ᠨᠡᠪᠲᠡᠷᠡᠨ ᠤᠷᠤᠬᠤ
ᠭᠦᠭᠡᠮᠡᠢ

ᠭᠦᠭᠡᠮᠡᠢ ᠪᠣᠯ ᠰᠢᠳᠦᠯᠡᠴᠡᠭᠡᠡᠳᠤ ᠣᠷᠠᠯᠢᠭ ᠪᠣᠶᠤ ᠥᠭᠦᠯᠡᠭᠦ ᠡᠷᠭᠡᠳᠡᠨ ᠤ ᠬᠠᠮᠳᠤᠳᠠ ᠠᠵᠢᠯᠯᠠᠬᠤ ᠣᠷᠠᠯᠢᠭ ᠭᠡᠵᠤ ᠰᠢᠡᠵᠢᠯᠡᠭᠦ ᠣᠬᠠᠭᠠᠨ ᠤ ᠦᠨᠳᠦᠰᠦ ᠡᠴᠡ ᠳᠤᠳᠤᠷᠬᠠᠢ᠌ᠯᠠᠭᠰᠠᠨ ᠪᠠᠢ᠌ᠳᠠᠭ᠃ ᠮᠦᠨ᠂ ᠠᠽᠢᠶ᠎ᠠ ᠶᠢᠨ ᠭᠢᠨ ᠤ ᠣᠯᠠᠮᠵᠢᠯᠠᠯᠳᠤ ᠭᠦᠭ᠍ᠵᠢᠮ ᠶᠢᠨ ᠣᠠᠴᠠᠭᠠᠢ ᠲᠦᠷᠦᠯ᠂ ᠣᠤᠭᠠᠯ ᠭᠦᠭ᠍ᠵᠢᠮ ᠭᠡᠳᠡᠭ᠌᠃ ᠡᠨᠡ ᠪᠣᠯ ᠮᠤᠩᠭ᠋ᠤᠯᠴᠤᠳ ᠤᠨ ᠬᠤᠪᠢ ᠳᠤ᠂ ᠳᠠᠭᠤ ᠠᠪᠢᠶ᠎ᠠ ᠨᠢ ᠣᠨᠤᠯ ᠤᠨ ᠳᠡᠦᠭᠡᠨ ᠳᠤ ᠣᠯᠤᠭᠰᠠᠨ ᠳᠤᠮᠤ ᠠᠮᠵᠢᠯᠳᠠ ᠪᠣᠯᠬᠤ ᠶᠤᠮ᠃

ᠭᠦᠭᠡᠮᠡᠢ᠌ᠯᠡᠭᠦ ᠳᠤ ᠠᠭᠤᠰᠭᠢ᠂ ᠬᠤᠭᠤᠯᠠᠢ᠂ ᠭᠡᠯᠡ ᠳᠠᠩᠨᠠᠢ᠂ ᠰᠢᠳᠤ᠂ ᠳᠦᠪᠣᠩ᠂ ᠣᠷᠤᠭᠤᠯ᠂ ᠵᠠᠪᠠᠵᠢ ᠵᠡᠷᠭᠡ ᠠᠪᠢᠶᠠᠯᠠᠬᠤ ᠪᠦᠭᠦ ᠡᠷᠭᠡᠳᠡᠨ ᠣᠷᠤᠯᠴᠠᠨ ᠠᠵᠢᠯᠯᠠᠳᠠᠭ᠃ ᠰᠢᠡᠵᠢᠯᠡᠭᠦᠢ ᠣᠭᠠᠬᠠᠨ ᠤ ᠨᠠᠷᠢᠨ ᠭᠡᠮᠵᠢᠯᠳᠡ ᠪᠠᠷ᠂ ᠭᠦᠭᠡᠮᠡᠢ᠌ᠯᠡᠭᠦ ᠳᠤ ᠡᠭᠦᠰᠭᠦ ᠳᠠᠭᠤᠨ ᠤ ᠳᠠᠪᠳᠠᠮᠵᠢ ᠨᠢ 20 ᠊᠊᠊᠊᠊᠊᠊᠊᠊᠊᠊᠊᠊᠊᠊ 2000hz ᠭᠦᠷᠳᠡᠭ᠌ ᠪᠦᠭᠡᠳ ᠳᠠᠪᠠᠳᠠᠭ ᠠᠵᠠᠢ᠃ ᠨᠡᠭᠦᠳᠡᠯ ᠰᠤᠶᠤᠯ ᠢᠷᠭᠡᠡᠰᠢᠯ ᠲᠡᠶ ᠮᠤᠩᠭ᠋ᠤᠯᠴᠤᠳ ᠲᠤ ᠯᠠ ᠡᠢ᠌ᠮᠤ ᠠᠰᠤᠷᠤ ᠦᠨᠡᠳᠤ ᠳᠠᠭᠤᠤ ᠣᠷᠠᠯᠢᠭ ᠤᠨ ᠭᠠᠢ᠌ᠬᠠᠮᠰᠢᠭᠳᠤ ᠵᠣᠢ᠌ᠯ ᠪᠠᠢ᠌ᠳᠠᠭ ᠪᠠᠢ᠌ᠨ᠎ᠠ᠃

ᠮᠤᠩᠭ᠋ᠤᠯᠴᠤᠳ ᠡᠷᠳᠡ ᠡᠴᠡ ᠳᠡᠭ᠍ᠷᠢ ᠪᠠᠨ ᠰᠢᠳᠤᠵᠤ᠂ ᠪᠠᠢ᠌ᠭᠠᠯᠢ ᠳᠡᠯᠡᠭᠡᠢ ᠪᠠᠨ ᠬᠠᠮᠠᠭᠠᠯᠠᠨ ᠳᠠᠭᠢᠵᠤ ᠢᠷᠡᠭ᠍ᠰᠡᠨ ᠳᠡᠦᠭᠡ ᠲᠡᠶ᠃ ᠳᠠᠳᠠ ᠪᠠᠢ᠌ᠭᠠᠯᠢ ᠳᠡᠯᠡᠭᠡᠢ ᠶᠢᠨ ᠳᠠᠭᠤ ᠠᠪᠢᠶ᠎ᠠ ᠶᠢᠨ ᠡᠭᠦᠰᠦᠯ ᠨᠢ ᠴᠦᠮ ᠦᠪᠡᠷ ᠦᠪᠡᠷ ᠤᠨ ᠡᠵᠡᠨ ᠲᠡᠶ ᠭᠡᠵᠤ 《ᠠᠮᠢᠯᠠᠭᠤᠯᠵᠤ》 ᠥᠵᠡᠳᠡᠭ᠌ ᠪᠠᠢ᠌ᠵᠠᠢ᠃ ᠳᠠᠳᠠ ᠠᠯᠳᠠᠢ ᠵᠢᠩᠭ᠋ᠠᠷ ᠶᠢᠡᠨ ᠬᠠᠢ᠌ᠯᠵᠤ᠂ ᠴᠤᠭᠤᠷ ᠶᠢᠡᠨ ᠳᠠᠳᠠᠨ ᠭᠦᠭᠡᠮᠡᠢ᠌ᠯᠡᠵᠤ᠂ ᠪᠦᠭᠡ ᠪᠠᠨ ᠪᠦᠭᠡᠯᠡᠵᠤ ᠪᠠᠢ᠌ᠪᠠᠯ ᠡᠪᠡᠳᠴᠢᠨ ᠳᠠᠬᠤᠯ ᠦᠭᠡᠶ ᠠᠵᠠ ᠵᠢᠷᠭᠠᠯ ᠲᠡᠶ ᠪᠠᠢ᠌ᠨ᠎ᠠ ᠭᠡᠵᠤ ᠥᠵᠡᠳᠡᠭ᠌ ᠪᠠᠢ᠌ᠪᠠ᠃ ᠠᠯᠳᠠᠢ ᠠᠭᠤᠯᠠᠰ ᠨᠢ ᠳᠠᠯ᠎ᠠ ᠭᠠᠵᠠᠷ ᠰᠢᠭ ᠨᠠᠯᠠᠭᠠᠷ᠂ ᠬᠠᠩᠭ᠋ᠠᠢ ᠰᠢᠭ ᠳᠠᠢ᠌ᠪᠣᠩ ᠪᠢᠰᠢ ᠴᠠᠭ ᠠᠭᠠᠷ ᠲᠡᠶ ᠪᠣᠯᠬᠤᠷ᠂ ᠳᠡᠭᠦᠨ ᠢ ᠠᠮᠢᠯᠠᠭᠤᠯᠵᠤ ᠥᠵᠡᠭᠦ ᠡᠴᠡ ᠥᠭᠡᠷ᠎ᠡ ᠠᠷᠭ᠎ᠠ ᠦᠭᠡᠶ ᠪᠠᠢ᠌ᠯ᠎ᠠ᠃ ᠭᠦᠭᠡᠮᠡᠢ ᠶᠢᠨ ᠣᠷᠠᠯᠢᠭ ᠤᠨ ᠡᠭᠦᠰᠴᠤ ᠣᠯᠠᠮᠵᠢᠯᠠᠭᠳᠠᠵᠤ ᠢᠷᠡᠭ᠍ᠰᠡᠨ ᠣᠤᠭᠠᠯ ᠣᠷᠴᠢᠨ ᠢ ᠮᠤᠩᠭ᠋ᠤᠯ ᠤᠨ ᠠᠯᠳᠠᠢ ᠨᠢᠷᠤᠭᠤ ᠪᠣᠯᠤᠨ ᠳᠡᠭᠦᠨ ᠤ ᠠᠢ ᠰᠠᠪᠠ ᠨᠤᠳᠤᠭ ᠪᠠᠢ᠌ᠵᠤ ᠪᠣᠯᠤᠨ᠎ᠠ᠃ ᠭᠦᠭᠡᠮᠡᠢ ᠪᠣᠯ ᠮᠤᠩᠭ᠋ᠤᠯᠴᠤᠳ ᠤᠨ ᠮᠤᠩᠭ᠋ᠤᠯ ᠴᠤᠭᠤᠷ ᠲᠡᠶ ᠪᠠᠨ ᠠᠳᠠᠯᠢ᠂ ᠪᠠᠢ᠌ᠭᠠᠯᠢ ᠳᠡᠯᠡᠭᠡᠢ ᠶᠢᠨ ᠳᠠᠭᠤ ᠠᠪᠢᠶ᠎ᠠ ᠪᠣᠶᠤ ᠭᠤᠤᠯ ᠤᠨ ᠣᠷᠤᠰᠬᠠᠯ᠂ ᠪᠣᠷᠭᠢᠭ᠎ᠠ ᠴᠢᠮᠡᠭᠡ ᠶᠢ ᠳᠠᠭᠤᠷᠢᠶᠠᠵᠤ ᠪᠦᠳᠦᠭᠡᠭ᠍ᠰᠡᠨ ᠡᠷᠳᠡᠨ ᠤ ᠰᠢᠡᠵᠢᠯᠡᠭᠦᠢ ᠣᠬᠠᠭᠠᠠᠴᠢ ᠠᠭᠤᠤ ᠪᠦᠳᠦᠭᠡᠯ ᠤᠨ ᠨᠢᠭᠡ ᠨᠢ ᠪᠣᠯᠤᠨ᠎ᠠ ᠭᠡᠵᠤ ᠨᠤᠳᠠᠯᠠᠭᠳᠠᠵᠤ ᠪᠠᠢ᠌ᠨ᠎ᠠ᠃ ᠨᠡᠭᠦᠳᠡᠯ ᠮᠠᠯᠵᠢᠬᠤ ᠰᠤᠶᠤᠯ ᠤᠨ ᠡᠷᠳᠡᠨ ᠤ ᠪᠦᠳᠦᠭᠡᠯ ᠨᠢ ᠣᠳᠤ ᠦᠶ᠎ᠡ ᠶᠢᠨ ᠭᠦᠮᠦᠰ ᠲᠤ ᠪᠢᠰᠢᠷᠠᠨ ᠳᠠᠨᠢᠵᠤ᠂ ᠳᠠᠭᠤᠤ ᠣᠷᠠᠯᠢᠭ᠂ ᠳᠠᠭᠤᠨ ᠤ ᠣᠬᠠᠭᠠᠨ ᠪᠣᠯᠤᠨ ᠠᠮᠢᠳᠤ ᠪᠣᠳᠠᠰ ᠤᠨ ᠰᠤᠳᠤᠯᠤᠯ ᠤᠨ ᠡᠷᠳᠡᠮᠳᠡᠳ ᠣᠴᠢᠷ ᠣᠬᠠᠭᠠᠨ ᠢ ᠨᠢ ᠡᠷᠳᠡᠮ ᠰᠢᠡᠵᠢᠯᠡᠭᠡᠨ ᠤ ᠣᠨᠤᠯ ᠶᠢᠡᠷ ᠣᠨᠤᠪᠴᠢᠳᠠᠢ ᠰᠠᠢ᠌ᠨ ᠳᠠᠢ᠌ᠯᠪᠣᠷᠢᠯᠠᠵᠤ ᠴᠢᠳᠠᠬᠤ ᠦᠭᠡᠶ ᠪᠠᠢ᠌ᠭᠰᠠᠭᠠᠷ ᠠᠵᠢ᠃

ᠮᠤᠩᠭ᠋ᠤᠯ ᠦᠨᠳᠦᠰᠦᠳᠠᠨ ᠤ ᠠᠯᠢ ᠨᠤᠳᠤᠭ ᠤᠨ ᠮᠤᠩᠭ᠋ᠤᠯ ᠬᠡᠦᠬᠡᠳ᠂ ᠳᠠᠭᠤᠤ ᠣᠷᠠᠯᠢᠭ ᠤᠨ ᠶᠠᠮᠠᠷ ᠴᠤ ᠮᠡᠳᠡᠯᠭᠡ ᠶᠢ ᠰᠤᠷᠤᠭ᠎ᠠ ᠦᠭᠡᠶ ᠠᠳᠠᠯ᠎ᠠ ᠭᠦᠭᠡᠮᠡᠢ᠌ᠯᠡᠵᠤ ᠴᠢᠳᠠᠳᠠᠭ ᠢ ᠳᠠᠭᠤᠤ ᠣᠷᠠᠯᠢᠭ ᠤᠨ ᠡᠷᠳᠡᠮᠳᠡᠳ᠂ ᠨᠠᠷᠠᠳᠤ ᠳᠠᠭᠤᠴᠢᠳ᠂ ᠳᠠᠭᠤᠨ ᠤ ᠣᠬᠠᠭᠠᠨ ᠭᠦᠭ᠍ᠵᠢᠮ ᠤᠨ ᠵᠡᠪᠰᠡᠭ᠌ ᠢ ᠰᠤᠳᠤᠯᠤᠭᠴᠢᠳ ᠮᠠᠰᠢᠳᠠ ᠭᠠᠢ᠌ᠬᠠᠨ᠂ ᠣᠬᠠᠭᠠᠨ ᠢ ᠨᠢ ᠣᠯᠵᠤ ᠶᠠᠳᠠᠨ 《ᠣᠤᠯ ᠠᠮᠢ ᠠᠬᠤᠢ ᠶᠢᠨ ᠳᠠᠭᠤᠯᠠᠬᠤ ᠮᠡᠷᠭᠡᠵᠢᠯ》 ᠭᠡᠮᠡᠨ ᠰᠢᠨ᠎ᠠ ᠨᠠᠷ᠎ᠠ 《ᠬᠠᠢ᠌ᠷᠠᠯᠠᠵᠤ》 ᠪᠠᠢ᠌ᠳᠠᠭ ᠠᠵᠠᠢ᠃


ᠵᠤᠬᠢᠶᠠᠭᠴᠢ ᠶᠢᠨ ᠬᠠᠶ‍ᠢᠭ ᠄ ᠭᠦᠯᠤᠨ ᠪᠣᠢ᠌ᠷ ᠬᠤᠳᠠ

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7485
ᠴᠠᠭ᠄ 2010 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ