☆ ᠪᠣᠷᠵᠢᠭᠢᠨ ᠷᠢᠠᠴᠢᠨ
ᠠᠷᠪᠠᠨ ᠭᠤᠷᠪᠠᠳᠤᠭᠠᠷ ᠵᠠᠭᠤᠨ
ᠠᠷᠪᠠᠨ ᠭᠤᠷᠪᠠᠳᠤᠭᠠᠷ ᠵᠠᠭᠤᠨ ᠭᠡᠵᠤ
ᠮᠤᠩᠭ᠋ᠤᠯ ᠵᠠᠭᠤᠨ ᠪᠣᠯᠵᠤ ᠬᠠᠷᠠᠭᠳᠠᠨ᠎ᠠ
ᠮᠤᠩᠭ᠋ᠤᠯ ᠤᠨ ᠵᠠᠭᠤᠨ ᠪᠣᠯᠵᠤ ᠶᠠᠷᠢᠭᠳᠠᠨ᠎ᠠ
ᠠᠳᠤᠭᠤᠨ ᠳᠦᠪᠠᠷᠭᠡᠨ ᠨᠢ ᠤᠢ᠌ᠷᠠᠳᠤᠵᠤ ᠬᠤᠯᠠᠳᠠᠨ᠎ᠠ
ᠠᠬᠠᠷ ᠰᠠᠯᠠᠮ᠎ᠠ ᠨᠢ ᠭᠢᠯᠠᠯᠵᠠᠵᠤ ᠭᠡᠷᠡᠯᠳᠤᠨᠡ
ᠠᠷᠪᠠᠨ ᠭᠤᠷᠪᠠᠳᠤᠭᠠᠷ ᠵᠠᠭᠤᠨ ᠭᠡᠵᠤ
ᠮᠤᠷᠢᠳᠠᠢ ᠭᠦᠮᠤᠨ ᠪᠣᠯᠵᠤ ᠬᠠᠷᠠᠭᠳᠠᠨ᠎ᠠ
ᠮᠤᠷᠢᠨ ᠳᠡᠭᠡᠷᠡᠭᠢ ᠳᠡᠯᠡᠭᠡᠢ ᠪᠣᠯᠵᠤ ᠶᠠᠷᠢᠭᠳᠠᠨ᠎ᠠ
ᠮᠤᠩᠭ᠋ᠤᠯ ᠳᠠᠢ᠌ᠨ ᠪᠣᠯᠵᠤ ᠪᠢᠴᠢᠭ᠍ᠳᠡᠨ᠎ᠡ
ᠮᠤᠩᠭ᠋ᠤᠯ ᠳᠤᠲ᠋ᠸᠮ ᠪᠣᠯᠵᠤ ᠰᠢᠳᠦᠭ᠍ᠳᠡᠨᠡ
ᠠᠷᠪᠠᠨ ᠭᠤᠷᠪᠠᠳᠤᠭᠠᠷ ᠵᠠᠭᠤᠨ ᠭᠡᠵᠤ
ᠠᠭᠤᠳᠠᠮ ᠮᠤᠩᠭ᠋ᠤᠯ ᠪᠣᠯᠵᠤ ᠬᠠᠷᠠᠭᠳᠠᠨ᠎ᠠ
ᠠᠭᠤᠯᠠ ᠣᠰᠤ ᠨᠢ ᠮᠤᠩᠭ᠋ᠤᠯ ᠤᠨ ᠪᠣᠯᠵᠤ ᠶᠠᠷᠢᠭᠳᠠᠨ᠎ᠠ
ᠣᠤᠭᠤᠭᠰᠠᠨ ᠰᠠᠷᠬᠤᠤᠨ ᠨᠢ ᠳᠠᠮᠢᠷ ᠪᠣᠯᠵᠤ ᠡᠷᠴᠢᠯᠡᠭ᠍ᠳᠡᠨᠡ
ᠣᠴᠠᠷᠠᠭᠰᠠᠨ ᠭᠡᠦᠭᠡᠨ ᠨᠢ ᠣᠬᠠᠭᠠᠨ ᠪᠣᠯᠵᠤ ᠳᠠᠨᠢᠭᠳᠠᠨ᠎ᠠ
ᠠᠷᠪᠠᠨ ᠭᠤᠷᠪᠠᠳᠤᠭᠠᠷ ᠵᠠᠭᠤᠨ ᠭᠡᠵᠤ
ᠳᠡᠦᠭᠡ ᠶᠢᠨ ᠵᠠᠭᠤᠨ ᠪᠣᠯᠵᠤ ᠬᠠᠷᠠᠭᠳᠠᠨ᠎ᠠ
ᠳᠠᠮᠤᠵᠢᠨ ᠤ ᠵᠠᠭᠤᠨ ᠪᠣᠯᠵᠤ ᠶᠠᠷᠢᠭᠳᠠᠨ᠎ᠠ
ᠳᠦᠷᠦᠭᠡᠨ ᠳᠡᠭᠡᠷᠡᠭᠢ ᠳᠤᠤᠯᠢ ᠪᠣᠯᠵᠤ ᠪᠢᠴᠢᠭ᠍ᠳᠡᠨ᠎ᠡ
ᠳᠦᠭᠦᠮ ᠦᠭᠡᠶ ᠪᠠᠳᠤᠶᠤᠰᠤ ᠪᠣᠯᠵᠤ ᠬᠤᠴᠤᠷᠤᠨ᠎ᠠ ᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2012 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ