☆ ᠪᠠᠢ ᠠᠮᠤᠭᠤᠯᠠᠩ
ᠭᠡᠳᠡᠷᠭᠡᠨ ᠪᠣᠯᠠᠭ ᠤᠨ ᠠᠳᠤᠭᠤᠴᠢ
ᠠᠯᠳᠠᠷᠠᠢ᠌ᠬᠠᠨ ᠨᠤᠳᠤᠭ ᠲᠤ
ᠠᠮᠢᠳᠤ ᠪᠣᠯᠠᠭ
ᠣᠷᠭᠢᠯᠤᠨ ᠣᠠᠳᠤᠷᠤᠨ᠎ᠠ
ᠠᠰ ᠬᠣᠢ᠌ᠰᠢ
ᠠᠶᠠᠯᠠᠨ ᠣᠷᠤᠰᠳᠠᠭ ᠡᠴᠡ
ᠭᠡᠳᠡᠷᠭᠡᠨ ᠨᠠᠷᠠᠯᠠᠪᠠ
ᠠᠯᠢ ᠦᠶ᠎ᠡ ᠡᠴᠡ
ᠠᠩᠬᠠᠯᠠᠨ ᠳᠤᠭᠳᠠᠭᠰᠠᠨ ᠢ
ᠡᠰᠡ ᠮᠠᠳᠠᠨ᠎ᠠ
ᠠᠪᠣ ᠳᠡᠭᠡᠳᠦᠰ ᠡᠴᠡ
ᠠᠮᠢ ᠪᠠᠨ ᠮᠠᠳᠤ
ᠰᠢᠳᠤᠵᠤ ᠢᠷᠠᠪᠠ
ᠠᠷᠪᠠ ᠳᠠᠪᠣᠭᠤᠯᠠ
ᠠᠢ᠌ᠯ ᠪᠣᠯᠵᠤ
ᠠᠮᠢᠳᠤᠷᠠᠨ ᠨᠤᠳᠤᠭᠰᠢᠪᠠ
ᠠᠳᠤᠭᠤᠴᠢ ᠮᠠᠯᠴᠢ
ᠠᠷᠪᠢᠨ ᠴᠤᠯᠭᠤᠷᠠᠵᠤ
ᠠᠰᠢᠳᠠ ᠣᠷᠤᠰᠢᠪᠠ
ᠭᠡᠳᠡᠷᠭᠡᠨ ᠪᠣᠯᠠᠭ ᠊᠊᠊᠊᠊᠊᠊᠊᠊᠊᠊᠊᠊᠊᠊᠊᠊᠊᠊᠊᠊᠊᠊᠊᠊᠊
ᠭᠣᠢ᠌ᠪᠢᠰᠢ ᠦᠭᠡᠶ ᠬᠠᠪᠣᠳᠤ ᠬᠠᠰᠠᠷ ᠤᠨ
ᠳᠠᠢ᠌ᠪᠢᠰᠢ ᠦᠭᠡᠶ ᠬᠠᠷᠢᠶᠠᠯᠠᠵᠤ ᠬᠠᠮᠠᠭᠠᠯᠠᠭᠰᠠᠨ
ᠬᠤᠪᠢᠷᠠᠰᠢ ᠦᠭᠡᠶ ᠬᠤᠷᠴᠢᠨ ᠨᠤᠳᠤᠭ ᠤᠨ
ᠭᠡᠯᠳᠦᠷᠡᠰᠢ ᠦᠭᠡᠶ ᠭᠠᠵᠠᠷ ᠣᠰᠤᠨ
ᠵᠢᠷᠦᠭᠡᠨ ᠤ ᠣᠯᠠᠭᠠᠨ ᠰᠤᠳᠠᠰᠤ ᠪᠣᠯᠵᠤ ᠯᠤᠭᠰᠢᠨ᠎ᠠ
ᠡᠯᠢᠭᠡᠨ ᠤ ᠭᠦᠭᠡ ᠰᠦᠰᠦ ᠪᠣᠯᠵᠤ ᠴᠤᠭᠰᠢᠨᠠ
ᠭᠡᠳᠡᠷᠭᠡᠨ ᠪᠣᠯᠠᠭ ᠤᠨ ᠠᠳᠤᠭᠤᠴᠢ ᠊᠊᠊᠊᠊᠊᠊᠊᠊᠊᠊᠊᠊᠊᠊᠊᠊᠊᠊᠊᠊᠊᠊
ᠭᠡᠳᠡᠷᠭᠡᠨ ᠪᠣᠯᠠᠭ ᠤᠨ ᠭᠦᠢᠳᠡᠨ ᠣᠰᠤᠨ ᠢ
ᠭᠡᠳᠡᠰᠤ ᠪᠠᠨ ᠳᠦᠭᠦᠷᠡᠳᠡᠯ᠎ᠡ ᠣᠤᠭᠤᠳᠠᠭ ᠪᠣᠯᠬᠤᠷ
ᠭᠡᠳᠡᠢ᠌ᠵᠤ ᠰᠠᠭᠤᠪᠠᠴᠤ ᠴᠡᠭᠡᠵᠢ ᠳᠡᠨᠢᠭᠡᠷ
ᠭᠦᠶᠦᠵᠤ ᠪᠣᠰᠪᠠᠴᠤ ᠪᠠᠶ᠎ᠠ ᠬᠠᠩᠬᠠᠭᠠᠷ
ᠢᠨᠢᠶᠡᠭᠦ ᠴᠢᠮᠡᠭᠡ ᠨᠢ ᠭᠦᠭ᠌ ᠦᠨᠳᠦᠷ
ᠢᠰᠭᠢᠷᠡᠭᠦ ᠳᠠᠭᠤᠨ ᠨᠢ ᠠᠶᠠᠰ ᠣᠷᠳᠤ
ᠭᠡᠳᠡᠷᠭᠡᠨ ᠪᠣᠯᠠᠭ ᠤᠨ ᠠᠳᠤᠭᠤᠴᠢ ᠊᠊᠊᠊᠊᠊᠊᠊᠊᠊᠊᠊᠊᠊᠊᠊᠊᠊᠊᠊᠊᠊᠊᠊᠊᠊᠊
ᠮᠤᠩᠭ᠋ᠤᠯ ᠠᠭᠳᠠ ᠶᠢᠨ ᠨᠢᠷᠤᠭᠤᠨ ᠳᠤ
ᠪᠣᠰᠤᠭ᠎ᠠ ᠭᠡᠢ᠌ᠮᠦᠷᠢ ᠲᠡᠶ ᠵᠠᠯᠠᠷᠠᠬᠤ ᠳᠤ
ᠳᠡᠷᠳᠡᠭᠡ ᠬᠤᠯᠠ ᠳᠤ ᠳᠠᠮᠠᠭᠠᠯᠠᠭᠰᠠᠨ
ᠠᠳᠤᠭᠤᠳ ᠤᠨ ᠭᠢᠨᠢ ᠳᠤᠭᠤᠷᠠᠢ ᠳᠠᠴᠢᠭᠢᠨᠠᠨᠠ
ᠳᠡᠭ᠍ᠷᠢ ᠶᠢᠨ ᠦᠨᠳᠦᠷ ᠢ ᠭᠡᠮᠵᠢᠭ᠍ᠰᠡᠨ
ᠣᠷᠭ᠎ᠠ ᠶᠢᠨ ᠭᠢᠨᠢ ᠥᠵᠦᠭᠦᠷ ᠱᠤᠤᠭᠢᠨ᠎ᠠ
ᠭᠡᠳᠡᠷᠭᠡᠨ ᠪᠣᠯᠠᠭ ᠤᠨ ᠠᠳᠤᠭᠤᠴᠢ ᠊᠊᠊᠊᠊᠊᠊᠊᠊᠊᠊᠊᠊᠊᠊᠊᠊᠊᠊᠊᠊᠊᠊᠊
ᠭᠦᠭᠡ ᠪᠣᠬᠠᠨ ᠵᠢᠯᠭ᠎ᠠ ᠶᠢᠨ ᠠᠳᠤᠭᠤᠨ ᠵᠥᠭ᠌
ᠭᠦᠭ᠌ ᠳᠠᠳᠠᠭᠤᠯᠤᠨ ᠬᠠᠰᠭᠢᠷᠠᠬᠤ ᠳᠤ
ᠦᠷ ᠤᠨ ᠭᠦᠰᠢᠭᠡ ᠴᠠᠢ᠌ᠳᠠᠯ᠎ᠠ ᠳᠠᠳᠠᠭᠳᠠᠨ᠎ᠠ
ᠥᠭᠡᠷ ᠬᠠᠳᠠᠨ ᠳᠤ ᠴᠤᠤᠷᠢᠶ᠎ᠠ ᠬᠠᠳᠠᠭᠳᠠᠨᠠ
ᠦᠨᠦᠳᠤᠷ ᠤᠨ ᠣᠢ᠌ᠯᠠ ᠭᠠᠯ ᠲᠡᠶ ᠴᠠᠭᠢᠯᠤᠨ᠎ᠠ
ᠥᠩᠭᠡᠳᠤ ᠠᠮᠢᠳᠤᠷᠠᠯ ᠴᠤᠭ ᠲᠡᠶ ᠡᠭᠢᠯᠡᠨ᠎ᠡ
ᠭᠡᠳᠡᠷᠭᠡᠨ ᠪᠣᠯᠠᠭ ᠊᠊᠊᠊᠊᠊᠊᠊᠊᠊᠊᠊᠊᠊᠊᠊᠊᠊᠊᠊᠊᠊᠊
ᠳᠠᠷᠠᠰᠤ ᠬᠤᠯᠤᠰᠤᠨ ᠳ᠋ᠤᠨᠢ
ᠳᠡᠭ᠍ᠳᠡᠭᠡᠢ ᠰᠢᠪᠠᠭᠤ
ᠵᠢᠷᠭᠢᠨ ᠳᠠᠷᠪᠠᠵᠤ
ᠳᠡᠷᠭᠡᠳᠡ ᠬᠠᠵᠠᠭᠤᠳᠠ ᠨᠢ
ᠭᠦᠮᠤᠨ ᠠᠷᠠᠤᠨ
ᠵᠢᠷᠭᠠᠨ ᠠᠮᠢᠳᠤᠷᠠᠨ᠎ᠠ
ᠳᠡᠯᠡᠭᠡᠢ ᠳᠠᠨᠢᠭᠤᠯᠬᠤ
ᠳᠡᠭᠡᠳᠤ ᠭᠦᠰᠡᠯ ᠢ
ᠵᠢᠷᠦᠭᠡᠨ ᠳᠡᠭᠡᠨ ᠰᠢᠩᠭᠡᠭᠡᠵᠤ
ᠳᠠᠯ ᠪᠣᠰᠤᠭ᠎ᠠ
ᠭᠦᠡᠳᠡᠯᠡᠨ ᠭᠤᠤᠯ ᠳᠤ
ᠵᠢᠦᠡᠭᠦᠯ ᠶᠢᠡᠨ ᠨᠠᠮᠠᠷᠢᠯᠠᠨ᠎ᠠ
ᠳᠡᠭ᠍ᠵᠢᠷᠡᠵᠤ ᠮᠠᠠᠳᠤᠬᠤ
ᠭᠦᠭᠡ ᠳᠠᠪᠢᠯᠠᠩ ᠢ
ᠥᠭᠦᠯᠡᠨ ᠰᠢᠪᠠᠨᠠᠵᠤ
ᠳᠡᠯᠭᠡᠷ ᠪᠠᠶᠠᠨ
ᠭᠦᠳᠡᠭᠡ ᠨᠤᠳᠤᠭ ᠢ
ᠦᠵᠡᠮᠤᠷᠢᠯᠠᠨ ᠭᠤᠶᠤᠯᠠᠨ᠎ᠠ
2009 ᠣᠨ ᠤ 3 ᠰᠠᠷ᠎ᠠ ᠶᠢᠨ 31 ᠡᠳᠦᠷ
ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠪᠠᠢ ᠠᠮᠤᠭᠤᠯᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ