ᠨᠡᠪᠲᠡᠷᠡᠨ ᠤᠷᠤᠬᠤ
ᠳᠡᠭᠦᠰᠭᠦ ᠰᠤᠷᠤᠭᠴᠢᠳ ᠶᠢᠡᠨ ᠬᠠᠷᠠᠬᠤ ᠪᠠᠷ ᠰᠡᠳᠭᠢᠯ ᠡᠪᠭᠡᠷᠤᠨ᠎ᠡ

ᠨᠢᠭᠡ

ᠰᠢᠨ᠎ᠡ ᠰᠤᠷᠤᠯᠭ᠎ᠠ ᠶᠢᠨ ᠬᠤᠭᠤᠴᠠᠭ᠎ᠠ ᠡᠭᠢᠯᠡᠭ᠍ᠰᠡᠨ ᠤ ᠳᠠᠷᠠᠭᠠᠭᠢ ᠨᠠᠯᠠᠭᠠᠷ ᠨᠠᠮᠤᠷ ᠤᠨ ᠰᠢᠷᠭᠠᠯᠬᠠᠨ ᠡᠳᠦᠷ ᠪᠠᠢ᠌ᠵᠤ ᠪᠢᠯᠠ᠃ ᠨᠠᠮ᠎ᠠ ᠶᠢ ᠳᠡᠭᠦᠰᠭᠦ ᠣᠨ ᠤ ᠡᠭᠦᠳᠡ ᠪᠠᠷ ᠥᠩᠭᠡᠷᠡᠭᠦ ᠳᠤ ᠶᠠᠭ ᠭᠢᠴᠢᠶᠠᠯ ᠪᠠᠭᠤᠬᠤ ᠬᠤᠩᠬᠤ ᠳᠤᠤᠭᠠᠷᠴᠤ ᠠᠩᠭᠢ ᠶᠢᠨ ᠡᠭᠦᠳᠡ ᠳᠤᠷᠭᠢᠳᠠᠯ᠎ᠠ ᠨᠡᠭᠡᠭᠡᠭ᠍ᠳᠡᠨ ᠳᠤᠳᠤᠷ᠎ᠠ ᠡᠴᠡ ᠨᠢ ᠬᠠᠠᠳᠠᠭᠠᠢ ᠪᠣᠭᠤ ᠰᠢᠭ ᠳᠡᠭᠦᠯᠢᠵᠤ ᠬᠠᠷᠪᠣᠭᠰᠠᠨ ᠰᠤᠮᠤ ᠰᠢᠭ ᠬᠠᠯᠢᠨ ᠭᠠᠷᠴᠤ ᠢᠷᠡᠭ᠍ᠰᠡᠨ ᠦᠨᠳᠦᠷ ᠪᠣᠷᠤᠬᠠᠨ ᠵᠠᠯᠠᠭᠤ ᠨᠠᠳᠠ ᠲᠡᠶ ᠬᠠᠯᠵᠠ ᠬᠠᠷᠭᠤᠮᠠᠷ ᠪᠣᠯᠬᠤ ᠳᠤ ᠪᠢ ᠴᠢᠨᠢ ᠣᠳᠤ ᠴᠤ ᠬᠠᠪ ᠳᠠᠷᠤᠭᠳᠠᠵᠤ ᠰᠣᠢ᠌ᠤᠨ ᠪᠣᠯᠬᠤ ᠨᠢ ᠡ ᠭᠡᠵᠤ ᠡᠵᠢᠭ᠌ ᠪᠠᠵᠢᠭ᠌ ᠶᠢᠡᠨ ᠠᠯᠳᠠᠳᠠᠯ᠎ᠠ ᠬᠠᠰᠢᠯᠠ ᠵᠠᠯᠠᠭᠤ ᠬᠡᠦᠬᠡᠳ ᠶᠤᠮ ᠭᠠᠵᠠᠷ ᠪᠠᠶ᠎ᠠ ᠪᠠᠨ ᠭᠡᠯᠪᠠᠰᠭᠢᠨ ᠪᠣᠯᠳᠠᠵᠤ ᠨᠠᠮ᠎ᠠ ᠶᠢ ᠱᠦᠷᠭᠦᠭᠡᠰᠭᠢᠨ ᠥᠩᠭᠡᠷᠡᠭ᠍ᠰᠡᠨ ᠶᠢᠡᠨ ᠳᠤᠤᠷ᠎ᠠ ᠪᠠᠨ ᠵᠤᠭ‍ᠭᠢᠨ ᠵᠤᠭᠰᠤᠵᠤ ᠡᠷᠭᠢᠵᠤ ᠬᠠᠷᠠᠬᠤ ᠪᠠᠷ ᠨᠢ ᠪᠣᠠᠳᠤᠭᠤᠷ ᠴᠢᠷᠠᠢ ᠨᠢ ᠴᠢᠰ ᠣᠯᠠᠢ᠌ᠵᠤ ᠠᠯᠠᠭ ᠨᠢᠳᠤ ᠨᠢ ᠣᠷᠤᠨ ᠳᠤᠷᠤᠨ ᠦᠭᠡᠶ ᠪᠦᠯᠳᠡᠯᠵᠡᠨ᠄ 《ᠪᠠᠭᠰᠢ ᠡ᠂ ᠪᠣᠷᠤᠭᠤ ᠪᠣᠯᠤᠯ᠎ᠠ᠁》 ᠭᠡᠵᠤ ᠡᠭᠡᠷᠡᠵᠤ ᠡᠪᠭᠦᠢᠷᠡᠨ ᠶᠡᠭᠡ ᠠᠯᠳᠠᠭ᠎ᠠ ᠭᠠᠷᠭᠠᠭᠰᠠᠨ ᠶᠤᠮ ᠰᠢᠭ ᠭᠤᠭᠣᠢ᠌ᠵᠤ ᠭᠤᠩᠰᠢᠬᠤ ᠳᠤ ᠨᠢ ᠪᠢ ᠦᠷᠤ ᠡᠪᠠᠦᠡᠴᠤ ᠮᠦᠷᠤ ᠶᠢ ᠨᠢ ᠳᠠᠪᠰᠢᠭᠠᠤᠨ ᠬᠠᠮᠢᠶ᠎ᠠ ᠦᠭᠡᠶ ᠭᠡᠭ᠍ᠰᠡᠭᠡᠷ ᠢᠨᠢᠶᠠᠳᠤ ᠠᠯᠳᠠᠬᠤ ᠳᠤ ᠳᠠᠷᠠ ᠵᠢᠭᠠᠬᠠᠨ ᠳᠠᠢ᠌ᠪᠣᠰᠢᠷᠠᠪᠠ ᠪᠣᠯᠤᠯᠳᠠᠢ ᠪᠣᠴᠠᠵᠤ ᠠᠩᠭᠢ ᠥᠭᠡᠳᠡ ᠪᠠᠨ ᠬᠠᠷᠠᠬᠤ ᠪᠠᠷ ᠨᠢ ᠪᠢ ᠳᠠᠭᠠᠵᠤ ᠠᠵᠢᠭᠯᠠᠪᠠᠯ ᠳᠤᠤᠵᠤ ᠭᠡᠳᠡᠭ᠌ ᠢ ᠴᠢᠨᠢ ᠴᠤᠭᠢ ᠭᠡᠮᠡᠷ ᠪᠠᠵᠠᠭᠠᠵᠤ ᠪᠠᠷᠢᠭᠰᠠᠨ ᠨᠠᠮᠠᠬᠠᠨ ᠪᠠᠶ᠎ᠠ ᠲᠡᠶ ᠭᠡᠦᠭᠡᠨ ᠣᠮᠤᠭᠳᠠᠢ᠌ᠬᠠᠨ ᠭᠠᠷᠴᠤ ᠢᠷᠡᠭ᠍ᠰᠡᠨ ᠶᠢᠡᠨ ᠭᠡᠯᠡ ᠪᠠᠨ ᠪᠦᠯᠳᠡᠰᠭᠢᠯᠭᠡᠨ ᠪᠣᠴᠠᠵᠤ ᠵᠢᠭᠤᠳᠠᠪᠠ᠃

ᠪᠢ ᠴᠢᠨᠠᠭᠰᠢ ᠠᠵᠢᠯᠯᠠᠬᠤ ᠭᠡᠷ ᠥᠭᠡᠳᠡ ᠪᠠᠨ ᠶᠠᠪᠣᠬᠤ ᠳᠤ ᠪᠠᠨ᠂ ᠬᠡᠦᠬᠡᠳ ᠶᠤᠮ ᠴᠢᠨᠢ ᠳ᠋ᠠ᠂ ᠡᠢ᠌ᠮᠤ ᠯᠠ ᠠᠯᠢᠶ᠎ᠠ ᠳᠡᠭ᠍ᠵᠢᠨ ᠠᠰᠪᠣᠷᠢ ᠴᠠᠭᠠᠯᠠᠬᠠᠢ ᠭᠦᠭᠡᠷᠦᠭᠦᠨ ᠠᠮᠢᠳᠠᠤᠨ ᠪᠠᠢ᠌ᠵᠤ ᠳᠠᠭᠠᠷᠠᠬᠤ ᠶᠤᠮᠰᠠᠨ᠃ ᠣᠳᠤ ᠴᠢᠨᠢ ᠪᠠᠭᠰᠢ ᠨᠢ ᠴᠤ ᠳᠠᠷᠠ ᠭᠡᠷ ᠤᠨ ᠠᠬᠠᠮᠠᠤᠨ ᠨᠢ ᠴᠤ ᠳᠠᠷᠠ ᠴᠠᠭ ᠭᠡᠮᠵᠢᠶ᠎ᠡ ᠭᠡᠵᠤ ᠦᠭᠡᠶ ᠭᠢᠴᠢᠶᠠᠯ ᠶᠢᠡᠨ ᠳᠠᠪᠳᠠ᠂ ᠰᠤᠷᠤᠯᠭ᠎ᠠ ᠳᠤ ᠪᠠᠨ ᠰᠢᠮᠳᠠ᠂ ᠰᠠᠢ᠌ᠨ ᠰᠢᠯᠭ᠎ᠠ᠁ ᠭᠡᠵᠤ ᠴᠢᠭᠢᠨ ᠳᠤ ᠨᠢ ᠪᠦᠷ ᠬᠤᠩᠬᠤ ᠳᠡᠭᠦᠵᠢᠯᠡᠳᠡᠭ᠌ ᠨᠢ ᠰᠦᠮ᠎ᠡ ᠳᠤ ᠱᠠᠪᠢ ᠣᠷᠤᠭᠰᠠᠨ ᠪᠢᠴᠢᠬᠠᠨ ᠪᠠᠠᠳᠢ ᠶᠢᠨ ᠳᠠᠷᠢᠭᠢᠨ ᠳᠤ ᠬᠠᠳᠠᠩᠰᠢᠳᠠᠯ᠎ᠠ ᠰᠤᠨᠤᠰᠳᠠᠳᠠᠭ ᠮᠠᠨᠢ ᠵᠢᠷᠭᠤᠭᠠᠨ ᠥᠰᠦᠭ᠌ ᠡᠴᠡ ᠴᠤ ᠠᠬᠠᠳᠠᠭᠰᠠᠨ ᠰᠢᠪ ᠳ᠋ᠠ᠃ ᠣᠳᠤ ᠭᠡᠳᠥᠢ᠌ᠭᠡᠨ ᠠᠯᠢᠶᠠᠷᠬᠠᠵᠤ ᠳᠡᠢ᠌ᠯᠭᠦ ᠪᠣᠢ ᠳ᠋ᠠ᠂ ᠣᠳᠠᠯ ᠦᠭᠡᠶ ᠯᠠ ᠰᠢᠯᠭᠠᠯᠳᠠ ᠳᠠᠪᠳᠠᠯᠭ᠎ᠠ ᠭᠡᠳ ᠳᠠᠯ᠎ᠠ ᠳᠠᠯ᠎ᠠ ᠡᠴᠡ ᠨᠢ ᠰᠢᠬᠠᠭᠠᠤᠨ ᠢᠷᠡᠭᠦ ᠪᠠᠷ ᠨᠢ ᠬᠡᠦᠬᠡᠳ ᠤᠳ ᠪᠠᠢ᠌ᠳᠤᠭᠠᠢ ᠳᠤᠮᠤᠴᠤᠤᠯ ᠨᠢ ᠴᠤ ᠳᠡᠰᠭᠦ ᠦᠭᠡᠶ ᠰᠢᠤ ᠠᠢ︕ ᠬᠡᠦᠬᠡᠳ ᠭᠡᠵᠤ ᠶᠤᠰᠤᠨ ᠳᠤ ᠪᠠᠨ ᠬᠡᠦᠬᠡᠳ ᠨᠠᠰᠤᠨ ᠳᠤ ᠪᠠᠨ ᠬᠡᠦᠬᠡᠳ ᠰᠢᠭ᠌ ᠯᠠ ᠪᠠᠢ᠌ᠵᠤ ᠳᠠᠭᠠᠷᠠᠬᠤ ᠶᠤᠮᠰᠠᠨ᠃ ᠶᠠᠭᠠᠭᠢᠬᠤ ᠳᠤ ᠪᠠᠨ ᠡᠯᠢᠭᠡ ᠵᠢᠷᠦᠭᠡᠨ ᠤ ᠡᠮᠳᠡᠷᠭᠡᠢ ᠭᠡᠭ᠍ᠳᠡᠭ᠍ᠰᠡᠨ ᠦᠷ᠎ᠡ ᠬᠡᠦᠬᠡᠳ ᠶᠢᠡᠨ ᠣᠯᠠᠭᠠᠨ ᠨᠢᠯᠬ᠎ᠠ ᠡᠴᠡ ᠨᠢ᠂ ᠳᠡᠭᠡᠭᠡᠳ ᠪᠦᠷ ᠳᠤᠮᠤᠴᠤᠤᠯ ᠨᠢ ᠴᠤ ᠵᠠᠷᠢᠮ ᠳᠤ ᠪᠠᠨ ᠳᠡᠰᠭᠦ ᠠᠯᠳᠠᠷᠠᠨ ᠵᠢᠪᠠᠭᠦᠴᠡᠳᠡᠭ᠌ ᠳᠠᠷᠠ ᠶᠡᠭᠡ ᠠᠮᠢᠳᠤᠷᠠᠯ ᠤᠨ ᠡᠯᠡ ᠬᠠᠯᠠ ᠶᠢ᠂ ᠡᠯᠳᠡᠪ ᠵᠣᠢ᠌ᠯ ᠳᠤ ᠰᠠᠨᠠᠭᠠᠰᠢᠷᠠᠵᠤ ᠳᠡᠪᠠᠳᠡᠳᠡᠭ᠌ ᠳᠠᠷᠠ ᠪᠦᠭᠦᠨ ᠢ ᠮᠡᠳᠡᠷᠡᠭᠦᠯᠵᠤ ᠣᠬᠠᠭᠠᠵᠢᠭᠤᠯᠬᠤ ᠭᠡᠵᠤ ᠴᠢᠷᠮᠠᠢ᠌ᠭᠠᠤᠨ ᠪᠠᠢ᠌ᠳᠠᠭ ᠨᠢ ᠶᠠᠭᠤᠨ ᠤ ᠲᠦᠯᠦᠭᠡ ᠪᠢᠯᠠ︖ ᠣᠳᠤ ᠶᠢᠨ ᠬᠡᠦᠬᠡᠳ ᠤᠨ ᠳᠠᠷᠤᠭᠠᠰᠤ ᠳᠠᠩᠴᠤ ᠠᠬᠠᠳᠠᠵᠤ ᠪᠣᠢ ᠳ᠋ᠠ᠃ ᠪᠣᠳᠤᠭᠰᠠᠭᠠᠷ ᠡᠷᠭᠢᠵᠤ ᠬᠠᠷᠠᠬᠤ ᠳᠤ ᠰᠠᠶ‍ᠢᠭᠢ ᠠᠯᠢᠶ᠎ᠠ ᠬᠤᠶᠠᠷ ᠠᠮᠢᠳᠠᠨ ᠠᠩᠭᠢ ᠶᠢᠨ ᠡᠭᠦᠳᠡ ᠪᠠᠷ ᠶᠢᠡᠨ ᠳᠤᠯᠤᠭᠠᠢ ᠪᠣᠯᠳᠠᠢ᠌ᠯᠭᠠᠨ ᠬᠣᠢ᠌ᠨ᠎ᠠ ᠡᠴᠡ ᠬᠠᠷᠠᠵᠤ ᠪᠠᠢ᠌ᠭᠰᠠᠨ ᠶᠢᠡᠨ ᠭᠡᠯᠡ ᠪᠠᠨ ᠪᠦᠯᠳᠡᠰᠭᠢᠯᠭᠡᠨ ᠪᠣᠴᠠᠵᠤ ᠵᠢᠭᠤᠳᠠᠬᠤ ᠨᠢ ᠳᠠᠩᠴᠤ ᠭᠦᠭᠡᠷᠦᠭᠦᠨ ᠬᠠᠷᠠᠭᠳᠠᠨ᠎ᠠ ᠪᠢᠯᠠ᠃

ᠬᠤᠶᠠᠷ

ᠬᠠᠪᠣᠷ ᠤᠨ ᠣᠷᠢᠨ ᠪᠣᠯᠵᠤ ᠬᠠᠯᠠᠭᠤᠨ ᠰᠠᠯᠭᠢ ᠰᠡᠪᠢᠯᠵᠡᠭᠦ ᠪᠠᠷ ᠨᠢ ᠬᠠᠮᠤᠭ ᠠᠮᠢᠳᠠᠨ ᠰᠦᠷ ᠰᠦᠯᠳᠡ ᠪᠠᠨ ᠠᠯᠳᠠᠮ᠎ᠠ ᠮᠠᠠᠩᠰᠢᠭᠤᠷᠠᠵᠤ ᠮᠠᠭᠤᠳᠠᠭᠤᠯᠤᠨ᠎ᠠ᠃

ᠪᠢ ᠭᠢᠴᠢᠶᠠᠯ ᠪᠠᠭᠤᠭᠠᠤᠨ ᠠᠵᠢᠯᠯᠠᠬᠤ ᠭᠡᠷ ᠵᠥᠭ᠌ ᠶᠢᠡᠨ ᠶᠠᠪᠣᠬᠤ ᠳᠤ ᠭᠠᠭᠴᠠ ᠳᠡᠭᠦᠰᠭᠦ ᠣᠨ ᠤ ᠡᠭᠦᠳᠡᠨ ᠳᠤ ᠯᠠ ᠰᠤᠷᠤᠭᠴᠢ ᠶᠢᠨ ᠪᠠᠷ᠎ᠠ ᠬᠠᠷᠠᠭᠳᠠᠬᠤ ᠦᠭᠡᠶ᠂ ᠰᠢᠷᠡᠭᠡᠨ ᠳᠡᠭᠡᠷ᠎ᠡ ᠪᠠᠨ ᠳᠤᠬᠤᠢ ᠢᠯᠡᠭᠦᠤ ᠦᠨᠳᠦᠷ ᠳᠠᠪᠳᠠᠷ ᠳᠠᠰᠬᠠᠯ ᠣᠪᠣᠭᠠᠯᠠᠭᠳᠠᠵᠤ ᠪᠠᠭᠳᠠᠵᠤ ᠶᠠᠳᠠᠭᠰᠠᠨ ᠶᠢᠡᠨ ᠴᠤᠩᠬᠤᠨ ᠳᠠᠢ᠌ᠰᠠ ᠪᠠᠷ ᠳᠠᠯᠪᠢᠵᠠᠢ᠂ ᠰᠤᠷᠤᠭᠴᠢᠳ ᠨᠢᠭᠡ ᠨᠢ ᠴᠤ ᠣᠷᠤᠨ ᠡᠴᠡ ᠪᠠᠨ ᠭᠦᠳᠡᠯᠦᠭᠡ ᠦᠭᠡᠶ ᠪᠢᠷ ᠳᠠᠯᠪᠢᠯ ᠦᠭᠡᠶ ᠮᠤᠩᠭ᠋ᠠᠨᠢᠵᠤ ᠬᠠᠷᠠᠭᠳᠠᠨ᠎ᠠ᠃ ᠠᠵᠢᠯᠯᠠᠬᠤ ᠭᠡᠷ ᠲᠤ ᠪᠠᠨ ᠣᠷᠤᠵᠤ ᠵᠢᠭᠠᠬᠤ ᠪᠠᠭᠠᠵᠢ ᠡᠨᠡ ᠳᠠᠷᠠ ᠪᠠᠨ ᠳᠠᠯᠪᠢᠭᠠᠤᠨ ᠵᠤᠷᠯᠤᠩ ᠣᠷᠤᠭᠤ ᠶᠠᠪᠣᠬᠤ ᠳᠤ ᠡᠮᠤᠨ᠎ᠡ ᠳᠡᠭᠦᠰᠭᠦ ᠣᠨ ᠤ ᠭᠡᠳᠤᠨ ᠰᠤᠷᠤᠭᠴᠢ ᠰᠠᠠᠳᠤᠷᠤᠭᠤᠬᠠᠨ ᠶᠠᠪᠣᠬᠤ ᠳᠤ ᠪᠠᠨ ᠄ 《ᠠᠶ᠎ᠠ᠂ ᠣᠳᠤ ᠪᠠᠷᠠᠵᠠᠢ᠃ 〈4.20〉 ᠊ᠤᠨ ᠰᠢᠯᠭᠠᠯᠳᠠ ᠪᠠᠷ ᠠᠩᠭᠢ ᠪᠦᠷᠢ ᠡᠴᠡ ᠠᠷᠪᠠ ᠶᠢ ᠬᠠᠰᠤᠨ᠎ᠠ ᠭᠡᠨ᠎ᠡ ᠰᠢᠤ᠂ ᠶᠠᠭᠠᠭᠢᠨ᠎ᠠ ︖᠁》 ᠭᠡᠭ᠍ᠰᠡᠭᠡᠷ ᠣᠳᠤᠨ᠎ᠠ᠃ ᠵᠠ ᠪᠠᠰᠠ ᠯᠠ ᠬᠡᠦᠬᠡᠳ ᠤᠨ ᠰᠢᠠᠳᠠᠰᠤ ᠰᠢᠯᠭᠠᠬᠤ ᠴᠠᠭ ᠨᠢ ᠢᠷᠠᠵᠠᠢ ᠳ᠋ᠠ᠂ ᠠᠢ︕ ᠶ‍ᠢᠰᠤᠨ ᠵᠢᠯ ᠰᠤᠷᠭᠠᠭᠤᠯᠢ ᠰᠤᠶᠤᠯ ᠤᠨ ᠮᠦᠷ ᠢ ᠭᠦᠭᠡᠭᠡᠴᠢᠭᠡᠭᠡᠳ ᠶᠠᠳᠠᠵᠤ ᠣᠯᠤᠰ ᠤᠨ ᠰᠢᠯᠭᠠᠯᠳᠠ (ᠳᠤᠮᠳᠠᠳᠤ ᠰᠢᠯᠭᠠᠯᠳᠠ ᠨᠢ ᠰᠤᠷᠤᠭᠴᠢ ᠶᠢᠨ ᠠᠮᠢᠳᠤᠷᠠᠯ ᠳᠤ ᠲᠤᠬᠢᠶᠠᠯᠳᠤᠳᠠᠭ ᠬᠠᠮᠤᠭ ᠠᠩᠬᠠᠨ ᠤ ᠶᠡᠭᠡ ᠭᠡᠪᠴᠢᠶᠡᠨ ᠤ ᠨᠢᠭᠡᠳᠦᠯᠳᠡᠢ ᠰᠢᠯᠭᠠᠯᠳᠠ) ᠵᠢᠨ ᠳᠠᠯᠠᠪᠠᠢ ᠶᠠᠮᠠᠷ ᠭᠡᠳᠡᠭ᠌ ᠢ ᠴᠤ ᠣᠯᠵᠤ ᠦᠵᠡᠯ ᠦᠭᠡᠶ ᠭᠡᠰᠡᠭ᠌ ᠬᠡᠦᠬᠡᠳ ᠮᠢᠨᠢ ᠭᠦᠳᠡᠭᠡ ᠭᠡᠭᠡᠭ᠍ᠳᠡᠭᠦ ᠨᠢ ᠡ ᠭᠡᠵᠤ ᠪᠣᠳᠤᠬᠤ ᠡᠴᠡ ᠵᠢᠷᠦᠭᠡ ᠰᠢᠮᠰᠢᠷᠠᠯ᠎ᠠ᠃ ᠭᠡᠳᠡᠯ᠎ᠡ ᠭᠡᠨ ᠴᠤ ᠶᠠᠮᠠᠷ ᠠᠷᠭ᠎ᠠ ᠪᠠᠢ᠌ᠨ᠎ᠠ ᠳ᠋ᠠ᠂ ᠡᠢ᠌ᠮᠦᠷᠭᠦ ᠶᠠᠪᠣᠳᠠᠯ ᠭᠠᠭᠴᠠ ᠮᠠᠨ ᠤ ᠰᠤᠷᠭᠠᠭᠤᠯᠢ ᠳᠤ᠂ ᠡᠨᠡ ᠵᠢᠯ ᠯᠠ ᠡᠨᠡ ᠣᠨ ᠳᠤ ᠯᠠ ᠪᠣᠯᠵᠤ ᠪᠠᠢ᠌ᠭ᠎ᠠ ᠪᠢᠰᠢ ᠳ᠋ᠠ᠂ ᠳᠡᠭᠡᠭᠡᠳ ᠳᠡᠭᠦᠰᠭᠦ ᠣᠨ ᠤ ᠰᠢᠯᠭᠠᠯᠳᠠ ᠶᠢᠨ ᠭᠢᠷᠢ ᠪᠦᠳᠦᠮᠵᠢ ᠨᠢ ᠳᠠᠷᠠ ᠨᠢᠭᠡ ᠰᠤᠷᠭᠠᠭᠤᠯᠢ ᠶᠢᠨ ᠪᠦᠭᠦ ᠳᠠᠯ᠎ᠠ ᠶᠢᠨ ᠠᠵᠢᠯ ᠢ ᠦᠨᠡᠯᠠᠨ ᠳᠡᠭ᠍ᠰᠢᠦᠡᠭᠡᠭᠦ ᠴᠤᠷ ᠤᠨ ᠭᠠᠭᠴᠠ ᠴᠢᠬᠤᠯᠠ ᠪᠠᠷᠢᠮᠵᠢᠶ᠎ᠠ ᠰᠢᠤ ᠳ᠋ᠠ᠂ ᠳᠠᠢ᠌ᠮᠤ ᠪᠠᠷ ᠶᠢᠡᠨ ᠳᠡᠭᠦᠰᠭᠦ ᠣᠨ ᠳᠤ ᠣᠷᠤᠵᠤ ᠪᠠᠢ᠌ᠭ᠎ᠠ ᠪᠠᠭᠰᠢ ᠶᠢᠨ ᠵᠢᠭᠠᠭᠰᠠᠨ ᠭᠢᠴᠢᠶᠠᠯ ᠤᠨ ᠭᠢᠷᠢ ᠪᠦᠳᠦᠮᠵᠢ ᠨᠢ ᠪᠦᠭᠦ ᠰᠤᠷᠭᠠᠭᠤᠯᠢ ᠶᠢᠨ ᠪᠠᠭᠰᠢ ᠠᠵᠢᠯᠳᠠᠨ ᠤ ᠠᠵᠢᠯ ᠲᠡᠶ ᠰᠢᠭᠤᠳ ᠬᠤᠯᠪᠣᠭᠳᠠᠳᠠᠭ ᠡᠴᠡ ᠰᠤᠷᠭᠠᠭᠤᠯᠢ ᠰᠤᠷᠭᠠᠭᠤᠯᠢ ᠰᠤᠷᠤᠭᠴᠢ ᠪᠠᠨ ᠬᠠᠰᠤᠵᠤ ᠰᠢᠯᠢᠳᠡᠭ᠍ᠵᠢᠭᠦᠯᠭᠦ ᠠᠵᠢᠯ ᠳᠡᠭᠡᠷ᠎ᠡ ᠣᠷᠤᠯᠳᠤᠳᠠᠭ ᠠᠵᠠᠢ᠃ ᠢᠩᠭᠢᠭᠦ ᠳᠤ ᠪᠠᠨ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠡᠴᠡ ᠡᠭᠢᠯᠡᠨ ᠴᠢᠷᠮᠠᠢ᠌ᠨ ᠰᠤᠷᠤᠯᠴᠠᠬᠤ ᠭᠢᠴᠢᠶᠠᠯ ᠰᠠᠭᠠᠳᠠᠬᠤ ᠶᠢ ᠰᠤᠷᠤᠭᠴᠢ ᠪᠣᠶᠤ ᠭᠡᠷ ᠤᠨ ᠠᠬᠠᠮᠠᠤᠨ ᠲᠤ ᠣᠠᠴᠠᠭᠠᠢ᠌ᠯᠠᠨ ᠴᠢᠬᠤᠯᠴᠢᠯᠠᠳᠠᠭ ᠪᠠᠢ᠌ᠭᠰᠠᠨ ᠮᠠᠨᠢ ᠣᠳᠤ ᠪᠣᠯᠬᠤ ᠪᠠᠷ ᠨᠢ ᠠᠶᠠᠰ ᠨᠢ ᠬᠤᠪᠢᠷᠠᠵᠤ ᠬᠡᠦᠬᠡᠳ ᠤᠨ ᠴᠢᠨᠢ ᠳᠡᠩᠭᠡᠭᠡ ᠴᠤ ᠡᠨᠡ ᠳ᠋ᠠ᠂ ᠣᠳᠤ ᠴᠢᠷᠮᠠᠢ᠌ᠯ᠎ᠠ ᠭᠡᠳ ᠠᠮᠵᠢᠬᠤ ᠦᠭᠡᠶ ᠪᠣᠯᠵᠠᠢ᠂ ᠡᠨᠡ ᠮᠠᠶ‍ᠢᠭ ᠶᠢᠡᠷ ᠦᠨᠳᠦᠷ ᠳᠤᠮᠳᠠᠳᠤ ᠳᠤ ᠴᠤ ᠣᠷᠤᠵᠤ ᠳᠠᠢ᠌ᠯᠤᠨ᠎ᠡ ᠭᠡᠵᠤ ᠪᠠᠢ᠌ᠴᠢᠬᠠᠭᠰᠠᠨ ᠭᠡᠷᠡᠭ᠌᠂ ᠬᠠᠷᠢᠨ ᠶᠠᠮᠠᠷ ᠶᠠᠮᠠᠷ ᠰᠤᠷᠭᠠᠭᠤᠯᠢ ᠶᠠᠭ ᠰᠤᠷᠤᠭᠴᠢ ᠡᠯᠰᠡᠵᠤ ᠪᠠᠢ᠌ᠨ᠎ᠠ᠂ ᠳᠠᠰᠢ ᠪᠠᠨ ᠥᠭ᠍ᠪᠠᠯ ᠬᠠᠪᠢ ᠦᠭᠡᠶ ᠳᠡᠭᠡᠷ᠎ᠡ ᠭᠡᠵᠤ ᠬᠡᠦᠬᠡᠳ ᠤᠨ ᠭᠢᠨᠢ ᠰᠢᠯᠭᠠᠯᠳᠠ ᠶᠢᠨ ᠬᠤᠪᠢ ᠨᠤᠷᠮ᠎ᠠ ᠶᠢ ᠥᠵᠡᠭᠦᠯᠴᠢᠭᠡᠭ᠍ᠰᠡᠨ ᠠᠩᠭᠢ ᠶᠢᠨ ᠪᠠᠭᠰᠢ ᠮᠠᠨᠢ ᠨᠢᠭᠤᠷ ᠬᠠᠭᠠᠷᠠᠮᠠᠷ ᠥᠭᠡ ᠶᠢ ᠪᠣᠷᠤᠭᠤ ᠵᠦᠷᠢᠭᠦᠤ ᠬᠠᠷᠠᠵᠤ ᠪᠠᠢ᠌ᠵᠤ ᠭᠡᠷ ᠤᠨ ᠠᠬᠠᠮᠠᠤᠨ ᠲᠤ ᠳᠤᠯᠭᠠᠨ᠎ᠠ᠃ ᠠᠷᠭ᠎ᠠ ᠴᠤ ᠦᠭᠡᠶ ᠳ᠋ᠡ᠂ ᠴᠠᠭ ᠳᠦᠷᠤ ᠶᠢᠨ᠂ ᠱᠠᠳᠤ ᠱᠠᠳᠤᠨ ᠤ ᠱᠠᠭᠠᠷᠳᠠᠯᠭ᠎ᠠ ᠶᠢ ᠡᠳᠡᠨᠦᠰ ᠯᠠ ᠪᠣᠳᠠᠳᠠᠢ᠌ᠵᠢᠭᠤᠯᠳᠠᠭ ᠬᠣᠢ᠌ᠨ᠎ᠠ ᠳ᠋ᠠ᠃

ᠭᠤᠷᠪᠠ

ᠵᠤᠨ ᠤ ᠬᠠᠯᠠᠭᠤᠨ ᠨᠠᠷᠠ ᠬᠠᠢ᠌ᠷ᠎ᠠ ᠨᠠᠢ᠌ᠷ ᠦᠭᠡᠶ ᠰᠢᠷᠠᠵᠤ ᠠᠮᠢᠰᠬᠤᠯ ᠠᠪᠬᠤ ᠶᠢᠨ ᠵᠠᠢ ᠦᠭᠡᠶ ᠪᠦᠭ᠍ᠴᠢᠮ᠎ᠡ᠃

ᠭᠡᠳᠤᠨ 《20》 ᠊ᠤ ᠰᠢᠯᠭᠠᠯᠳᠠ ᠥᠩᠭᠡᠷᠡᠵᠤ᠂ ᠭᠡᠳᠤ ᠣᠳᠠᠭᠠᠨ ᠤ ᠶᠡᠭᠡ ᠪᠠᠭ᠎ᠠ ᠳᠠᠢ᠌ᠴᠢᠯᠠᠯᠳᠠ ᠱᠠᠪᠳᠠᠯᠭ᠎ᠠ ᠶᠢᠨ ᠬᠤᠷᠠᠯ ᠳᠠᠮᠵᠢᠭᠠᠤᠨ ᠠᠩᠬ᠎ᠠ ᠡᠭᠢᠯᠡᠭᠦ ᠳᠤ ᠪᠠᠨ ᠨᠢᠭᠡ ᠵᠠᠭᠤ ᠳᠠᠪᠢᠭᠠᠤᠨ ᠰᠤᠷᠤᠭᠴᠢ ᠲᠡᠶ ᠪᠠᠢ᠌ᠭᠰᠠᠨ ᠳᠡᠭᠦᠰᠭᠦ ᠣᠨ ᠤ ᠭᠢᠨᠢ ᠣᠳᠤ ᠳᠠᠯᠠᠭᠠᠤᠨ ᠯᠠ ᠰᠤᠷᠤᠭᠴᠢ ᠲᠡᠶ ᠰᠢᠯᠢᠳᠡᠭ᠌ ᠡᠩᠨᠡᠭᠡ ᠪᠣᠯᠤᠨ ᠳᠡᠭᠦᠯᠳᠡᠷᠵᠢᠵᠤ᠂ ᠳᠤᠷᠰᠢᠯᠭ᠎ᠠ ᠰᠠᠢ᠌ᠳᠠᠢ ᠭᠢᠴᠢᠶᠡᠯᠯᠡᠭ᠍ᠴᠢ ᠪᠠᠭᠰᠢ ᠨᠡᠷ ᠤᠨ ᠳᠤᠭᠢᠳᠠᠢ ᠵᠢᠯᠤᠭᠤᠳᠤᠯᠭ᠎ᠠ ᠪᠠᠢ᠌ᠬᠤ ᠶᠤᠮ ᠴᠢᠨᠢ ᠠᠮᠵᠢᠯᠳᠠ ᠶᠢᠨ ᠳᠦᠭᠦᠷᠡᠩ ᠭᠠᠠᠵᠤᠭ᠎ᠠ ᠠᠷᠭᠠᠴᠠᠭ᠎ᠠ ᠦᠭᠡᠶ ᠮᠠᠨ ᠤ ᠭᠢ ᠯᠠ ᠭᠡᠵᠤ ᠭᠡᠨ ᠪᠦᠭᠦᠨ ᠤ ᠳᠤᠳᠤᠷ᠎ᠠ ᠳᠠᠭᠠᠯᠠᠭᠳᠠᠨ᠎ᠠ᠂ ᠭᠡᠴᠢᠨᠡᠨ ᠵᠢᠯ ᠤᠨ ᠳᠤᠷᠰᠢ ᠭᠡᠪᠯᠡᠭ᠍ᠳᠡᠵᠤ ᠳᠠᠷᠬᠠᠭᠳᠠᠭᠰᠠᠨ ᠦᠭᠡᠶ ᠴᠤ ᠬᠠᠤᠯᠢ ᠳᠦᠷᠢᠮ ᠪᠣᠯᠤᠨ ᠳᠤᠤᠱᠯᠠᠭᠤᠯᠤᠭᠳᠠᠭᠰᠠᠨ ᠡᠨᠡ ᠬᠠᠳᠠᠭᠤ ᠶᠤᠰᠤ ᠭᠠᠭᠴᠠ ᠮᠠᠨ ᠤ ᠰᠤᠷᠭᠠᠭᠤᠯᠢ ᠮᠠᠨ ᠤ ᠬᠤᠰᠢᠭᠤᠨ ᠳᠤ ᠯᠠ ᠶᠠᠪᠣᠭᠳᠠᠵᠤ ᠪᠠᠢ᠌ᠭ᠎ᠠ ᠳᠠᠳᠤᠢ ᠪᠢᠰᠢ᠂ ᠴᠢᠨᠠᠭᠰᠢᠯᠠᠨ ᠪᠦᠭᠦ ᠣᠷᠤᠨ ᠪᠦᠭᠦ ᠣᠯᠤᠰ ᠲᠤ ᠳᠦᠭᠡᠮᠡᠯ ᠭᠡᠷᠡᠭ᠍ᠵᠢᠭᠦᠯᠦᠭ᠍ᠳᠡᠭ᠍ᠰᠡᠨ 《ᠭᠡᠪ ᠴᠢᠨᠠᠷ》 ᠪᠠᠢ᠌ᠭ᠎ᠠ ᠶᠤᠮ᠂ ᠡᠨᠡ ᠨᠢ ᠪᠠᠭᠰᠢ ᠶᠢ ᠵᠢᠭᠠᠭᠰᠠᠨ ᠭᠢᠴᠢᠶᠠᠯ ᠳᠦᠷᠤᠯ ᠤᠨ ᠭᠢᠷᠢ ᠪᠦᠳᠦᠮᠵᠢ ᠪᠠᠷ ᠨᠢ ᠱᠠᠩᠨᠠᠨ ᠳᠤᠷᠭᠤᠬᠤ ᠳᠦᠷᠢᠮ ᠤᠨ ᠳᠡᠭᠦᠯᠳᠡᠷᠵᠢᠭᠦ ᠶᠢ ᠳᠠᠭᠠᠯᠳᠤᠨ ᠣᠯᠠᠮ ᠴᠤ ᠡᠷᠴᠢᠮᠳᠡᠢ ᠪᠣᠯᠵᠤ ᠢᠷᠠᠯ᠎ᠠ᠃ ᠣᠳᠤ ᠪᠦᠳᠦᠮᠵᠢ ᠶᠢᠨ ᠴᠠᠯᠢᠩ ᠢ ᠭᠡᠷᠡᠭ᠍ᠵᠢᠭᠦᠯᠭᠦ ᠪᠠᠷ ᠨᠢ ᠣᠯᠠᠮ ᠴᠤ ᠭᠦᠡᠵᠡᠭᠡᠢ᠌ᠷᠡᠨ᠎ᠡ ᠪᠠᠢ᠌ᠬ᠎ᠠ ᠡ᠃

ᠭᠡᠳᠡᠯ᠎ᠡ ᠡᠨᠡ ᠪᠦᠭᠦᠨ ᠤ ᠠᠷᠤ ᠳᠤ ᠭᠡᠴᠢᠨᠡᠨ ᠣᠯᠠᠨ ᠬᠡᠦᠬᠡᠳ ᠤᠨ ᠰᠠᠢ᠌ᠨ ᠰᠠᠢ᠌ᠬᠠᠨ ᠭᠦᠰᠡᠯ ᠰᠡᠳᠭᠢᠯ ᠤᠨ ᠳᠠᠮᠡᠤᠯᠠᠯ ᠬᠤᠭᠤᠰᠤᠨ ᠵᠡᠷᠭᠡᠯᠭᠡᠨ ᠰᠢᠭ᠌ ᠵᠠᠮᠬᠠᠷᠠᠵᠤ ᠬᠠᠷᠠᠮᠰᠠᠯ ᠭᠤᠮᠤᠳᠠᠯ᠂ ᠭᠤᠨᠢᠭ ᠭᠤᠳᠤᠷᠠᠯ᠂ ᠭᠦᠰᠡᠷᠳᠡᠯ ᠭᠦᠡᠳᠡᠢ᠌ᠷᠡᠯ ᠤᠨ ᠬᠠᠷᠠᠰᠠᠯᠳᠤ ᠰᠡᠳᠭᠢᠯ ᠢ ᠡᠪᠦᠷᠯᠡᠵᠤ ᠨᠢᠭᠤᠷ ᠳᠦᠭᠦᠷᠡᠩ ᠨᠢᠯᠪᠣᠰᠤ ᠲᠡᠶ ᠪᠠᠷ ᠡᠯᠢᠭᠡᠨ ᠬᠠᠢ᠌ᠷᠠᠳᠤ ᠡᠭᠡ ᠰᠤᠷᠭᠠᠭᠤᠯᠢ᠂ ᠡᠨᠡᠷᠢᠯᠳᠤ ᠣᠯᠠᠨ ᠪᠠᠭᠰᠢ᠂ ᠬᠠᠨᠢᠯᠴᠠᠨ ᠳᠠᠰᠤᠯᠴᠠᠭᠰᠠᠨ ᠨᠠᠢ᠌ᠵᠠ ᠨᠥᠭᠦᠤᠨ ᠡᠴᠡ ᠪᠠᠨ ᠬᠠᠭᠠᠴᠠᠨ ᠰᠠᠯᠵᠤ ᠣᠳᠤᠭᠰᠠᠨ ᠪᠣᠯ ᠭᠡᠭᠦ ᠡᠴᠡ ᠡᠯᠢᠭᠡ ᠡᠮᠳᠡᠷᠢᠮᠡᠷ᠃

ᠳᠦᠷᠪᠠ

ᠴᠢᠷᠠᠢ ᠨᠢᠭᠤᠷ ᠨᠢ ᠬᠤᠵᠢ᠌ᠨ ᠰᠢᠷᠠᠯᠠᠵᠤ ᠮᠢᠬ᠎ᠠ ᠮᠠᠷᠢᠶ᠎ᠠ ᠪᠠᠨ ᠪᠠᠷᠠᠵᠤ ᠰᠢᠪᠳᠣᠢ᠌ᠭᠰᠠᠨ ᠳᠡᠭᠦᠰᠭᠦ ᠠᠩᠭᠢ ᠶᠢᠨ ᠰᠤᠷᠤᠭᠴᠢᠳ ᠵᠠᠪᠰᠠᠷᠤᠯᠭ᠎ᠠ ᠶᠢᠨ ᠬᠤᠩᠬᠤᠨ ᠳᠠᠭᠤᠨ ᠶᠢᠡᠷ ᠰᠦᠷ ᠰᠦᠯᠳᠡ ᠦᠭᠡᠶ ᠠᠯᠬᠤᠨ ᠭᠠᠷᠴᠤ ᠢᠷᠡᠭ᠍ᠰᠡᠨ ᠶᠢᠡᠨ ᠰᠡᠭᠦᠳᠡᠷ ᠡᠷᠢᠵᠤ ᠰᠠᠭᠤᠯᠴᠠᠨ᠎ᠠ᠃ ᠵᠤᠨ ᠤ ᠡᠷᠳᠡ ᠶᠢᠨ ᠭᠤᠷᠪᠠᠨ ᠴᠠᠭ ᠡᠴᠡ ᠰᠦᠨᠢ ᠶᠢᠨ ᠠᠷᠪᠠᠨ ᠴᠠᠭ ᠬᠠᠭᠠᠰ ᠪᠣᠯᠳᠠᠯ᠎ᠠ ᠳᠠᠪᠳᠠᠯᠭ᠎ᠠ ᠭᠢᠴᠢᠶᠠᠯ ᠳᠤ ᠳᠠᠭᠤᠭᠳᠠᠭᠰᠠᠨ ᠰᠤᠷᠤᠭᠴᠢᠳ ᠨᠣᠢ᠌ᠷ ᠠᠯᠳᠠᠵᠤ᠂ ᠶᠠᠭᠤᠨᠢ ᠭᠢᠨᠢ ᠳ᠋ᠠ᠂ ᠬᠡᠦᠬᠡᠳ ᠳᠦᠷᠭᠦ ᠪᠠᠨ ᠭᠦᠷᠳᠡᠯ᠎ᠡ ᠪᠦᠷ ᠠᠯᠳᠠᠵᠤ ᠭᠦᠢᠴᠡᠵᠡᠢ︕

ᠪᠢ ᠳᠠᠳᠠᠨᠤᠰ ᠢ ᠬᠠᠷᠠᠭᠠᠤᠨ ᠰᠡᠳᠭᠢᠯ ᠵᠤᠪᠠᠵᠤ ᠡᠪᠡᠳᠴᠢᠨ ᠳᠠᠬᠤᠯ ᠴᠤ ᠣᠯᠤᠭᠠᠤᠨ ᠳᠡᠭᠡ ᠪᠠᠢ᠌ᠨ᠎ᠠ ᠳ᠋ᠠ ᠭᠡᠭᠦ ᠡᠴᠡ ᠬᠠᠷ᠎ᠠ ᠪᠠᠭᠤᠵᠤ ᠬᠠᠵᠠᠭᠤ ᠳᠤ ᠨᠢ ᠣᠴᠢᠭᠠᠤᠨ ᠄ 《ᠳᠠᠨᠤᠰ ᠡᠨᠡᠭᠡᠨ ᠪᠠᠭ᠎ᠠ ᠴᠢᠯᠦᠭᠡᠨ ᠳᠤ ᠪᠠᠨ ᠵᠢᠭᠠᠬᠠᠨ ᠴᠤ ᠭᠡᠰᠡᠨ ᠭᠦᠳᠡᠯᠭᠡᠭᠡᠨ ᠭᠢᠶ᠎ᠠ ᠳ᠋ᠠ᠂ ᠪᠣᠳᠤᠵᠤ ᠥᠵᠡᠭᠡᠷᠡᠢ᠂ ᠣᠳᠤ ᠳᠠ ᠨᠡᠷ ᠡᠳᠦᠷ ᠰᠦᠨᠢ ᠶᠢᠨ ᠬᠤᠷᠢᠨ ᠳᠦᠷᠪᠠᠨ ᠴᠠᠭ ᠤᠨ ᠭᠡᠳᠦᠢ ᠶᠢ ᠨᠢ ᠭᠦᠳᠡᠯᠦᠯ ᠦᠭᠡᠶ ᠰᠠᠭᠤᠵᠤ ᠥᠩᠭᠡᠷᠭᠡᠵᠤ ᠪᠠᠢ᠌ᠭ᠎ᠠ ᠪᠣᠢ》 ᠭᠡᠵᠤ ᠦᠷᠦᠪᠴᠢᠭᠡᠨ ᠭᠡᠯᠡᠪᠠᠯ ᠳᠠᠳᠠ ᠠᠷᠭ᠎ᠠ ᠦᠭᠡᠶ ᠭᠦᠭᠡᠷᠦᠭᠦᠢ ᠴᠢᠷᠠᠢ᠌ᠯᠠᠵᠤ᠄ 《ᠪᠠᠶ᠎ᠠ ᠮᠠᠭᠤᠳᠠᠵᠤ᠂ ᠳᠤᠯᠤᠭᠠᠢ ᠡᠷᠭᠢᠵᠤ᠂ ᠨᠣᠢ᠌ᠷ ᠭᠦᠷᠦᠭᠡᠳ ᠡ᠁》 ᠭᠡᠯᠴᠡᠨ᠎ᠡ᠃

ᠠᠢ︕ ᠪᠦᠷ ᠦᠪᠡᠷᠰᠠᠤᠨ ᠤᠨ ᠶᠢᠡᠨ ᠦᠷ᠎ᠡ ᠲᠦᠯ ᠦᠨᠳᠦᠰᠦ ᠬᠣᠢ᠌ᠴᠢᠰ ᠶᠢᠡᠨ ᠢᠩᠭᠢᠳᠠᠯ᠎ᠠ ᠳᠠᠮᠤᠯᠠᠵᠤ ᠵᠤᠪᠠᠭᠠᠬᠤ ᠭᠡᠵᠤ ᠶᠠᠮᠠᠷ ᠬᠠᠰᠢ ᠪᠠᠨ ᠪᠣᠯᠤᠭ᠎ᠠ ᠪᠣᠢ ᠡᠨᠡ ᠴᠢᠨᠢ᠃ ᠰᠤᠷᠭᠠᠨ ᠭᠦᠮᠦᠵᠢᠯ ᠤᠨ ᠥᠭᠡᠷᠡᠴᠢᠯᠡᠯᠳᠡ ᠭᠦᠭ᠍ᠵᠢᠯᠳᠡ ᠭᠡᠵᠤ ᠡᠢ᠌ᠮᠤ ᠯᠠ ᠪᠠᠢ᠌ᠬᠤ ᠶᠤᠰᠤ ᠦᠭᠡᠶ ᠳ᠋ᠠ ᠭᠡᠭᠦ ᠡᠴᠡ ᠳᠤᠳᠤᠷ᠎ᠠ ᠪᠢᠳᠡᠭᠦᠷᠡᠵᠤ ᠳᠠᠳᠠᠨᠤᠰ ᠢ ᠳᠠᠢ᠌ᠤᠠᠬᠠᠷᠠᠭᠤᠯᠵᠤ ᠳᠠᠢ᠌ᠪᠣᠰᠢᠷᠠᠭᠤᠯᠮᠠᠷ ᠡᠪᠳᠡᠢ ᠥᠭᠡ ᠣᠯᠳᠠᠭᠰᠠᠨ ᠦᠭᠡᠶ᠂ ᠵᠥᠪᠭᠡᠨ᠄ 《ᠣᠳᠤ ᠬᠤᠶᠠᠷ ᠭᠠᠷᠠᠭ ᠳᠠᠮᠠᠴᠠᠪᠠᠯ ᠣᠯᠤᠭᠠᠤᠨ ᠠᠮᠢᠰᠬᠤᠴᠢᠬᠠᠨ᠎ᠠ ᠡ》 ᠭᠡᠵᠤ ᠭᠡᠯᠡᠴᠢᠭᠡᠳ ᠶᠠᠭᠠᠭᠢᠭᠠᠤᠨ ᠴᠤ ᠶᠤᠮ ᠪᠣᠤ ᠮᠠᠳᠠ ᠠᠷᠭᠠᠯ ᠳᠡᠭᠦᠵᠤ ᠶᠠᠪᠣᠬᠤ ᠳᠤ ᠪᠠᠨ ᠳᠦᠭᠦᠷᠡᠩ ᠠᠷᠤᠭ ᠭᠦᠯᠳᠡᠭᠦᠰᠤᠨ ᠳᠤ ᠪᠠᠨ ᠮᠦᠷᠤ ᠳᠠᠯᠤ ᠪᠠᠨ ᠳᠠᠰᠤᠷᠠᠳᠠᠯ᠎ᠠ ᠪᠠᠨ ᠳᠠᠷᠤᠭᠤᠯᠵᠤ ᠴᠢᠤᠠᠬᠤᠭᠰᠠᠨ ᠣᠪᠣᠭ᠎ᠠ ᠵᠥᠭ᠌ ᠶᠢᠡᠨ ᠠᠮᠢᠰᠬᠤᠭ᠎ᠠ ᠳᠠᠪᠬᠤᠴᠠᠵᠤ ᠭᠡᠳᠡᠭ᠍ᠴᠢᠨ ᠭᠤᠳᠤᠭᠴᠢᠨ ᠰᠢᠳᠤ ᠵᠡᠭᠤᠨ ᠲ᠋ᠡᠮᠡᠦᠯᠦᠭ᠍ᠰᠡᠭᠡᠷ ᠭᠦᠷᠴᠤ ᠳᠡᠭᠦᠨ ᠶᠢᠡᠨ ᠴᠢᠤᠠᠬᠤᠵᠤ ᠣᠷᠭᠢᠬᠤ ᠪᠠᠷ ᠨᠢ ᠳᠤᠳᠤᠷ᠎ᠠ ᠰᠡᠭᠡᠰᠭᠢᠨ ᠣᠩᠭ᠋ᠣᠢ᠌ᠵᠤ ᠳᠠᠯ᠎ᠠ ᠰᠢᠭ ᠠᠭᠤᠵᠢᠷᠠᠳᠠᠭ ᠮᠠᠨᠢ ᠰᠠᠨᠠᠭᠠᠨ ᠳᠤ ᠣᠷᠤᠯ᠎ᠠ᠁

ᠬᠡᠦᠬᠡᠳ ᠤᠨ ᠳᠠᠷᠤᠭᠠᠰᠤ ᠴᠤᠬᠤᠮ ᠭᠡᠵᠢᠶ᠎ᠡ ᠵᠢᠩᠭᠢᠨᠢ ᠭᠦᠩᠭᠡᠯᠡᠭ᠍ᠳᠡᠳᠡᠭ᠌ ᠪᠣᠯ ᠡ︖



ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠠᠷᠤ ᠬᠤᠷᠴᠢᠨ ᠬᠤᠰᠢᠭᠤ

ᠵᠤᠬᠢᠶᠠᠭᠴᠢ᠄ ᠷᠢᠠ᠊·ᠨᠠᠰᠤᠨ‍ᠦ᠌ᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6164
ᠴᠠᠭ᠄ 2010 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ