☆ ᠬᠦᠬᠡᠳᠠᠪᠠᠯᠭᠠᠨ
ᠪᠠᠭᠰᠢ ᠶᠢᠨ ᠬᠠᠢ᠌ᠷ᠎ᠠ
ᠭᠦᠯ ᠳᠤ ᠣᠷᠤᠯ᠎ᠠ ᠭᠡᠵᠤ
ᠡᠵᠢ ᠮᠢᠨᠢ ᠪᠠᠶᠠᠰᠳᠠᠭ ᠪᠠᠢ᠌ᠭᠰᠠᠨ
ᠭᠡᠯᠡ ᠳᠤ ᠣᠷᠤᠯ᠎ᠠ ᠭᠡᠵᠤ
ᠪᠠᠭᠰᠢ ᠮᠢᠨᠢ ᠪᠠᠶᠠᠷᠯᠠᠳᠠᠭ ᠪᠠᠢ᠌ᠭᠰᠠᠨ
ᠭᠦᠮᠤᠨ ᠤ ᠵᠡᠷᠭᠡ ᠳᠤ ᠭᠦᠷᠦᠯ᠎ᠡ ᠭᠡᠵᠤ
ᠠᠪᠣ ᠮᠢᠨᠢ ᠪᠠᠶᠠᠰᠳᠠᠭ ᠪᠠᠢ᠌ᠭᠰᠠᠨ
ᠭᠡᠨ ᠡᠴᠠ ᠴᠤ ᠳᠤᠤᠷ᠎ᠠ ᠦᠭᠡᠶ ᠰᠤᠷᠤᠯ᠎ᠠ ᠭᠡᠵᠤ
ᠪᠠᠭᠰᠢ ᠮᠢᠨᠢ ᠪᠠᠶᠠᠷᠯᠠᠳᠠᠭ ᠪᠠᠢ᠌ᠭᠰᠠᠨ᠂
ᠳᠤᠭᠤᠯ ᠤᠨ ᠪᠠᠯᠴᠢᠭᠡᠷ ᠶᠢᠡᠨ ᠳᠤᠭᠤᠢ ᠡᠷᠭᠢᠳᠡᠭ᠌
ᠭᠡᠷ ᠤᠨ ᠰᠤᠷᠭᠠᠯ
ᠳᠠᠶᠠᠩ ᠳᠡᠯᠡᠭᠡᠢ ᠪᠠᠷ ᠴᠢᠯᠦᠭᠡ ᠲᠡᠶ ᠵᠤᠷᠴᠢᠬᠤ
ᠰᠤᠷᠭᠠᠭᠤᠯᠢ ᠶᠢᠨ ᠭᠦᠮᠦᠵᠢᠯ
ᠳᠤᠯᠭᠠᠭᠤᠷᠢ ᠪᠠᠭᠠᠨᠡ ᠪᠠᠶ᠎ᠠ ᠶᠢ ᠣᠯᠭᠤᠭᠰᠠᠨ
ᠪᠣᠶᠠᠠᠳᠤ ᠡᠵᠢ ᠠᠪᠣ
ᠳᠠᠮᠢᠷ ᠣᠬᠠᠭᠠᠨ ᠡᠷᠳᠡᠮ ᠰᠤᠶᠤᠷᠬᠠᠭᠰᠠᠨ
ᠠᠴᠢᠳᠤ ᠪᠠᠭᠰᠢ ᠨᠡᠷ᠂
ᠠᠭᠤᠯᠠ ᠶᠢᠨ ᠴᠢᠨᠡᠭᠡᠨ ᠪᠣᠯᠤᠯ᠎ᠠ ᠭᠡᠳ
ᠣᠭ ᠶᠢᠡᠨ ᠮᠠᠷᠳᠠᠬᠤ ᠶᠤᠰᠤ ᠥᠭᠡᠢ
ᠣᠰᠤᠨ ᠡᠴᠠ ᠭᠦᠨ ᠮᠠᠳᠠᠯ᠎ᠠ ᠭᠡᠳ
ᠪᠠᠭᠰᠢ ᠪᠠᠨ ᠬᠠᠶᠠᠬᠤ ᠶᠤᠰᠤ ᠥᠭᠡᠢ
ᠡᠭᠡ ᠡᠴᠢᠭᠡ ᠶᠢᠨ ᠬᠠᠢ᠌ᠷ᠎ᠠ ᠪᠠᠷ ᠢᠪᠢᠯᠦᠭ᠍ᠰᠡᠨ
ᠪᠠᠭᠰᠢ ᠶᠢᠨ ᠰᠤᠷᠭᠠᠯ
ᠡᠨᠡ ᠪᠠᠶ᠎ᠠ ᠶᠢ ᠡᠭᠦᠷᠢᠳᠡ ᠴᠢᠮᠡᠭᠡᠳ
ᠢᠳᠡᠭᠡᠯ ᠤᠨ ᠦᠨᠳᠦᠷ ᠲᠤ ᠭᠦᠷᠭᠡᠨᠡᠮ᠃
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤ
ᠵᠤᠬᠢᠶᠠᠭᠴᠢ᠄ ᠬᠦᠬᠡᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3002
ᠴᠠᠭ᠄ 2010 ᠤᠨ ᠤ 04 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ