᠡ ᠮᠤᠩᠭ᠋ᠤᠯ ᠣᠯᠤᠰ ᠤᠨ ᠦᠨᠳᠦᠰᠦᠨ ᠠᠯᠳᠠᠨ ᠳᠤᠪᠴᠢ》 ᠳ᠋ᠤ᠂ ᠪᠠᠳᠠᠴᠢ ᠪᠣᠯ ᠪᠦᠷᠳᠡ ᠴᠢᠨ᠋ᠸ᠎ᠠ ᠶᠢᠨ 29 ᠨᠠᠰᠤᠳᠠᠢ ᠳᠤ ᠳᠦᠷᠦᠭ᠍ᠰᠡᠨ ᠭᠦᠤ᠂ ᠳᠠᠷᠤᠢ 774 ᠣᠨ ᠳᠤ ᠳᠦᠷᠦᠭ᠍ᠰᠡᠨ ᠭᠦᠤ ᠭᠡᠪᠡ᠃ ᠡᠭᠦᠪᠠᠷ ᠲᠦᠯᠬᠢᠵᠤ ᠪᠣᠳᠤᠪᠠᠯ ᠪᠦᠷᠳᠡ ᠴᠢᠨ᠋ᠸ᠎ᠠ ᠢᠨᠤ 746 ᠣᠨ ᠳᠤ ᠮᠠᠠᠳᠤᠯᠠᠵᠠᠢ᠃ ᠳᠡᠭᠡᠷ᠎ᠡ ᠳᠤᠷᠠᠳᠤᠭᠰᠠᠨ ᠬᠤᠶᠠᠷ ᠵᠣᠢ᠌ᠯ ᠤᠨ ᠳᠡᠮᠳᠡᠭᠯᠡᠯ ᠡᠴᠡ ᠦᠵᠡᠪᠠᠯ᠂ ᠪᠦᠷᠳᠡ ᠴᠢᠨ᠋ᠸ᠎ᠠ ᠠᠨᠤ ᠶᠠᠮᠠᠷ ᠴᠤ ᠭᠡᠰᠡᠨ ᠨᠢ᠋ᠮᠠᠳᠤᠭᠠᠷ ᠵᠠᠭᠤᠨ ᠤ ᠳᠤᠮᠳᠠᠴᠢ ᠦᠶ᠎ᠡ ᠪᠠᠷ ᠠᠮᠢᠳᠤᠷᠠᠵᠤ ᠪᠠᠢ᠌ᠭᠰᠠᠨ ᠨᠢ ᠪᠠᠳᠤᠳᠠᠢ ᠪᠠᠢ᠌ᠨ᠎ᠠ᠃ ᠪᠦᠷᠳᠡ ᠨᠢ ᠳᠦᠷᠭᠦᠤᠨ ᠥᠭᠡ᠂ ᠴᠢᠨ᠋ᠸ᠎ᠠ ᠶᠢ ᠭᠡᠯᠡᠵᠤ ᠪᠣᠢ᠃ ᠡ᠊ᠨᠳᠡ ᠪᠦᠷᠳᠡ ᠴᠢᠨ᠋ᠸ᠎ᠠ ᠭᠡᠵᠤ ᠳᠠᠪᠳᠠᠨ ᠨᠠᠷᠠᠯᠠᠵᠤ ᠪᠠᠢ᠌ᠭ᠎ᠠ ᠶᠠᠪᠣᠳᠠᠯ ᠶᠤᠮ᠃
ᠬᠠᠷᠢᠶ᠎ᠠ᠄
ᠡᠷᠬᠢᠮ ᠴᠤᠤᠲᠠᠳᠳᠠᠷᠤᠮ᠄ 9645
ᠴᠠᠭ᠄ 2004 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ