ᠨᠡᠪᠲᠡᠷᠡᠨ ᠤᠷᠤᠬᠤ
ᠭᠢᠴᠢᠶᠠᠯ ᠳᠡᠭᠡᠷ᠎ᠡ ᠠᠰᠠᠭᠤᠯᠳᠠ ᠠᠰᠠᠭᠤᠬᠤ ᠳᠤᠬᠠᠢ ᠳᠦᠭᠦᠮ ᠣᠢ᠌ᠯᠭᠠᠯᠳᠠ

ᠪᠠᠭᠰᠢ ᠶᠢᠨ ᠭᠢᠴᠢᠶᠠᠯ ᠳᠡᠭᠡᠷ᠎ᠡ ᠠᠰᠠᠭᠤᠯᠳᠠ ᠠᠰᠠᠭᠤᠬᠤ ᠪᠣᠯ ᠵᠢᠭᠠᠨ ᠰᠤᠷᠭᠠᠬᠤ ᠠᠵᠢᠯ ᠤᠨ ᠳᠤᠮᠳᠠᠭᠢ ᠦᠷᠭᠦᠯᠵᠢ ᠭᠡᠷᠡᠭᠡᠯᠡᠳᠡᠭ᠌ ᠠᠷᠭ᠎ᠠ ᠶᠢᠨ ᠨᠢᠭᠡ ᠨᠢ ᠪᠣᠯᠤᠨ᠎ᠠ᠃ ᠡᠨᠡ ᠭᠦ ᠠᠷᠭ᠎ᠠ ᠶᠢ ᠡᠵᠡᠮᠰᠢᠨ ᠭᠡᠷᠡᠭᠯᠡᠭᠦ ᠳᠤ ᠰᠢᠡᠵᠢᠯᠡᠭᠦ ᠣᠬᠠᠭᠠᠠᠴᠢ ᠣᠪᠣᠷ ᠪᠠᠢ᠌ᠪᠠᠯ ᠵᠤᠭᠢᠨ᠎ᠠ᠃ ᠵᠢᠭᠠᠨ ᠰᠤᠷᠭᠠᠬᠤ ᠠᠵᠢᠯᠯᠠᠭ᠎ᠠ ᠳᠤᠮᠳᠠ ᠳᠤᠰ ᠠᠷᠭ᠎ᠠ ᠶᠢ ᠰᠠᠢ᠌ᠳᠤᠷ ᠭᠡᠷᠡᠭᠯᠡᠪᠠᠯ ᠭᠢᠴᠢᠯᠯᠡᠭᠡ ᠶᠢᠨ ᠦᠷ᠎ᠡ ᠪᠦᠳᠦᠭᠡᠯ ᠢ ᠶᠡᠭᠡᠳᠡᠨ ᠰᠠᠢ᠌ᠵᠢᠷᠠᠭᠤᠯᠵᠤ ᠴᠢᠳᠠᠨ᠎ᠠ᠃ ᠭᠡᠷᠪᠡ ᠰᠠᠢ᠌ᠳᠤᠷ ᠭᠡᠷᠡᠭᠯᠡᠵᠤ ᠴᠢᠳᠠᠬᠤ ᠦᠭᠡᠶ ᠪᠣᠯ ᠭᠤᠤᠯ ᠰᠠᠳᠤᠪ ᠡᠴᠠ ᠪᠠᠨ ᠰᠠᠯᠵᠤ ᠬᠠᠮᠢᠶ᠎ᠠ ᠦᠭᠡᠶ ᠠᠰᠠᠭᠤᠯᠳᠠ ᠪᠠᠷ ᠨᠢᠭᠡ ᠭᠢᠴᠢᠶᠠᠯ ᠢ ᠳᠠᠭᠤᠰᠠᠬᠠᠪᠠᠯ ᠵᠢᠭᠠᠨ ᠰᠤᠷᠭᠠᠬᠤ ᠦᠷ᠎ᠡ ᠪᠦᠳᠦᠭᠡᠯ ᠨᠢ ᠬᠤᠯᠤᠰᠤᠨ ᠰᠠᠭᠰᠤ ᠪᠠᠷ ᠣᠰᠤ ᠣᠳᠬᠤᠭᠰᠠᠨ ᠳᠠᠳᠤᠢ ᠪᠣᠯᠬᠤ ᠶᠤᠮ᠃

ᠭᠢᠴᠢᠶᠠᠯ ᠳᠡᠭᠡᠷ᠎ᠡ ᠠᠰᠠᠭᠤᠯᠳᠠ ᠠᠰᠠᠭᠤᠬᠤ ᠭᠦᠮᠤᠨ ᠳᠤ ᠡᠯᠪᠠᠭ᠌ ᠪᠠᠶᠠᠯᠢᠭ ᠮᠡᠳᠡᠯᠭᠡ ᠪᠠᠢ᠌ᠬᠤ ᠭᠡᠷᠡᠭ᠍ᠳᠡᠢ ᠮᠦᠷᠳᠡᠭᠡᠨ ᠠᠰᠠᠭᠤᠯᠳᠠ ᠨᠢ ᠵᠤᠭᠢᠮᠵᠢᠳᠠᠢ᠂ ᠠᠮᠳᠠ ᠰᠢᠮᠳᠠ ᠲᠡᠶ ᠪᠠᠢ᠌ᠵᠤ ᠠᠰᠠᠭᠤᠯᠳᠠ ᠶᠢᠨ ᠭᠦᠷᠢᠶ᠎ᠡ ᠭᠡᠪᠴᠢᠶ᠎ᠡ ᠨᠢ ᠡᠷᠭᠡᠪᠰᠢ ᠭᠢᠴᠢᠶᠠᠯ ᠤᠨ ᠭᠤᠤᠯ ᠰᠠᠳᠤᠪ ᠡᠴᠠ ᠰᠠᠯᠬᠤ ᠦᠭᠡᠶ ᠪᠠᠷ ᠳᠤᠰ ᠭᠢᠴᠢᠶᠠᠯ ᠤᠨ ᠵᠢᠭᠠᠨ ᠰᠤᠷᠭᠠᠬᠤ ᠡᠭᠦᠷᠭᠡ ᠶᠢ ᠪᠠᠶᠡᠯᠡᠭᠦᠯᠭᠦ ᠳᠤ ᠥᠢᠯᠡᠴᠢᠯᠡᠭᠦ ᠭᠡᠷᠡᠭ᠍ᠳᠡᠢ᠃

ᠰᠤᠷᠤᠭᠴᠢᠳ ᠤᠨ ᠮᠡᠳᠡᠯᠭᠡ ᠰᠤᠷᠬᠤ ᠪᠣᠯ ᠥᠪᠠᠷᠳᠡᠭᠡᠨ ᠪᠦᠳᠦᠵᠢᠭᠦ ᠶᠠᠪᠣᠳᠠᠯ ᠪᠢᠰᠢ᠃ ᠬᠠᠷᠢᠨ ᠪᠠᠭᠰᠢ ᠵᠢᠭᠠᠨ ᠰᠤᠷᠭᠠᠬᠤ ᠪᠠ ᠵᠢᠯᠤᠭᠤᠳᠤᠯᠭ᠎ᠠ ᠳᠤᠤᠷ᠎ᠠ ᠬᠠᠷᠠᠯᠳᠠ ᠲᠡᠶ᠂ ᠲᠦᠯᠦᠪᠯᠡᠭᠡ ᠲᠡᠶ ᠪᠠᠷ ᠶᠠᠪᠣᠭᠳᠠᠬᠤ ᠪᠠᠭᠰᠢ ᠰᠤᠷᠤᠭᠴᠢ ᠶᠢᠨ ᠬᠠᠮᠳᠤ ᠶᠢᠨ ᠠᠵᠢᠯᠯᠠᠭ᠎ᠠ ᠪᠠᠷ ᠰᠠ‍‌ᠶᠢ ᠪᠠᠶᠡᠯᠡᠭ᠍ᠳᠡᠵᠤ ᠴᠢᠳᠠᠬᠤ ᠶᠤᠮ᠃ ᠭᠢᠴᠢᠶᠠᠯ ᠨᠢᠭᠡᠪᠦᠷᠢ ᠳᠤ ᠳᠤᠰ ᠳᠤᠰ ᠤᠨ ᠭᠤᠤᠯᠳᠠᠯᠭ᠎ᠠ᠂ ᠵᠢᠭᠠᠨ ᠰᠤᠷᠭᠠᠬᠤ ᠵᠤᠷᠢᠯᠭ᠎ᠠ ᠱᠠᠭᠠᠷᠳᠠᠯᠭ᠎ᠠ ᠲᠡᠶ ᠪᠣᠯᠬᠤᠷ ᠡᠨᠡ ᠭᠦ ᠭᠤᠤᠯᠳᠠᠯᠭ᠎ᠠ ᠶᠢ ᠵᠤᠷᠢᠨ ᠵᠢᠭᠠᠨ ᠰᠤᠷᠭᠠᠬᠤ ᠵᠤᠷᠢᠯᠭ᠎ᠠ ᠶᠢ ᠪᠠᠶᠡᠯᠡᠭᠦᠯᠭᠦ ᠪᠦᠭᠦ ᠶᠠᠪᠣᠴᠠ ᠳᠤ ᠠᠰᠠᠭᠤᠯᠳᠠ ᠠᠰᠠᠭᠤᠬᠤ ᠪᠣᠯ ᠴᠢᠬᠤᠯᠠ ᠨᠢᠭᠡ ᠵᠣᠢ᠌ᠯ ᠪᠣᠯᠤᠨ᠎ᠠ᠃ ᠡᠢ᠌ᠮᠤ ᠡᠴᠠ ᠪᠠᠭᠰᠢ ᠨᠡᠷ ᠵᠢᠭᠠᠨ ᠰᠤᠷᠭᠠᠬᠤ ᠳᠠᠭᠠᠨ ᠠᠰᠠᠭᠤᠯᠳᠠ ᠠᠰᠠᠭᠤᠬᠤ ᠠᠯᠬᠤᠮ ᠳᠠᠷᠠᠭ᠎ᠠ ᠪᠠᠨ ᠰᠠᠢ᠌ᠳᠤᠷ ᠵᠢᠭᠰᠠᠭᠠᠨ᠂ ᠠᠰᠠᠭᠤᠯᠳᠠ ᠶᠢᠨ ᠣᠤᠠᠬ᠎ᠠ ᠠᠭᠤᠯᠭ᠎ᠠ ᠶᠢ ᠵᠤᠭᠢᠰᠳᠠᠢ ᠳᠤᠭᠢᠷᠠᠭᠤᠯᠵᠤ᠂ ᠭᠢᠴᠢᠶᠠᠯ ᠤᠨ ᠵᠢᠭᠠᠨ ᠰᠤᠷᠭᠠᠬᠤ ᠦᠷ᠎ᠡ ᠪᠦᠳᠦᠭᠡᠯ ᠢ ᠳᠡᠭ᠍ᠰᠢᠯᠡᠭᠦᠯᠭᠦ ᠳᠤ ᠳᠡᠭᠦᠨ ᠤ ᠭᠠᠷᠭᠠᠬᠤ ᠣᠢ᠌ᠯᠠᠳᠤᠯ ᠢ ᠭᠦᠢᠴᠡᠳ ᠪᠠᠳᠠᠷᠠᠭᠤᠯᠪᠠᠯ ᠵᠤᠭᠢᠨ᠎ᠠ᠃ ᠳᠤᠬᠠᠢ᠌ᠯᠠᠪᠠᠯ᠄ ᠰᠢᠨ᠎ᠠ ᠭᠢᠴᠢᠶᠠᠯ᠂ ᠰᠢᠨ᠎ᠠ ᠣᠬᠠᠭᠳᠠᠬᠤᠨ ᠢ ᠳᠠᠢ᠌ᠯᠠᠪᠣᠷᠢᠯᠠᠬᠤ ᠳᠠᠭᠠᠨ ᠰᠤᠷᠤᠭᠴᠢᠳ ᠡᠴᠠ ᠰᠢᠨ᠎ᠠ ᠭᠢᠴᠢᠶᠠᠯ᠂ ᠰᠢᠨ᠎ᠠ ᠣᠬᠠᠭᠳᠠᠬᠤᠨ ᠤ ᠳᠤᠬᠠᠢ ᠰᠤᠷᠴᠤ ᠥᠩᠭᠡᠷᠡᠭ᠍ᠰᠡᠨ ᠳᠠᠪᠳᠠᠬᠤ ᠴᠢᠨᠠᠷᠳᠠᠢ ᠠᠰᠠᠭᠤᠯᠳᠠ ᠶᠢ ᠠᠰᠠᠭᠤᠵᠤ᠂ ᠪᠠᠭᠰᠢ ᠡᠴᠠ ᠳ᠋ᠦ᠋ᠩᠨᠡᠭᠦ ᠪᠠᠷ ᠳᠠᠮᠵᠢᠨ ᠰᠤᠷᠤᠭᠴᠢᠳ ᠤᠨ ᠨᠢᠭᠡᠨᠲᠡ ᠰᠤᠷᠤᠭᠰᠠᠨ ᠮᠡᠳᠡᠯᠭᠡ ᠶᠢ ᠨᠢ ᠣᠯᠠᠮ ᠨᠢᠭᠡ ᠠᠯᠬᠤᠮ ᠳᠠᠪᠳᠠᠭᠤᠯᠤᠨ ᠪᠠᠭᠢᠵᠢᠭᠦᠯᠵᠤ᠂ ᠳᠠᠳᠠᠨᠠᠷ ᠢ ᠰᠢᠨ᠎ᠠ ᠭᠢᠴᠢᠶᠠᠯ ᠰᠢᠨ᠎ᠠ ᠣᠬᠠᠭᠳᠠᠬᠤᠨ ᠤ ᠵᠥᠭ᠌ ᠭᠦᠳᠦᠯᠤᠨ᠂ ᠨᠢᠭᠡᠨᠲᠡ ᠰᠤᠷᠤᠭᠰᠠᠨ ᠭᠢᠴᠢᠶᠠᠯ ᠨᠢ ᠣᠳᠤ ᠰᠤᠷᠬᠤ ᠭᠡᠵᠤ ᠪᠠᠢ᠌ᠭ᠎ᠠ ᠰᠢᠨ᠎ᠠ ᠭᠢᠴᠢᠶᠠᠯ ᠲᠡᠶ ᠶᠠᠮᠠᠷ ᠬᠤᠯᠪᠣᠭᠳᠠᠯ ᠲᠡᠶ ᠪᠣᠯᠬᠤ ᠶᠢ ᠣᠢ᠌ᠯᠠᠭᠠᠭᠤᠯᠬᠤ ᠳᠤ ᠳᠤᠰᠠᠯᠠᠮᠵᠢ ᠪᠣᠯᠭᠠᠬᠤ ᠡᠴᠠ ᠪᠢᠰᠢ ᠬᠠᠷᠢᠨ ᠰᠢᠨ᠎ᠠ ᠵᠢᠭᠠᠬᠤ ᠭᠢᠴᠢᠶᠠᠯ ᠤᠨ ᠭᠤᠤᠯ ᠰᠠᠳᠤᠪ ᠡᠴᠠ ᠰᠠᠯᠤᠨ ᠭᠡᠷᠡᠭ᠌ ᠦᠭᠡᠶ ᠠᠰᠠᠭᠤᠯᠳᠠ ᠶᠢ ᠠᠰᠠᠭᠤᠪᠠᠯ ᠰᠤᠷᠤᠭᠴᠢᠳ ᠤᠨ ᠪᠣᠳᠤᠯᠭ᠎ᠠ ᠰᠠᠮᠠᠭᠤᠷᠠᠨ᠂ ᠰᠡᠳᠭᠢᠭᠦ ᠬᠠᠠᠳᠤᠰᠢ ᠨᠢ ᠰᠢᠯᠵᠢᠨ᠂ ᠠᠩᠬᠠᠷᠤᠯ ᠨᠢ ᠰᠠᠷᠨᠢᠵᠤ᠂ ᠰᠢᠨ᠎ᠠ ᠭᠢᠴᠢᠶᠠᠯ ᠤᠨ ᠦᠷ᠎ᠡ ᠪᠦᠳᠦᠭᠡᠯ ᠢ ᠨᠥᠯᠦᠭᠡᠯᠡᠨ᠎ᠡ᠃

ᠵᠢᠭᠠᠨ ᠰᠤᠷᠭᠠᠬᠤ ᠪᠦᠭᠦ ᠶᠠᠪᠣᠴᠠ ᠳᠤ ᠪᠠᠭᠰᠢ ᠨᠡᠷ ᠡᠷᠭᠡᠪᠰᠢ ᠰᠤᠷᠤᠭᠴᠢᠳ ᠤᠨ ᠰᠡᠳᠭᠢᠭᠦ ᠢᠳᠠᠪᠭᠢᠵᠢᠯ ᠢ ᠠᠯᠠᠢ ᠴᠢᠳᠠᠬᠤ ᠪᠠᠷ ᠳᠠᠢ᠌ᠴᠢᠯᠠᠨ᠂ ᠳᠠᠳᠠᠨᠠᠷ ᠢ ᠰᠠᠳᠭᠢᠨ ᠪᠣᠳᠤᠯᠭᠢᠯᠠᠬᠤ᠂ ᠵᠠᠳᠠᠯᠤᠨ ᠰᠢᠡᠵᠢᠯᠡᠭᠦ᠂ ᠬᠤᠷᠢᠶᠠᠩᠭ᠋ᠣᠢ᠌ᠯᠠᠨ ᠡᠵᠡᠮᠰᠢᠭᠦ ᠴᠢᠳᠠᠪᠣᠷᠢᠳᠠᠢ ᠪᠣᠯᠭᠠᠬᠤ ᠪᠠᠷ ᠭᠦᠮᠦᠵᠢᠭᠦᠯᠪᠠᠯ ᠵᠤᠭᠢᠨ᠎ᠠ᠃ ᠡᠭᠦᠨ ᠢ ᠪᠠᠶᠡᠯᠡᠭᠦᠯᠭᠦ ᠳᠤ ᠠᠰᠠᠭᠤᠯᠳᠠ ᠠᠰᠠᠭᠤᠬᠤ ᠪᠣᠯ ᠬᠠᠮᠤᠭ ᠤᠨ ᠳᠤᠰᠠᠳᠠᠢ ᠨᠢᠭᠡᠨ ᠠᠷᠭ᠎ᠠ ᠪᠣᠯᠤᠨ᠎ᠠ᠃ ᠡᠨᠡ ᠨᠢ ᠮᠦᠨ ᠴᠤ ᠰᠤᠷᠤᠭᠴᠢᠳ ᠢ ᠰᠡᠩᠭᠡᠷᠡᠭᠦᠯᠤᠨ ᠣᠶᠤᠨ ᠤ ᠣᠨᠢᠰᠤ ᠶᠢ ᠨᠡᠭᠡᠭᠡᠭᠦ ᠲᠦᠯᠭᠢᠭᠦᠷ ᠮᠦᠨ᠃ ᠠᠰᠠᠭᠤᠯᠳᠠ ᠶᠢᠨ ᠠᠭᠤᠯᠭ᠎ᠠ ᠨᠢ ᠰᠤᠷᠤᠭᠴᠢᠳ ᠰᠤᠷᠤᠭᠰᠠᠨ ᠮᠡᠳᠡᠯᠭᠡ ᠪᠠᠨ ᠭᠡᠷᠡᠭᠯᠡᠨ ᠰᠡᠳᠭᠢᠭᠦ᠂ ᠵᠠᠳᠠᠯᠬᠤ᠂ ᠳᠤᠪᠴᠢᠯᠠᠬᠤ ᠪᠠᠷ ᠳᠠᠮᠵᠢᠨ ᠰᠢᠨ᠎ᠠ ᠳ᠋ᠦ᠋ᠩᠨᠡᠯᠲᠡ ᠶᠢ ᠲᠦᠯᠭᠢᠨ ᠭᠠᠷᠭᠠᠵᠤ ᠴᠢᠳᠠᠬᠤ ᠳᠤ ᠣᠷᠤᠰᠢᠨ᠎ᠠ᠃ ᠠᠰᠠᠭᠤᠬᠤ ᠠᠷᠭ᠎ᠠ ᠮᠠᠶ‍ᠢᠭ ᠨᠢ ᠰᠤᠷᠤᠭᠴᠢᠳ ᠤᠨ ᠠᠩᠬᠠᠷᠤᠯ ᠢ ᠭᠦᠴᠦᠳᠡᠢ ᠳᠠᠳᠠᠨ ᠢᠳᠠᠪᠭᠢᠳᠠᠢ ᠪᠣᠳᠤᠯᠭᠢᠭᠤᠯᠤᠨ᠂ ᠰᠡᠩᠭᠡᠷᠡᠭᠦᠯᠭᠦ ᠴᠢᠨᠠᠷᠳᠠᠢ ᠪᠠᠢ᠌ᠬᠤ ᠡᠴᠠ ᠪᠢᠰᠢ ᠬᠠᠷᠢᠨ ᠳᠠᠩ ᠭᠠᠭᠴᠠ ᠦᠷᠦᠭᠡᠰᠦᠯ᠂ ᠮᠸᠬᠠᠨᠢᠭ ᠪᠠᠢ᠌ᠵᠤ ᠪᠣᠯᠬᠤ ᠦᠭᠡᠶ᠃ ᠠᠰᠠᠭᠤᠯᠳᠠ ᠶᠢᠨ ᠭᠦᠡᠳᠤ ᠬᠦᠩᠭᠡᠨ ᠢ ᠰᠤᠷᠤᠭᠴᠢᠳ ᠤᠨ ᠪᠣᠳᠠᠳᠠᠢ ᠭᠢᠷᠢ ᠭᠡᠮᠵᠢᠶ᠎ᠡ ᠳᠤ ᠳᠤᠭᠢᠷᠠᠭᠤᠯᠤᠨ ᠠᠰᠠᠭᠤᠬᠤ ᠭᠡᠷᠡᠭ᠍ᠳᠡᠢ᠃ ᠥᠭᠡᠷ᠎ᠡ ᠪᠠᠷ ᠭᠡᠯᠡᠪᠠᠯ ᠭᠢᠷᠢ ᠪᠦᠳᠦᠮᠵᠢ ᠨᠢ ᠰᠠᠢ᠌ᠨ ᠰᠢᠭ ᠰᠤᠷᠤᠭᠴᠢᠳ ᠡᠴᠠ ᠭᠦᠴᠢᠷ ᠰᠢᠭ᠌ ᠠᠰᠠᠭᠤᠯᠳᠠ ᠶᠢ ᠠᠰᠠᠭᠤᠬᠤ᠂ ᠭᠢᠷᠢ ᠪᠦᠳᠦᠮᠵᠢ ᠨᠢ ᠪᠠᠷᠤᠭᠳᠠᠢ ᠰᠢᠭ᠌ ᠰᠤᠷᠤᠭᠴᠢᠳ ᠡᠴᠠ ᠠᠮᠠᠷᠬᠠᠨ ᠰᠢᠭ ᠠᠰᠠᠭᠤᠯᠳᠠ ᠠᠰᠠᠭᠤᠬᠤ ᠭᠡᠰᠡᠨ ᠶᠠᠪᠣᠳᠠᠯ ᠶᠤᠮ᠃

ᠠᠰᠠᠭᠤᠬᠤ ᠡᠳᠡᠭᠡᠳ ᠶᠢᠡᠨ ᠥᠵᠡᠭᠦ ᠦᠭᠡᠶ᠂ ᠳᠤᠳᠤᠷ᠎ᠠ ᠪᠠᠨ ᠳᠤᠭ᠎ᠠ ᠦᠭᠡᠶ ᠳᠤᠷ᠎ᠠ ᠪᠠᠷ ᠶᠢᠡᠨ ᠨᠠᠷ᠎ᠠ ᠳᠤᠷᠠᠳᠤᠨ ᠰᠠᠨᠠᠭ᠎ᠠ ᠪᠠᠷ ᠶᠢᠡᠨ ᠠᠰᠠᠭᠤᠬᠤ ᠶᠢ ᠴᠡᠭᠡᠷᠯᠡᠭᠦ ᠭᠡᠷᠡᠭ᠍ᠳᠡᠢ᠃ ᠣᠴᠢᠷ ᠨᠢ ᠭᠢᠷᠢ ᠪᠦᠳᠦᠮᠵᠢ ᠨᠢ ᠰᠠᠢ᠌ᠨ ᠰᠢᠭ ᠰᠤᠷᠤᠭᠴᠢᠳ ᠡᠴᠠ ᠠᠮᠠᠷᠬᠠᠨ ᠰᠢᠭ ᠠᠰᠠᠭᠤᠯᠳᠠ ᠶᠢ ᠠᠰᠠᠭᠤᠪᠠᠯ ᠳᠠᠳᠠᠨᠠᠷ ᠵᠢᠭᠠᠬᠠᠨ ᠴᠤ ᠭᠦᠴᠤ ᠭᠡᠷᠡᠭᠯᠡᠭᠦ ᠦᠭᠡᠶ ᠬᠠᠷᠢᠭᠤᠯᠤᠨ᠂ ᠰᠡᠳᠭᠢᠭᠦᠢ ᠶᠢᠨ ᠣᠶᠤᠨ ᠶᠢᠡᠨ ᠦᠴᠦᠭᠡᠨ ᠴᠤ ᠭᠦᠭ᠍ᠵᠢᠭᠦᠯᠤᠨ ᠪᠠᠳᠠᠷᠠᠭᠤᠯᠬᠤ ᠵᠠᠪᠰᠢᠶᠠᠨ ᠣᠯᠬᠤ ᠦᠭᠡᠶ ᠶᠤᠮ᠃ ᠡᠰᠡᠷᠭᠦ ᠪᠠᠷ ᠭᠢᠷᠢ ᠪᠦᠳᠦᠮᠵᠢ ᠳᠤᠤᠷ᠎ᠠ ᠰᠢᠭ ᠰᠤᠷᠤᠭᠴᠢ ᠡᠴᠠ ᠭᠦᠴᠢᠷ ᠰᠢᠭ᠌ ᠠᠰᠠᠭᠤᠯᠳᠠ ᠶᠢ ᠠᠰᠠᠭᠤᠵᠤ᠂ ᠬᠠᠷᠢᠭᠤᠯᠵᠤ ᠴᠢᠳᠠᠬᠤ ᠦᠭᠡᠶ ᠦᠶ᠎ᠡ ᠳᠤ ᠪᠠᠭᠰᠢ ᠳᠠᠷᠤᠢ ᠳ᠋ᠤᠨᠢ ᠥᠭᠡᠷ᠎ᠡ ᠰᠤᠷᠤᠭᠴᠢ ᠶᠢ ᠳᠠᠭᠤᠳᠠᠨ᠂ ᠠᠰᠠᠭᠤᠵᠤ ᠴᠢᠳᠠᠭᠰᠠᠨ ᠦᠭᠡᠶ ᠰᠤᠷᠤᠭᠴᠢ ᠶᠢ ᠰᠠᠢ᠌ᠳᠤᠷ ᠰᠤᠨᠤᠰ ᠭᠡᠵᠤ ᠱᠠᠭᠠᠷᠳᠠᠬᠤ ᠪᠣᠶᠤ ᠰᠠᠭᠤᠯᠭᠠᠪᠠᠯ ᠰᠤᠷᠤᠭᠴᠢᠳ ᠤᠨ ᠪᠠᠶ᠎ᠠ ᠪᠠᠨ ᠭᠦᠡᠳᠦᠳᠭᠡᠭᠦ ᠢᠳᠡᠭᠡᠯ ᠢ ᠭᠦᠡᠳᠡᠭᠡᠨ᠂ ᠰᠤᠷᠤᠯᠴᠠᠬᠤ ᠣᠷᠮ᠎ᠠ ᠶᠢ ᠨᠢ ᠬᠤᠭᠤᠯᠵᠤ᠂ ᠰᠢᠨ᠎ᠠ ᠭᠢᠴᠢᠶᠠᠯ ᠢ ᠢᠳᠠᠪᠭᠢᠳᠠᠢ ᠰᠤᠷᠤᠯᠴᠠᠬᠤ ᠳᠤ ᠨᠥᠯᠦᠭᠡ ᠣᠴᠠᠷᠠᠭᠤᠯᠵᠤ ᠮᠠᠳᠠᠨ᠎ᠠ᠃ ᠡᠢ᠌ᠮᠤ ᠡᠴᠠ ᠴᠢᠳᠠᠬᠤ ᠪᠠᠷ ᠦᠨᠳᠦᠰᠦᠨ ᠳᠡᠭᠡᠨ ᠬᠠᠷᠢᠭᠤᠯᠵᠤ ᠴᠢᠳᠠᠭᠤᠯᠬᠤ ᠭᠡᠷᠡᠭ᠍ᠳᠡᠢ᠃

ᠠᠰᠠᠭᠤᠯᠳᠠ ᠠᠰᠠᠭᠤᠬᠤ ᠳᠠᠭᠠᠨ ᠣᠷᠢᠳᠠᠪᠠᠷ ᠨᠠᠷ᠎ᠠ ᠳᠤᠷᠠᠳᠤᠨ ᠳᠠᠷᠠᠭ᠎ᠠ ᠨᠢ ᠠᠰᠠᠭᠤᠯᠳᠠ ᠪᠠᠨ ᠠᠰᠠᠭᠤᠪᠠᠯ ᠣᠯᠠᠩᠭᠢ ᠳᠤᠭᠠᠨ ᠤ ᠰᠤᠷᠤᠭᠴᠢᠳ ᠨᠠᠳᠠ ᠬᠠᠮᠢᠭ᠎ᠠ ᠦᠭᠡᠶ ᠭᠡᠷᠡᠭ᠌ ᠭᠡᠵᠤ ᠳᠤᠰ ᠠᠰᠠᠭᠤᠯᠳᠠ ᠶᠢ ᠪᠣᠳᠤᠯᠭᠢᠯᠠᠬᠤ ᠦᠭᠡᠶ ᠪᠠᠷ ᠦᠯᠦ ᠪᠠᠷᠠᠨ ᠬᠠᠷᠢᠭᠤᠯᠵᠤ ᠪᠠᠢ᠌ᠭ᠎ᠠ ᠰᠤᠷᠤᠭᠴᠢ ᠶᠢᠨ ᠬᠠᠷᠢᠭᠤᠯᠳᠠ ᠨᠢ ᠵᠦᠪ ᠡᠰᠡᠭᠦ ᠶᠢ ᠴᠤ ᠠᠩᠬᠠᠷᠠᠬᠤ ᠦᠭᠡᠶ ᠪᠣᠯᠤᠨ᠎ᠠ᠃ ᠢᠩᠭᠢᠵᠤ ᠠᠰᠠᠭᠤᠯᠳᠠ ᠠᠰᠠᠭᠤᠬᠤ ᠨᠢ ᠨᠢᠭᠡ ᠳᠤ ᠰᠤᠷᠤᠭᠴᠢᠳ ᠤᠨ ᠠᠩᠬᠠᠷᠤᠯ ᠢ ᠳᠦᠪᠯᠡᠷᠡᠭᠦᠯᠵᠤ ᠴᠢᠳᠠᠬᠤ ᠦᠭᠡᠶ᠃ ᠬᠤᠶᠠᠷ ᠲᠤ ᠭᠢᠴᠢᠶᠠᠯ ᠤᠨ ᠰᠠᠭᠢᠯᠭ᠎ᠠ ᠪᠠᠳᠤ ᠰᠤᠯᠠᠳᠠᠬᠤ ᠥᠵᠡᠭ᠍ᠳᠡᠯ ᠭᠠᠷᠤᠨ᠎ᠠ᠃ ᠡᠢ᠌ᠮᠤ ᠡᠴᠠ ᠪᠠᠭᠰᠢ ᠠᠰᠠᠭᠤᠯᠳᠠ ᠪᠠᠨ ᠣᠷᠢᠳᠠᠪᠠᠷ ᠠᠰᠠᠭᠤᠵᠤ ᠰᠤᠷᠤᠭᠴᠢᠳ ᠶᠢᠡᠷ ᠲᠦᠷ ᠪᠣᠳᠤᠯᠭᠢᠯᠠᠭᠤᠯᠤᠨ ᠰᠡᠳᠭᠢᠭᠦᠯᠦᠭ᠍ᠰᠡᠨ ᠤ ᠳᠠᠷᠠᠭ᠎ᠠ ᠬᠠᠷᠢᠭᠤᠯᠤᠭᠤᠯᠵᠤ᠂ ᠪᠣᠰᠤᠳ ᠰᠤᠷᠤᠭᠴᠢᠳ ᠢ ᠭᠦᠮᠤᠨ ᠤ ᠬᠠᠷᠢᠭᠤᠯᠬᠤ ᠶᠢ ᠰᠠᠢ᠌ᠳᠤᠷ ᠰᠤᠨᠤᠰᠤᠭᠤᠯᠬᠤ ᠪᠠᠷ ᠱᠠᠭᠠᠷᠳᠠᠪᠠᠯ ᠰᠤᠷᠤᠭᠴᠢᠳ ᠤᠨ ᠰᠡᠳᠭᠢᠭᠦ ᠢᠳᠠᠪᠭᠢᠵᠢᠯ ᠢ ᠪᠦᠷᠢᠨ ᠳᠠᠢ᠌ᠴᠢᠯᠠᠵᠤ᠂ ᠬᠠᠷᠢᠯᠴᠠᠨ ᠰᠤᠷᠤᠯᠴᠠᠬᠤ ᠭᠡᠪ ᠰᠤᠷᠳᠠᠯ ᠤᠨ ᠭᠦᠮᠦᠵᠢᠯ ᠣᠯᠭᠤᠬᠤ ᠤᠨ ᠬᠠᠮᠳᠤ ᠪᠦᠭᠦ ᠰᠤᠷᠤᠭᠴᠢ ᠶᠢᠨ ᠠᠩᠬᠠᠷᠤᠯ ᠢ ᠳᠤᠷᠠᠳᠤᠭᠰᠠᠨ ᠠᠰᠠᠭᠤᠯᠳᠠ ᠳᠤ ᠳᠦᠪᠯᠡᠷᠡᠭᠦᠯᠵᠤ ᠴᠢᠳᠠᠨ᠎ᠠ᠃

ᠠᠰᠠᠭᠤᠯᠳᠠ ᠠᠰᠠᠭᠤᠬᠤ ᠳᠠᠭᠠᠨ ᠵᠦᠪ ᠵᠢᠯᠤᠭᠤᠳᠬᠤ ᠦᠵᠡᠯ ᠰᠠᠨᠠᠭ᠎ᠠ ᠶᠢ ᠪᠠᠷᠢᠮᠳᠠᠯᠠᠬᠤ ᠡᠴᠠ ᠪᠢᠰᠢ ᠬᠠᠷᠢᠨ ᠠᠰᠠᠭᠤᠯᠳᠠ ᠪᠠᠷ ᠰᠤᠷᠤᠭᠴᠢ ᠶᠢ ᠭᠠᠴᠢᠭᠳᠠᠭᠤᠯᠬᠤ ᠪᠠᠷ ᠣᠷᠤᠯᠳᠤᠵᠤ ᠪᠣᠯᠬᠤ ᠦᠭᠡᠶ᠃ ᠵᠢᠱᠢᠶᠠᠯᠠᠪᠠᠯ ᠭᠢᠴᠢᠶᠠᠯ ᠳᠡᠭᠡᠷ᠎ᠡ ᠶᠠᠮᠠᠷ ᠨᠢᠭᠡᠨ ᠰᠤᠷᠤᠭᠴᠢ ᠶᠢᠨ ᠠᠩᠬᠠᠷᠤᠯ ᠳᠦᠪᠯᠡᠷᠡᠭᠦ ᠦᠭᠡᠶ ᠦᠶ᠎ᠡ ᠳᠤ ᠳᠡᠭᠦᠨ ᠢ ᠪᠣᠰᠬᠠᠨ ᠭᠦᠴᠢᠷ ᠰᠢᠭ᠌ ᠠᠰᠠᠭᠤᠯᠳᠠ ᠪᠠᠷ ᠭᠡᠨᠡᠳᠲᠡ ᠶᠢᠨ ᠳᠠᠭᠠᠷᠢᠯᠳᠠ ᠭᠢᠵᠤ ᠳᠡᠭᠦᠨ ᠤ ᠭᠢᠴᠢᠶᠠᠯ ᠳᠠᠢ᠌ᠯᠪᠣᠷᠢᠯᠠᠬᠤ ᠶᠢ ᠰᠤᠨᠤᠰᠬᠤ ᠦᠭᠡᠶ ᠪᠠᠢ᠌ᠳᠠᠯ ᠢ ᠥᠭᠡᠷᠡᠴᠢᠯᠡᠭᠦ ᠭᠡᠵᠤ ᠪᠣᠯᠬᠤ ᠦᠭᠡᠶ᠃ ᠬᠠᠷᠢᠨ ᠳᠡᠭᠦᠨ ᠳᠤ ᠵᠦᠪ ᠳᠠᠯ᠎ᠠ ᠶᠢᠨ ᠭᠦᠮᠦᠵᠢᠯ ᠭᠢᠵᠤ᠂ ᠭᠢᠴᠢᠶᠠᠯ ᠤᠨ ᠰᠠᠭᠢᠯᠭ᠎ᠠ ᠪᠠᠳᠤ ᠶᠢ ᠴᠢᠩᠭ᠋ᠠᠳᠬᠠᠬᠤ ᠭᠡᠷᠡᠭ᠍ᠳᠡᠢ᠃


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2775
ᠴᠠᠭ᠄ 2011 ᠤᠨ ᠤ 09 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ