ᠨᠡᠪᠲᠡᠷᠡᠨ ᠤᠷᠤᠬᠤ
ᠮᠤᠩᠭ᠋ᠤᠯ ᠶᠢᠡᠷ ᠰᠤᠷᠴᠤ ᠪᠠᠢ᠌ᠭ᠎ᠠ ᠬᠡᠦᠬᠡᠳ ᠪᠣᠶᠤ ᠮᠤᠩᠭ᠋ᠤᠯ ᠭᠢᠴᠢᠶᠠᠯ ᠤᠨ ᠪᠢᠴᠢᠭ᠌

ᠣᠳᠤ ᠶᠢᠨ ᠪᠠᠭ᠎ᠠ ᠰᠤᠷᠭᠠᠭᠤᠯᠢ ᠶᠢᠨ ᠬᠡᠦᠬᠡᠳ ᠶᠠᠭᠠᠭᠢᠭᠠᠤᠨ ᠮᠤᠩᠭ᠋ᠤᠯ ᠭᠡᠯᠡ ᠪᠠᠨ ᠰᠤᠷᠬᠤ ᠳᠤᠷ᠎ᠠ ᠦᠭᠡᠶ ᠪᠣᠯᠪᠠ ︖ ᠡᠭᠦᠨ ᠤ ᠭᠤᠤᠯ ᠰᠢᠯᠳᠠᠭᠠᠨ ᠨᠢ ᠬᠡᠦᠬᠡᠳ ᠤᠨ ᠭᠡᠯᠡᠨ ᠤ ᠣᠷᠴᠢᠨ ᠨᠠᠢ᠌ᠳᠠᠮ ᠳᠡᠭᠡᠨ ᠮᠠᠭᠤᠳᠠᠵᠤ ᠪᠠᠢ᠌ᠭ᠎ᠠ ᠳᠤ ᠪᠣᠢ᠃ ᠵᠢᠱᠢᠶᠠᠯᠠᠪᠠᠯ᠂ ᠪᠠᠭ᠎ᠠ ᠰᠤᠷᠭᠠᠭᠤᠯᠢ ᠶᠢᠨ ᠮᠤᠩᠭ᠋ᠤᠯ ᠭᠡᠯᠡᠨ ᠤ ᠭᠢᠴᠢᠶᠠᠯ ᠤᠨ ᠪᠢᠴᠢᠭ᠌ ᠳ᠋ᠠᠭᠢ 《ᠬᠠᠪᠣᠷ》 ᠭᠡᠭᠦ ᠭᠢᠴᠢᠶᠠᠯ ᠢ ᠪᠢ ᠨᠠᠶᠠᠭᠠᠤᠨ ᠣᠨ ᠤ ᠦᠶ᠎ᠡ ᠳᠤ ᠵᠢᠭᠠᠬᠤ ᠦᠶᠡᠰ ᠳᠤᠰ ᠭᠢᠴᠢᠶᠠᠯ ᠳᠤ 6 ᠊᠊᠊᠊᠊᠊᠊᠊᠊᠊᠊᠊᠊᠊᠊᠊᠊᠊᠊᠊᠊᠊᠊᠊ 7 ᠭᠦᠡᠳᠤ ᠥᠭᠡᠰ ᠪᠠᠢ᠌ᠯ᠎ᠠ᠂ ᠡᠢ᠌ᠮᠤ ᠮᠠᠶ‍ᠢᠭ ᠤᠨ ᠭᠢᠴᠢᠶᠠᠯ ᠢ ᠠᠷᠪᠠᠨ ᠵᠢᠯ ᠤᠨ ᠭᠢᠨᠢ ᠳᠠᠷᠠᠭ᠎ᠠ ᠵᠢᠭᠠᠬᠤ ᠦᠶᠡᠰ ᠬᠤᠷᠢᠭᠠᠤᠨ ᠭᠦᠡᠳᠤ ᠥᠭᠡᠰ ᠲᠡᠶ ᠪᠣᠯᠵᠤ᠂ ᠬᠤᠷᠢᠨ ᠵᠢᠯ ᠤᠨ ᠭᠢᠨᠢ ᠳᠠᠷᠠᠭ᠎ᠠ ᠵᠢᠭᠠᠬᠤ ᠦᠶᠡᠰ ᠭᠤᠴᠢᠭᠠᠤᠨ ᠭᠦᠡᠳᠤ ᠥᠭᠡᠰ ᠭᠠᠷᠴᠤ ᠪᠣᠢ᠃ ᠣᠴᠢᠷ ᠶᠠᠭᠠᠭᠢᠭᠠᠤᠨ ᠭᠡᠪᠠᠯ ᠬᠡᠦᠬᠡᠳ ᠤᠨ ᠭᠡᠯᠡᠨ ᠤ ᠣᠷᠴᠢᠨ ᠮᠠᠭᠤᠳᠠᠵᠤ ᠪᠣᠢ᠂ ᠬᠡᠦᠬᠡᠳ ᠤᠨ ᠭᠡᠷ ᠤᠨ ᠠᠬᠠᠮᠠᠤᠨ ᠲᠡᠶ ᠪᠠᠨ᠂ ᠨᠥᠭᠦᠤᠨ ᠵᠠᠭᠤᠷ᠎ᠠ ᠪᠠᠨ᠂ ᠪᠠᠭᠰᠢ ᠨᠡᠷ ᠲᠡᠶ ᠪᠠᠨ᠂ ᠨᠡᠢ᠌ᠭᠡᠮ ᠤᠨ ᠭᠦᠮᠤᠨ ᠲᠡᠶ ᠮᠤᠩᠭ᠋ᠤᠯ ᠭᠡᠯᠡ ᠪᠠᠷ ᠶᠢᠡᠨ ᠶᠠᠷᠢᠯᠴᠠᠬᠤ ᠨᠥᠭᠦᠴᠡᠯ ᠲᠤᠬᠢᠶᠠᠯ ᠠᠨᠠᠢ ᠪᠣᠯᠵᠤ ᠪᠠᠢ᠌ᠬᠤ ᠲᠡᠶ ᠬᠤᠯᠪᠣᠭᠳᠠᠨ᠎ᠠ᠃ ᠨᠢᠭᠡᠯᠡ ᠥᠭᠡ ᠪᠠᠷ ᠭᠡᠯᠡᠪᠠᠯ ᠥᠭᠡᠰ ᠤᠨ ᠭᠡᠷᠡᠭᠯᠡᠭᠡᠨ ᠤ ᠭᠡᠪᠴᠢᠶ᠎ᠡ ᠢᠪᠴᠤᠷᠠᠵᠤ ᠪᠠᠢ᠌ᠨ᠎ᠠ᠃ ᠡᠨᠠ ᠨᠢ ᠣᠯᠠᠨ ᠳᠠᠯ᠎ᠠ ᠶᠢᠨ ᠰᠢᠯᠳᠠᠭᠠᠨ ᠪᠣᠢ᠂ ᠨᠡᠢ᠌ᠭᠡᠮ ᠤᠨ ᠳᠠᠯ᠎ᠠ ᠶᠢᠨ ᠰᠢᠯᠳᠠᠭᠠᠨ ᠪᠣᠢ᠂ ᠴᠠᠭ ᠦᠶ᠎ᠡ ᠶᠢᠨ ᠳᠠᠯ᠎ᠠ ᠶᠢᠨ ᠰᠢᠯᠳᠠᠭᠠᠨ ᠴᠤ ᠪᠣᠢ᠂ ᠬᠤᠪᠢ ᠪᠠᠶ᠎ᠠ ᠶᠢᠨ ᠣᠴᠢᠷ ᠪᠣᠢ᠂ ᠡᠴᠢᠭᠡ ᠡᠭᠡ ᠨᠢ ᠰᠠᠨᠠᠭᠠᠴᠢᠯᠠᠭ᠎ᠠ ᠲᠡᠶ ᠪᠠᠷ ᠳᠠᠭᠠᠭᠤᠯᠵᠤ ᠭᠡᠯᠡᠭᠦ ᠦᠭᠡᠶ᠂ ᠪᠠᠭᠰᠢ ᠨᠡᠷ ᠵᠠᠷᠢᠮ ᠦᠶᠡᠰ ᠴᠢᠩᠭ᠎ᠠ ᠱᠠᠭᠠᠷᠳᠠᠯᠭ᠎ᠠ ᠳᠠᠯᠪᠢᠬᠤ ᠦᠭᠡᠶ᠂ ᠬᠡᠦᠬᠡᠳ ᠰᠠᠨᠠᠭᠠᠴᠢᠯᠠᠭ᠎ᠠ ᠲᠡᠶ ᠪᠠᠷ ᠭᠡᠯᠡᠭᠦ ᠦᠭᠡᠶ ᠵᠡᠷᠭᠡ ᠲᠡᠶ ᠴᠦᠮ ᠬᠤᠯᠪᠣᠭᠳᠠᠵᠤ ᠪᠣᠢ᠃

ᠮᠤᠩᠭ᠋ᠤᠯ ᠶᠢᠡᠷ ᠰᠤᠷᠴᠤ ᠪᠠᠢ᠌ᠭ᠎ᠠ ᠰᠤᠷᠭᠠᠭᠤᠯᠢ ᠶᠢᠨ ᠭᠢᠴᠢᠶᠠᠯ ᠤᠨ ᠪᠢᠴᠢᠭ᠌ ᠢ ᠶᠡᠭᠡ ᠳᠦᠷᠤᠯ ᠶᠢᠡᠷ ᠦᠵᠡᠪᠠᠯ᠂ ᠣᠳᠤᠬᠠᠨ ᠳᠤ ᠮᠤᠩᠭ᠋ᠤᠯ ᠭᠡᠯᠡ ᠪᠢᠴᠢᠭ᠌᠂ ᠭᠢᠳᠠᠤᠨ ᠭᠡᠯᠡ ᠪᠢᠴᠢᠭ᠌ ᠨᠢ ᠮᠠᠨ ᠤ ᠦᠪᠣᠷ ᠮᠤᠩᠭ᠋ᠤᠯ ᠤᠨ ᠥᠪᠠᠷᠳᠡᠭᠡᠨ ᠵᠠᠰᠬᠠᠤ ᠣᠷᠤᠨ ᠤ ᠦᠪᠡᠷ ᠶᠢᠡᠨ ᠨᠠᠢ᠌ᠷᠠᠭᠤᠯᠤᠭᠰᠠᠨ ᠭᠢᠴᠢᠶᠠᠯ ᠤᠨ ᠪᠢᠴᠢᠭ᠌᠂ ᠪᠣᠰᠤᠳ ᠨᠢ ᠪᠦᠷ ᠣᠷᠴᠢᠭᠤᠯᠭ᠎ᠠ ᠶᠢᠨ ᠭᠢᠴᠢᠶᠠᠯ ᠤᠨ ᠪᠢᠴᠢᠭ᠌ ᠪᠣᠯᠤᠨ᠎ᠠ᠃ ᠦᠪᠡᠷ ᠶᠢᠡᠨ ᠨᠠᠢ᠌ᠷᠠᠭᠤᠯᠤᠭᠰᠠᠨ ᠭᠢᠴᠢᠶᠠᠯ ᠤᠨ ᠪᠢᠴᠢᠭ᠌ ᠢ ᠬᠠᠷᠢᠴᠠᠩᠭ᠋ᠤᠢ ᠪᠠᠷ ᠦᠵᠡᠪᠠᠯ ᠠᠰᠠᠭᠤᠳᠠᠯ ᠨᠢ ᠴᠥᠭᠡᠨ᠃ ᠳᠤᠳᠠᠭᠳᠠᠯ ᠲᠡᠶ ᠳᠠᠯ᠎ᠠ ᠭᠡᠪᠠᠯ ᠰᠤᠩᠭ᠋ᠤᠵᠤ ᠣᠷᠤᠭᠤᠯᠤᠭᠰᠠᠨ ᠭᠢᠴᠢᠶᠠᠯ ᠨᠢ ᠣᠷᠳᠤ ᠰᠢᠭ᠂ ᠭᠢᠴᠢᠶᠠᠯ ᠤᠨ ᠠᠭᠤᠯᠭ᠎ᠠ ᠨᠢ ᠭᠦᠡᠳᠤ ᠰᠢᠭ᠌᠂ ᠰᠤᠷᠬᠤ ᠭᠢᠴᠢᠶᠠᠯ ᠠᠷᠪᠢᠨ᠃ ᠨᠢᠭᠡ ᠰᠤᠷᠤᠯᠭ᠎ᠠ ᠶᠢᠨ ᠬᠤᠭᠤᠴᠠᠭ᠎ᠠ ᠶᠢ 20 ᠭᠠᠷᠠᠭ ᠶᠢᠡᠷ ᠪᠣᠳᠤᠪᠠᠯ᠂ ᠬᠡᠦᠬᠡᠳ ᠤᠳ ᠪᠠᠭ᠎ᠠ ᠰᠤᠷᠭᠠᠭᠤᠯᠢ ᠳᠤ ᠭᠢᠴᠢᠶᠠᠯ ᠰᠤᠷᠬᠤ ᠴᠠᠭ ᠨᠢ ᠨᠢᠭᠡ ᠬᠤᠭᠤᠴᠠᠭᠠᠨ ᠳᠤ 16 ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ 18 ᠭᠠᠷᠠᠭ ᠪᠣᠯᠤᠨ᠎ᠠ᠃ ᠢᠩᠭᠢᠵᠤ ᠪᠣᠳᠤᠪᠠᠯ ᠨᠢᠭᠡ ᠭᠠᠷᠠᠭ ᠲᠤ 2 ᠊᠊᠊᠊᠊᠊᠊᠊᠊᠊᠊᠊᠊᠊᠊᠊᠊᠊᠊᠊᠊᠊᠊᠊᠊᠊᠊᠊ 3 ᠭᠢᠴᠢᠶᠠᠯ ᠵᠢᠭᠠᠵᠤ ᠪᠠᠷᠠᠭᠠᠬᠤ ᠭᠡᠷᠡᠭ᠍ᠳᠡᠢ᠃ ᠮᠤᠩᠭ᠋ᠤᠯ ᠭᠢᠴᠢᠶᠠᠯ ᠤᠨ ᠪᠢᠴᠢᠭ᠌ ᠤᠨ ᠠᠭᠤᠯᠭ᠎ᠠ ᠭᠦᠡᠳᠦᠳᠡᠵᠤ᠂ ᠭᠢᠴᠢᠶᠠᠯ ᠤᠨ ᠳᠤᠭ᠎ᠠ ᠣᠯᠠᠳᠠᠵᠤ᠂ ᠭᠢᠴᠢᠶᠠᠯ ᠳᠡᠩᠳᠡᠭᠦᠤ ᠣᠷᠳᠤ ᠪᠦᠭᠡᠳ ᠭᠦᠡᠳᠤ ᠪᠣᠯᠤᠭᠰᠠᠨ ᠡᠴᠡ ᠭᠢᠴᠢᠶᠠᠯ ᠶᠢᠡᠨ ᠳᠤᠭᠳᠠᠭᠰᠠᠨ ᠬᠤᠭᠤᠴᠠᠭᠠᠨ ᠳᠠᠭᠠᠨ ᠴᠢᠨᠠᠷᠯᠢᠭ ᠵᠢᠭᠠᠵᠤ ᠪᠠᠷᠠᠭᠠᠬᠤ ᠳᠤ ᠭᠦᠴᠢᠷ᠂ ᠡᠨᠠ ᠨᠢ ᠮᠠᠨ ᠤ ᠵᠢᠭᠠᠨ ᠰᠤᠷᠭᠠᠯᠳᠠ᠂ ᠬᠡᠦᠬᠡᠳ ᠤᠨ ᠰᠤᠷᠤᠯᠭ᠎ᠠ ᠶᠢᠨ ᠭᠢᠷᠢ ᠪᠦᠳᠦᠮᠵᠢ ᠶᠢ ᠨᠥᠯᠦᠭᠡᠯᠡᠵᠤ ᠪᠠᠢ᠌ᠨ᠎ᠠ᠃

ᠮᠤᠩᠭ᠋ᠤᠯ ᠶᠢᠡᠷ ᠰᠤᠷᠴᠤ ᠪᠠᠢ᠌ᠭ᠎ᠠ ᠭᠢᠴᠢᠶᠠᠯ ᠤᠨ ᠪᠢᠴᠢᠭ᠌ ᠲᠤ ᠣᠷᠤᠰᠢᠵᠤ ᠪᠠᠢ᠌ᠭ᠎ᠠ ᠭᠤᠤᠯ ᠠᠰᠠᠭᠤᠳᠠᠯ ᠨᠢ ᠣᠷᠴᠢᠭᠤᠯᠭ᠎ᠠ ᠶᠢᠨ ᠭᠢᠴᠢᠶᠠᠯ ᠤᠨ ᠪᠢᠴᠢᠭ᠌ ᠳᠡᠭᠡᠷ᠎ᠡ ᠲᠦᠪᠯᠡᠷᠠᠵᠤ ᠪᠣᠢ᠃ ᠣᠷᠴᠢᠭᠤᠯᠬᠤ ᠳᠤ ᠠᠭᠤᠯᠭ᠎ᠠ ᠶᠢ ᠵᠦᠪ ᠣᠷᠴᠢᠭᠤᠯᠬᠤ᠂ ᠥᠭᠡ ᠭᠡᠯᠡ ᠶᠢ ᠵᠦᠪ ᠣᠷᠴᠢᠭᠤᠯᠬᠤ ᠵᠡᠷᠭᠡ ᠭᠡᠳᠤᠨ ᠵᠣᠢ᠌ᠯ ᠢ ᠱᠠᠭᠠᠷᠳᠠᠨ᠎ᠠ᠃ ᠭᠡᠭᠦ ᠳᠤ ᠣᠳᠤ ᠭᠦᠮᠤᠨ ᠤ ᠠᠭᠤᠯᠭ᠎ᠠ ᠶᠢ ᠪᠣᠷᠤᠭᠤ ᠣᠷᠴᠢᠭᠤᠯᠬᠤ᠂ ᠥᠭᠡ ᠭᠡᠯᠡ ᠪᠠᠨ ᠣᠨᠤᠪᠴᠢᠳᠠᠢ ᠵᠠᠷᠤᠵᠤ ᠴᠢᠳᠠᠬᠤ ᠦᠭᠡᠶ᠂ ᠥᠭᠡ ᠭᠡᠯᠡ ᠪᠠᠶᠠᠯᠢᠭ ᠪᠢᠰᠢ ᠥᠭᠦᠮᠡᠯ ᠵᠡᠷᠭᠡ ᠪᠠᠢ᠌ᠳᠠᠯ ᠭᠠᠷᠴᠤ ᠪᠣᠢ᠃ ᠳᠤᠭᠠᠨ ᠤ ᠣᠬᠠᠭᠠᠨ᠂ ᠭᠢᠮᠢ᠂ ᠪᠠᠢ᠌ᠭᠠᠯᠢ᠂ ᠳᠠᠭᠤᠤ ᠭᠦᠭ᠍ᠵᠢᠮ᠂ ᠵᠢᠷᠤᠭ ᠵᠡᠷᠭᠡ ᠡᠯ᠎ᠡ ᠭᠢᠴᠢᠶᠠᠯ ᠳᠤ ᠴᠦᠮ ᠡᠳᠤᠢ ᠳᠠᠳᠤᠢ ᠠᠰᠠᠭᠤᠳᠠᠯ ᠣᠷᠤᠰᠢᠵᠤ ᠪᠣᠢ᠃ ᠳᠤᠭᠠᠨ ᠤ ᠣᠬᠠᠭᠠᠨ ᠤ ᠬᠠᠮᠢᠶ᠎ᠠ ᠲᠡᠶ ᠭᠢᠴᠢᠶᠠᠯ ᠤᠨ ᠪᠢᠴᠢᠭ᠌ ᠢ ᠡᠷᠭᠢᠭᠦᠯᠵᠤ ᠰᠠᠭᠤᠬᠤ ᠪᠣᠶᠤ ᠳᠤᠭᠠᠨ ᠤ ᠣᠬᠠᠭᠠᠨ ᠤ ᠭᠢᠴᠢᠶᠡᠯᠯᠡᠭᠡ ᠶᠢ ᠰᠤᠨᠤᠰᠴᠤ ᠰᠠᠭᠤᠬᠤ ᠳᠤ᠂ ᠡᠪ ᠳᠤᠭᠢᠷᠠᠮᠵᠢ ᠦᠭᠡᠶ᠂ ᠡᠮᠵᠡᠭ᠌ ᠬᠠᠯᠠᠭᠤ ᠭᠡᠯᠡᠯᠭᠡ ᠵᠥᠩᠳᠡᠭᠡᠨ ᠲᠤᠬᠢᠶᠠᠯᠳᠤᠳᠠᠭ᠃ ᠵᠢᠱᠢᠶᠠᠯᠠᠪᠠᠯ᠂ ᠳᠤᠭᠠᠨ ᠤ ᠳᠤᠭᠠᠯᠠᠯᠭ᠎ᠠ ᠶᠢᠨ ᠣᠷᠤᠨ ᠳ᠋ᠠᠭᠢ 《ᠨᠢᠭᠡᠳᠤ ᠶᠢᠨ ᠣᠷᠤᠨ》 ᠊ᠢ 《ᠨᠢᠭᠡᠴᠢ ᠶᠢᠨ ᠣᠷᠤᠨ》᠂ 《ᠨᠢᠭᠡ ᠶᠢᠨ ᠣᠷᠤᠨ》 ᠭᠡᠭᠦ 《ᠭᠡᠢ᠌ᠳᠤ ᠪᠦᠮᠪᠦᠭᠡ》 ᠶ᠋ᠢ 《ᠭᠡᠢ ᠪᠦᠮᠪᠦᠭᠡ》 ᠭᠡᠭᠦ ᠵᠤᠭᠤᠰᠤᠨ ᠤ ᠨᠢᠭᠡᠴᠢ ᠳ᠋ᠠᠭᠢ 《ᠮᠦᠩᠭᠦ》 ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ 《ᠠᠷᠪᠠᠨ ᠮᠦᠩᠭᠦ᠂ ᠬᠤᠷᠢᠨ ᠮᠦᠩᠭᠦ ᠁》 ᠶ᠋ᠢ 《ᠵᠢᠶᠤᠤ》 ᠊᠊᠊᠊᠊᠊᠊᠊᠊᠊᠊᠊᠊᠊᠊᠊᠊᠊᠊᠊᠊᠊᠊᠊᠊᠊᠊᠊ 《ᠨᠢᠭᠡ ᠵᠢᠶᠤᠤ᠂ ᠬᠤᠶᠠᠷ ᠵᠢᠶᠤᠤ ᠁》 ᠭᠡᠭᠦ ᠵᠥᠭ᠌ ᠴᠢᠭᠯᠡᠯ ᠳ᠋ᠠᠭᠢ 《ᠳᠤᠷᠤᠨᠠᠰᠢ》 ᠪᠣᠶᠤ 《ᠳᠤᠷᠤᠨ᠎ᠠ ᠵᠥᠭ᠌ (东方)》᠂ 《ᠦᠷᠤᠨᠠᠰᠢ》 ᠪᠣᠶᠤ 《ᠦᠷᠤᠨ᠎ᠠ ᠵᠥᠭ᠌ (ᠦᠷᠤᠨᠠᠳᠠᠭᠢᠨ) (西方)》 ᠊ᠢ 《ᠵᠡᠭᠦᠨ ᠵᠥᠭ᠌》᠂ 《ᠪᠠᠷᠠᠭᠤᠨ ᠵᠥᠭ᠌》 ᠭᠡᠭᠦ 《ᠳᠡᠪᠠᠭ᠌ ᠢᠰᠭᠦᠯᠭᠦ》 ᠶ᠋ᠢ 《ᠳᠡᠪᠠᠭ᠌ ᠬᠠᠶᠠᠵᠤ ᠨᠠᠭᠠᠳᠬᠤ》 ᠭᠡᠭᠦ 《ᠳᠠᠯᠬ᠎ᠠ ᠳᠤᠭᠠᠯᠠᠬᠤ》 ᠶ᠋ᠢ 《ᠮᠢᠶᠠᠠᠪᠣᠤ ᠳᠤᠭᠠᠯᠠᠬᠤ》 ᠭᠡᠭᠦ (ᠪᠠᠭ᠎ᠠ ᠰᠤᠷᠭᠠᠭᠤᠯᠢ ᠶᠢᠨ ᠳᠤᠭᠠᠨ ᠤ ᠣᠬᠠᠭᠠᠨ ᠤ ᠭᠤᠷᠪᠠᠳᠤᠭᠠᠷ ᠳᠠᠪᠳᠠᠷ ᠤᠨ ᠨᠢᠭᠡᠳᠦᠭᠡᠷ ᠭᠢᠴᠢᠶᠠᠯ ᠤᠨ ᠨᠢᠭᠡᠳᠦᠭᠡᠷ ᠴᠠᠭ ᠤᠨ ᠠᠭᠤᠯᠭ᠎ᠠ)᠃ ᠠᠳᠠ ᠪᠢᠳᠠ ᠥᠭᠡᠷ᠎ᠡ ᠶᠢ ᠶᠠᠷᠢᠬᠤ ᠦᠭᠡᠶ᠃ ᠳᠡᠭᠡᠷ᠎ᠡ ᠶᠠᠷᠢᠭᠰᠠᠨ ᠳᠤᠭᠠᠨ ᠤ ᠣᠬᠠᠭᠠᠨ ᠤ ᠨᠤᠮ ᠳᠠᠪᠳᠠᠷ ᠪᠣᠶᠤ ᠭᠢᠴᠢᠶᠡᠯᠯᠡᠭᠡ ᠳ᠋ᠠᠭᠢ ᠭᠡᠰᠡᠭ᠌ ᠡᠮᠵᠡᠭ᠌ ᠬᠠᠯᠠᠭᠤ ᠭᠡᠯᠡᠯᠭᠡ ᠶᠢᠨ ᠡᠭᠦᠰᠦᠭ᠍ᠰᠡᠨ ᠤ ᠭᠤᠤᠯ ᠰᠢᠯᠳᠠᠭᠠᠨ ᠨᠢ᠄ ᠨᠢᠭᠡ ᠳᠤ᠂ ᠣᠷᠴᠢᠭᠤᠯᠭ᠎ᠠ ᠶᠢᠨ ᠠᠯᠳᠠᠭ᠎ᠠ᠃ ᠣᠯᠳᠤᠢ ᠣᠷᠴᠢᠭᠤᠯᠭ᠎ᠠ᠂ ᠣᠨᠤᠪᠴᠢ ᠦᠭᠡᠶ ᠨᠡᠷᠡᠢ᠌ᠳᠦᠯᠭᠡ ᠭᠡᠯᠡᠯᠭᠡ ᠡᠴᠡ ᠢᠷᠡᠭ᠍ᠰᠡᠨ ᠠᠯᠳᠠᠭ᠎ᠠ᠃ ᠬᠤᠶᠠᠷ ᠲᠤ᠂ ᠳᠤᠭᠠᠨ ᠤ ᠣᠬᠠᠭᠠᠨ ᠢ ᠰᠤᠳᠤᠯᠵᠤ ᠰᠢᠡᠵᠢᠯᠡᠳᠡᠭ᠌ ᠭᠦᠮᠦᠰ ᠪᠣᠶᠤ ᠵᠢᠭᠠᠨ ᠰᠤᠷᠭᠠᠯᠳᠠ (ᠳᠤᠭᠠᠨ ᠤ ᠣᠬᠠᠭᠠᠨ ᠴᠤ ᠪᠠᠭᠳᠠᠨ᠎ᠠ) ᠶ᠋ᠢ ᠭᠤᠤᠯᠯᠠᠨ ᠬᠠᠮᠢᠶᠠᠷᠴᠤ ᠪᠠᠢ᠌ᠭ᠎ᠠ ᠣᠳᠤᠷᠢᠳᠤᠯᠭ᠎ᠠ ᠵᠡᠷᠭᠡ ᠡᠴᠡ ᠳᠤᠭᠠᠨ ᠤ ᠣᠬᠠᠭᠠᠨ ᠤ ᠵᠢᠭᠠᠨ ᠰᠤᠷᠭᠠᠯᠳᠠ ᠶᠢᠨ ᠰᠤᠳᠤᠯᠭᠠᠨ ᠢ ᠴᠢᠩᠭ᠎ᠠ ᠠᠳᠬᠤᠵᠤ ᠬᠠᠮᠢᠶᠠᠷᠬᠤ ᠦᠭᠡᠶ᠂ ᠭᠦᠡᠵᠡᠭᠡᠢ ᠨᠢᠭᠳᠠᠯᠠᠵᠤ ᠰᠤᠳᠤᠯᠬᠤ ᠦᠭᠡᠶ ᠠᠯᠳᠠᠭ᠎ᠠ ᠣᠨᠤᠭ᠎ᠠ ᠲᠡᠶ ᠳᠠᠯ᠎ᠠ ᠶᠢ ᠨᠢ ᠢᠯᠭᠠᠵᠤ ᠰᠠᠯᠭᠠᠵᠤ᠂ ᠵᠠᠳᠠᠯᠵᠤ ᠬᠤᠷᠢᠶᠠᠩᠭ᠋ᠣᠢ᠌ᠯᠠᠵᠤ᠂ ᠵᠢᠭᠠᠵᠤ ᠳᠤᠭᠢᠵᠤ ᠥᠭ᠍ᠴᠤ ᠴᠢᠳᠠᠬᠤ ᠦᠭᠡᠶ ᠵᠡᠷᠭᠡ ᠲᠡᠶ ᠴᠤ ᠰᠢᠭᠤᠳ ᠬᠤᠯᠪᠣᠭᠳᠠᠯ ᠲᠡᠶ ᠪᠠᠢ᠌ᠭ᠎ᠠ ᠶᠤᠮ᠃

ᠲ᠋ᠡᠭᠡᠪᠠᠯ ᠭᠢᠴᠢᠶᠠᠯ ᠤᠨ ᠪᠢᠴᠢᠭ᠌ ᠤᠨ ᠠᠯᠳᠠᠭ᠎ᠠ ᠭᠡᠨ ᠤ ᠠᠯᠳᠠᠭ᠎ᠠ ᠪᠣᠢ ︖ ᠡᠨᠠ ᠠᠯᠳᠠᠭ᠎ᠠ ᠶᠠᠭᠠᠭᠢᠭᠠᠤᠨ ᠭᠠᠷᠴᠤ ᠪᠠᠢ᠌ᠬᠤ ᠪᠣᠢ ︖ ᠡᠨᠠ ᠠᠯᠳᠠᠭ᠎ᠠ ᠶᠢ ᠶᠠᠭᠠᠭᠢᠵᠤ ᠰᠢ᠌ᠳᠪᠦᠷᠢᠯᠡᠭᠦ ᠪᠣᠢ ︖ ᠨᠢᠭᠡ ᠳᠤ᠂ ᠵᠤᠬᠢᠶᠠᠭᠴᠢ ᠶᠢᠨ ᠠᠯᠳᠠᠭ᠎ᠠ᠃ ᠬᠤᠶᠠᠷ ᠲᠤ᠂ ᠭᠢᠨᠠᠭᠰᠠᠨ ᠭᠦᠮᠤᠨ ᠤ ᠠᠯᠳᠠᠭ᠎ᠠ᠃ ᠭᠤᠷᠪᠠ ᠳᠤ᠂ ᠬᠠᠷᠢᠭᠤᠴᠠᠭᠰᠠᠨ ᠨᠠᠢ᠌ᠷᠠᠭᠤᠯᠤᠭᠴᠢ ᠶᠢᠨ ᠠᠯᠳᠠᠭ᠎ᠠ᠃ ᠳᠦᠷᠪᠠ ᠳᠤ᠂ ᠣᠳᠤᠷᠢᠳᠤᠯᠭ᠎ᠠ ᠶᠢᠨ ᠠᠯᠳᠠᠭ᠎ᠠ ᠪᠣᠯᠤᠨ᠎ᠠ᠃ ᠶᠠᠭᠠᠭᠢᠵᠤ ᠭᠢᠪᠠᠯ ᠡᠳᠡᠭᠡᠷ ᠠᠯᠳᠠᠭ᠎ᠠ ᠶᠢ ᠭᠠᠷᠭᠠᠬᠤ ᠦᠭᠡᠶ ᠪᠠᠢ᠌ᠵᠤ ᠴᠢᠳᠠᠬᠤ ᠪᠣᠢ ︖ ᠭᠡᠪᠠᠯ ᠬᠠᠷᠢᠭᠤᠴᠠᠯᠭ᠎ᠠ ᠳᠤᠳᠤᠷᠬᠠᠢ ᠪᠠᠢ᠌ᠬᠤ ᠭᠡᠷᠡᠭ᠍ᠳᠡᠢ᠃ ᠭᠢᠴᠢᠶᠠᠯ ᠤᠨ ᠪᠢᠴᠢᠭ᠌ ᠢ ᠠᠩᠬ᠎ᠠ ᠪᠢᠴᠢᠵᠤ ᠵᠤᠬᠢᠶᠠᠬᠤ ᠣᠷᠴᠢᠭᠤᠯᠬᠤ ᠭᠦᠮᠦᠰ ᠡᠭᠢᠯᠡᠭᠡᠳ ᠭᠢᠭᠦ ᠦᠶᠡᠰ ᠴᠢᠨᠠᠷᠯᠢᠭ ᠰᠠᠢ᠌ᠨ ᠭᠢᠭᠦ ᠭᠡᠷᠡᠭ᠍ᠳᠡᠢ᠂ ᠶᠠᠮᠠᠷᠴᠤ ᠥᠰᠦᠭ᠌ ᠤᠨ ᠠᠯᠳᠠᠭ᠎ᠠ᠂ ᠥᠭᠡ ᠥᠭᠦᠯᠡᠪᠦᠷᠢ ᠶᠢᠨ ᠠᠯᠳᠠᠭ᠎ᠠ᠂ ᠣᠤᠠᠬ᠎ᠠ ᠶᠢᠨ ᠠᠯᠳᠠᠭ᠎ᠠ ᠭᠠᠷᠭᠠᠬᠤ ᠦᠭᠡᠶ ᠪᠠᠷ ᠴᠢᠷᠮᠠᠢ᠌ᠬᠤ ᠭᠡᠷᠡᠭ᠍ᠳᠡᠢ᠃ ᠵᠤᠬᠢᠶᠠᠭᠴᠢ ᠨᠢ ᠡᠷᠭᠡᠪᠰᠢ ᠣᠯᠠᠨ ᠳᠠᠯ᠎ᠠ ᠳᠤ ᠴᠠᠭᠠᠷᠠᠭᠰᠠᠨ ᠭᠦᠮᠤᠨ ᠪᠠᠢ᠌ᠬᠤ ᠭᠡᠷᠡᠭ᠍ᠳᠡᠢ᠃ ᠭᠢᠨᠠᠵᠤ ᠥᠵᠡᠭᠦ ᠭᠦᠮᠤᠨ ᠪᠣᠰᠤᠳ ᠤᠨ ᠵᠤᠬᠢᠶᠠᠯ ᠳᠤ ᠬᠠᠷᠢᠭᠤᠴᠠᠯᠭ᠎ᠠ ᠲᠡᠶ ᠣᠷᠤᠬᠤ ᠭᠡᠷᠡᠭ᠍ᠳᠡᠢ᠂ ᠡᠭᠢᠨ ᠡᠴᠡ ᠨᠢ ᠠᠳᠠᠭ ᠳᠤᠨᠢ ᠳᠤᠯᠳᠠᠯ᠎ᠠ ᠨᠢᠭᠡ ᠥᠰᠦᠭ᠌᠂ ᠨᠢᠭᠡ ᠴᠡᠭ᠌ ᠳᠡᠮᠳᠡᠭ᠌᠂ ᠨᠢᠭᠡ ᠣᠯᠠᠭᠠᠨ ᠮᠦᠷ᠂ ᠵᠠᠢ᠂ ᠪᠠᠭᠳᠠᠭᠠᠮᠵᠢ᠂ ᠪᠠᠢ᠌ᠷᠢᠰᠢᠯ ᠪᠦᠷᠢ ᠶᠢ ᠰᠠᠢ᠌ᠬᠠᠨ ᠦᠵᠡᠵᠤ ᠦᠭ‍ᠭᠦ ᠭᠡᠷᠡᠭ᠍ᠳᠡᠢ᠂ ᠰᠤᠷᠬᠤ ᠪᠢᠴᠢᠭ᠌ ᠭᠢᠨᠠᠬᠤ ᠭᠦᠮᠤᠨ ᠢ ᠰᠤᠩᠭ᠋ᠤᠬᠤ ᠳᠤ ᠨᠠᠢ᠌ᠷᠠᠭᠤᠯᠤᠭᠴᠢ ᠶᠢ ᠰᠤᠩᠭ᠋ᠤᠬᠤ ᠲᠡᠶ ᠠᠳᠠᠯᠢ ᠪᠠᠷ ᠡᠷᠭᠡᠪᠰᠢ ᠣᠯᠠᠨ ᠳᠠᠯ᠎ᠠ ᠳᠤ ᠮᠡᠷᠭᠡᠰᠢᠭ᠍ᠰᠡᠨ᠂ ᠳᠤᠷᠰᠢᠯᠭ᠎ᠠ ᠲᠡᠶ᠂ ᠣᠴᠢᠷ ᠶᠠᠪᠣᠳᠠᠯ ᠢ ᠦᠨᠡᠨ ᠮᠦᠨ ᠶᠢᠡᠷ ᠨᠢ ᠳᠤᠰᠬᠠᠵᠤ᠂ ᠦᠨᠡᠨ ᠮᠦᠨ ᠶᠢᠡᠷ ᠨᠢ ᠢᠯᠡᠷᠡᠭᠦᠯᠵᠤ ᠴᠢᠳᠠᠳᠠᠭ᠂ ᠣᠷᠤᠰᠢᠵᠤ ᠪᠠᠢ᠌ᠭ᠎ᠠ ᠠᠰᠠᠭᠤᠳᠠᠯ ᠢ ᠡᠷᠢᠵᠤ ᠣᠯᠳᠠᠭ ᠭᠦᠮᠤᠨ ᠢ ᠰᠤᠩᠭ᠋ᠤᠬᠤ ᠭᠡᠷᠡᠭ᠍ᠳᠡᠢ᠃ ᠭᠡᠷᠪᠡ ᠮᠠᠨᠤᠰ ᠡᠳᠡᠭᠡᠷ ᠢ ᠰᠠᠢ᠌ᠬᠠᠨ ᠭᠢᠵᠤ ᠴᠢᠳᠠᠪᠠᠯ ᠭᠢᠴᠢᠶᠠᠯ ᠤᠨ ᠪᠢᠴᠢᠭ᠌ ᠲᠤ ᠠᠯᠳᠠᠭ᠎ᠠ ᠭᠠᠷᠬᠤ ᠶᠤᠰᠤ ᠪᠠᠢ᠌ᠬᠤ ᠦᠭᠡᠶ᠃


* 《ᠦᠪᠣᠷ ᠮᠤᠩᠭ᠋ᠤᠯ ᠤᠨ ᠡᠳᠦᠷ ᠤᠨ ᠰᠤᠨᠢᠨ》 ᠊ᠤ 2011.07.05 ᠊ᠤ ᠭᠡᠪᠯᠡᠯ ᠳᠤ ᠨᠡᠢ᠌ᠳᠡᠯᠡᠭ᠍ᠳᠡᠭ᠍ᠰᠡᠨ ᠵᠤᠬᠢᠶᠠᠯ᠃ ᠡ᠊ᠨᠳᠡ ᠨᠡᠢ᠌ᠳᠡᠯᠡᠭᠦ ᠳᠡᠭᠡᠨ᠂ ᠵᠤᠬᠢᠶᠠᠭᠴᠢ ᠡᠴᠡ ᠭᠠᠷᠴᠠᠭ ᠢ ᠰᠤᠯᠢᠪᠠ᠃ ᠣᠤᠯ ᠭᠠᠷᠴᠠᠭ ᠨᠢ 《ᠬᠡᠦᠬᠡᠳ ᠤᠨ ᠡᠭᠡ ᠭᠡᠯᠡᠨ ᠤ ᠣᠷᠴᠢᠨ ᠢᠪᠴᠠᠤᠷᠠᠪᠠ》 ᠭᠡᠭᠦ ᠭᠠᠷᠴᠠᠭ ᠶᠤᠮ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3864
ᠴᠠᠭ᠄ 2011 ᠤᠨ ᠤ 09 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ