ᠨᠡᠪᠲᠡᠷᠡᠨ ᠤᠷᠤᠬᠤ
ᠥᠭᠡᠯᠡᠳ ᠤᠨ ᠡᠰᠡᠨ ᠬᠠᠭᠠᠨ ᠪᠤᠯᠤᠨ ᠲᠦ ᠮᠦ ᠶᠢᠨ ᠬᠡᠷᠡᠭ ᠬᠤᠪᠢᠰᠤᠯ

《1368 ᠣᠨ ᠳᠤ ᠮᠤᠩᠭ᠋ᠤᠯ ᠤᠨ ᠶᠡᠭᠡ ᠶᠤᠸᠠᠨ ᠣᠯᠤᠰ ᠮᠢᠩ ᠣᠯᠤᠰ ᠲᠤ ᠮᠥᠭᠦᠭᠡᠭ᠍ᠳᠡᠭ᠍ᠰᠡᠨ ᠤ ᠳᠠᠷᠠᠭ᠎ᠠ᠂ ᠥᠭᠡᠯᠡᠳ (ᠧᠨ ᠯᠠ) ᠨᠢ ᠮᠤᠩᠭ᠋ᠤᠯ ᠬᠠᠭᠠᠨ ᠤ ᠰᠦᠷ ᠭᠦᠴᠤᠨ ᠤ ᠳᠤᠷᠣᠢ᠌ᠳᠠᠯ ᠪᠣᠯᠤᠨ ᠮᠢᠩ ᠣᠯᠤᠰ ᠤᠨ ᠬᠤᠭᠤᠷᠤᠠᠳᠤᠭᠢ ᠳᠠᠢ᠌ᠨ ᠪᠠᠢ᠌ᠯᠳᠤᠭᠠᠨ ᠢ ᠳᠠᠯᠢᠮᠳᠠᠭᠤᠯᠵᠤ᠂ ᠰᠦᠷ ᠭᠦᠴᠤᠨ ᠶᠢᠡᠨ ᠭᠦᠷᠰᠢ ᠵᠡᠷᠭᠡᠯᠳᠡᠭᠡ ᠪᠠᠷᠭᠤ᠂ ᠪᠦᠷᠢᠶᠡᠳ ᠤᠨ ᠨᠤᠳᠤᠭ ᠲᠤ ᠦᠷᠭᠡᠳᠭᠡᠪᠡ》 ⑴᠃ 《15 ᠳ᠋ᠤᠭᠠᠷ ᠵᠠᠭᠤᠨ ᠤ ᠬᠤᠷᠢᠭᠠᠤᠨ ᠣᠨ ᠤ ᠦᠶ᠎ᠡ ᠳᠤ ᠴᠤᠷᠤᠰ ᠥᠭᠡᠯᠡᠳ ᠤᠨ ᠳᠤᠭᠤᠨ ᠳᠠᠢ᠌ᠰᠢ ᠨᠢ ᠳᠡᠭᠦᠨ ᠤ ᠡᠴᠢᠭᠡ ᠪᠣ ᠬᠠᠭᠠᠨ ᠤ ᠣᠢ᠌ᠯᠠᠰ ᠢ ᠵᠠᠯᠭᠠᠮᠵᠢᠯᠠᠵᠤ᠂ ᠶᠠᠭᠤᠨ ᠤ ᠡᠮᠤᠨ᠎ᠡ ᠣᠢ᠌ᠷᠠᠤᠨ ᠢ ᠨᠢᠭᠡᠳᠭᠡᠪᠡ》 ⑵᠃ 《1439 ᠣᠨ ᠤ ᠦᠶ᠎ᠡ ᠶᠢᠨ ᠮᠤᠩᠭ᠋ᠤᠯ ᠣᠢ᠌ᠷᠠᠤᠨ ᠤᠨ ᠵᠠᠰᠠᠭ ᠲᠦᠷᠦ ᠶᠢᠨ ᠪᠠᠢ᠌ᠭᠤᠯᠤᠮᠵᠢ ᠶᠢᠨ ᠴᠢᠬᠤᠯᠠ ᠪᠦᠷᠢᠯᠳᠦᠭᠦᠨ ᠭᠡᠪᠠᠯ᠂ ᠬᠠᠭᠠᠨ ᠨᠢ ᠮᠤᠩᠭ᠋ᠤᠯ ᠢ ᠳᠤᠭᠳᠠᠬᠤ ᠪᠣᠬ᠎ᠠ᠂ ᠴᠢᠠᠰᠢᠶᠠᠩ ᠨᠢ ᠭᠢᠷᠭᠢᠰ ᠲᠦᠮᠡᠨ ᠤ ᠠᠪᠠᠪᠣᠷᠠᠲ᠋᠂ ᠪᠠᠷᠠᠭᠤᠨ ᠭᠠᠷ ᠤᠨ ᠴᠢᠠᠰᠢᠶᠠᠩ ᠨᠢ ᠴᠤᠷᠤᠰ ᠣᠢ᠌ᠷᠠᠤᠨ ᠤᠨ ᠳᠤᠭᠤᠨ᠂ ᠵᠡᠭᠦᠨ ᠭᠠᠷ ᠤᠨ ᠴᠢᠠᠰᠢᠶᠠᠩ ᠨᠢ ᠪᠠᠳᠤᠪᠣᠯᠤᠳ ᠤᠨ ᠳᠡᠭᠦᠤ ᠡᠩᠭᠡ᠂ ᠰᠠᠴᠡᠨ ᠨᠢ᠂ ᠳᠡᠯᠡᠩᠭᠦᠤᠨ ᠤᠨ ᠠᠪᠳᠤᠯᠠ᠂ ᠡᠭᠢᠳᠡᠢ ᠨᠢ ᠠᠰᠤᠳ ᠤᠨ ᠪᠠᠶᠠᠨ ᠳᠠᠮᠤᠷ ᠪᠣᠯᠤᠨ ᠪᠠᠳᠤᠳ ᠤᠨ ᠠᠯᠠᠭ ᠳᠠᠮᠤᠷ ᠵᠡᠷᠭᠡ ᠪᠣᠯᠤᠨ᠎ᠠ》 ⑶ ᠡᠨᠡ ᠨᠢ ᠳᠠᠷᠤᠢ᠂ ᠳᠤᠬᠠᠢ ᠶᠢᠨ ᠦᠶ᠎ᠡ ᠳᠤ ᠣᠢ᠌ᠷᠠᠤᠨ ᠤᠨ ᠳᠠᠭᠠᠭᠤᠯᠭ᠎ᠠ ᠶᠢᠨ ᠳᠤᠤᠷᠠᠭᠢ᠂ ᠴᠡᠷᠢᠭ᠌ ᠳᠠᠢ᠌ᠨ ᠰᠠᠮᠠᠭᠤᠷᠠᠯ ᠳᠤ ᠪᠠᠢ᠌ᠭᠰᠠᠨ ᠣᠯᠠᠨ ᠮᠤᠩᠭ᠋ᠤᠯᠴᠤᠳ ᠤᠨ ᠠᠩᠬᠠᠳᠤᠭᠴᠢ ᠣᠳᠠᠭᠠᠨ ᠤ ᠬᠤᠯᠪᠤᠭᠠᠯᠠᠯ《ᠳᠦᠷᠦᠭᠦᠨ ᠳᠦᠷᠪᠡᠨ ᠣᠢ᠌ᠷᠠᠤᠨ ᠤᠨ ᠬᠤᠯᠪᠣᠭ᠎ᠠ》 ᠶᠢ ᠭᠡᠯᠡᠵᠤ ᠪᠠᠢ᠌ᠭ᠎ᠠ ᠶᠤᠮ᠃

《ᠳᠦᠷᠦᠭᠦᠨ ᠳᠦᠷᠪᠡᠨ ᠣᠢ᠌ᠷᠠᠤᠨ ᠤᠨ ᠬᠤᠯᠪᠣᠭ᠎ᠠ》 ᠨᠢ ᠮᠤᠩᠭ᠋ᠤᠯ ᠣᠷᠤᠨ ᠳᠤ ᠣᠳᠠᠭ᠎ᠠ ᠳᠠᠷᠠᠭ᠎ᠠ ᠴᠦᠮᠦᠷᠤᠨ ᠣᠷᠤᠵᠤ᠂ ᠳᠠᠢ᠌ᠳᠤᠨ ᠳᠦᠢᠪᠠᠭᠡᠵᠤ ᠪᠠᠢ᠌ᠭᠰᠠᠨ ᠨᠢ ᠮᠢᠩ ᠣᠯᠤᠰ ᠤᠨ ᠬᠠᠭᠠᠤᠨ ᠲᠤ ᠶᠡᠭᠡ ᠭᠡᠮᠵᠢᠶᠡᠨ ᠤ ᠰᠥᠷᠳᠡᠭᠦᠯᠦᠯ ᠪᠣᠯᠵᠤ ᠪᠠᠢ᠌ᠪᠠ᠃ ᠡᠨᠡ ᠪᠠᠢ᠌ᠳᠠᠯ ᠳᠤᠤᠷ᠎ᠠ 《1438 ᠣᠨ ᠳᠤ ᠮᠢᠩ ᠣᠯᠤᠰ ᠡᠴᠠ ᠳ᠋ᠠ ᠲᠦᠩ ᠢ ᠮᠤᠩᠭ᠋ᠤᠯ ᠭᠢᠳᠠᠤᠨ ᠤᠨ ᠠᠷᠠᠯᠵᠢᠶ᠎ᠠ ᠬᠤᠳᠠᠯᠳᠤᠭᠠᠨ ᠤ ᠵᠠᠬ᠎ᠠ ᠳᠡᠯᠭᠡᠭᠦᠷ ᠪᠣᠯᠭᠠᠬᠤ ᠶᠢ ᠵᠦᠪᠰᠢᠶᠠᠷᠠᠪᠠ》 ⑷᠃ ᠭᠡᠪᠴᠤ 《ᠣᠢ᠌ᠷᠠᠤᠨ ᠤᠨ ᠭᠦᠦᠰᠢ ᠯᠠᠮᠠ ᠳᠤ ᠨᠠᠷ᠎ᠠ ᠴᠤᠯᠠ᠂ ᠳᠠᠮᠠᠭ᠎ᠠ ᠪᠢᠴᠢᠭ᠌ ᠱᠠᠩᠨᠠᠬᠤ ᠶᠢ ᠣᠭᠳᠤ ᠵᠥᠪᠰᠢᠶᠡᠷᠡᠭᠦ ᠦᠭᠡᠶ ᠪᠠᠢ᠌ᠵᠠᠢ》 ⑸᠃ ᠮᠢᠩ ᠣᠯᠤᠰ ᠡᠴᠠ ᠳᠤᠶᠤᠨ ᠣᠷᠢᠶᠠᠩᠬᠠᠨ᠂ ᠵᠦᠷᠢᠵᠢᠳ᠂ ᠴᠢᠭᠢᠨ ᠮᠤᠩᠭ᠋ᠤᠯ ᠵᠡᠷᠭᠡ ᠭᠠᠵᠠᠷ ᠤᠨ ᠡᠯ᠎ᠡ ᠦᠨᠳᠦᠰᠦᠳᠠᠨ ᠤ ᠨᠤᠶᠠᠷᠠᠬᠠᠭᠴᠢᠳ ᠲᠤ ᠣᠳᠠᠭ᠎ᠠ ᠳᠠᠷᠠᠭ᠎ᠠ ᠪᠢᠴᠢᠭ᠌ ᠶᠠᠪᠣᠭᠤᠯᠵᠤ 《ᠴᠢᠩᠭᠢᠰ ᠬᠠᠭᠠᠨ ᠪᠠ ᠶᠤᠸᠠᠨ ᠣᠯᠤᠰ ᠤᠨ ᠣᠭ ᠭᠡᠵᠢᠶᠡᠨᠢ ᠳᠠᠰᠤᠷᠠᠭᠰᠠᠨ》 ⑹ 《ᠧᠨ ᠯᠠ(ᠣᠢ᠌ᠷᠠᠤᠨ) ᠪᠣᠯ ᠣᠭ ᠡᠴᠠ ᠪᠠᠨ ᠣᠮᠠᠷᠠᠳᠤ ᠮᠤᠩᠭ᠋ᠤᠯ ᠭᠠᠵᠠᠷ ᠤᠨ ᠳᠠᠷᠬᠠᠢ ᠪᠣᠳᠠᠷᠬᠠᠢ ᠠᠢ᠌ᠮᠠᠭ ᠤᠨ ᠭᠦᠮᠦᠰ᠂ ᠳᠤᠷ᠎ᠠ ᠵᠤᠷᠢᠭ ᠶᠢᠡᠷ ᠶᠢᠡᠨ ᠦᠪᠡᠷ ᠤᠨ ᠪᠠᠶ᠎ᠠ ᠪᠠᠨ ᠶᠤᠸᠠᠨ ᠣᠯᠤᠰ ᠤᠨ ᠦᠷᠠᠳᠤᠰ ᠭᠡᠮᠡᠨ ᠬᠠᠭᠤᠷᠮᠠᠭ ᠨᠠᠷ᠎ᠠ ᠴᠤᠯᠠ ᠡᠷᠭᠦᠮᠵᠢᠯᠡᠭ᠍ᠰᠡᠨ》 ⑺ ᠭᠡᠵᠤ ᠳᠤᠭᠤᠨ ᠳᠠᠢ᠌ᠰᠢ ᠬᠠᠭᠠᠨ ᠪᠣᠯᠤᠨ ᠮᠤᠩᠭ᠋ᠤᠯ ᠤᠨ ᠡᠯ᠎ᠡ ᠣᠭᠰᠠᠭ᠎ᠠ ᠦᠨᠳᠦᠰᠦᠳᠠᠨ ᠤ ᠬᠤᠭᠤᠷᠤᠠᠳᠤᠭᠢ ᠬᠠᠷᠢᠴᠠᠭ᠎ᠠ ᠶᠢ ᠵᠠᠪᠰᠠᠷᠳᠠᠭᠤᠯᠬᠤ ᠪᠠᠷ ᠣᠷᠤᠯᠳᠤᠵᠤ ᠪᠠᠢ᠌ᠵᠠᠢ᠃ ᠡᠨᠡ ᠪᠠᠢ᠌ᠳᠠᠯ ᠳᠤᠤᠷ᠎ᠠ ᠡᠰᠡᠨ ᠳᠠᠢ᠌ᠰᠢ ᠬᠠᠭᠠᠨ 1449 ᠣᠨ ᠳᠤ ᠮᠤᠩᠭ᠋ᠤᠯ ᠪᠠ ᠣᠢ᠌ᠷᠠᠤᠨ ᠤᠨ ᠣᠯᠠᠨ ᠣᠢ᠌ᠷᠠᠤᠨ ᠤᠨ ᠣᠯᠠᠨ ᠠᠢ᠌ᠮᠠᠭ ᠲᠤ᠄ 《ᠮᠢᠩ ᠣᠯᠤᠰ ᠤᠨ ᠬᠠᠭᠠᠨ ᠢ ᠡᠮᠦᠨᠡᠰᠢ ᠭᠦᠭᠡᠭᠡᠵᠤ᠂ ᠪᠢᠳᠠᠨᠤᠰ ᠳᠠᠢ᠌ᠳᠤ ᠬᠤᠳᠠ(ᠪᠠᠭᠡᠵᠢᠩ) ᠪᠠᠨ ᠪᠣᠴᠠᠭᠠᠨ ᠠᠪᠣᠰᠤᠭᠠᠢ》 ᠭᠡᠵᠤ ᠣᠷᠢᠶᠠᠯᠭ᠎ᠠ ᠭᠠᠷᠭᠠᠨ᠂ ᠳᠦᠷᠪᠡᠨ ᠵᠠᠮ ᠶᠢᠡᠷ ᠴᠡᠷᠢᠭ᠌ ᠣᠷᠤᠭᠤᠯᠵᠤ᠂ ᠮᠢᠩ ᠣᠯᠤᠰ ᠲᠡᠶ ᠳᠠᠢ᠌ᠳᠤᠪᠠ᠃ ᠡᠰᠡᠨ ᠬᠠᠭᠠᠨ ᠳ᠋ᠠ ᠲᠦᠩ ᠶᠢᠡᠷ᠂ ᠳᠤᠭᠳᠠᠬᠤ ᠪᠣᠬ᠎ᠠ ᠬᠠᠭᠠᠨ ᠯᠢᠶᠤᠤ ᠳ᠋ᠦ᠋ᠩ ᠶᠢᠡᠷ᠂ ᠪᠠᠳᠤᠳ ᠤᠨ ᠠᠯᠠᠭ ᠳᠠᠮᠤᠷ ᠬᠠᠭᠠᠨ ᠰᠢᠶᠤᠸᠠᠨ ᠬᠤᠧᠨ ᠪᠠᠷ ᠪᠠᠰᠠ ᠨᠢᠭᠡ ᠪᠦᠯᠦᠭ᠌ ᠮᠤᠩᠭ᠋ᠤᠯ ᠴᠡᠷᠢᠭ᠌ ᠭᠠᠠᠰᠤ ᠪᠠᠷ ᠭᠢᠳᠠᠤᠨ ᠣᠷᠤᠨ ᠳᠤ ᠴᠦᠮᠦᠷᠤᠨ ᠣᠷᠤᠪᠠ᠃

《ᠱᠧᠨ ᠵᠧᠨ ᠶᠡᠭᠡ ᠰᠤᠷᠭᠠᠭᠤᠯᠢ》 ᠶᠢᠨ ᠰᠤᠨᠢᠨ ᠤ 1987 ᠣᠨ ᠤ ᠭᠤᠷᠪᠠᠳᠤᠭᠠᠷ ᠬᠤᠭᠤᠴᠠᠭᠠᠨ ᠳᠤ ᠨᠡᠢ᠌ᠳᠡᠯᠡᠭ᠍ᠳᠡᠭ᠍ᠰᠡᠨ 《ᠸᠠᠨ ᠡᠧᠨ ᠬᠠᠭᠠᠨ ᠢ ᠰᠢᠬᠠᠮᠳᠠᠭᠤᠯᠵᠤ ᠳᠠᠢ᠌ᠳᠤᠭᠰᠠᠨ ᠨᠢ》 ᠭᠡᠰᠡᠨ ᠥᠭᠦᠯᠡᠯ ᠪᠠ ᠰᠢᠶᠠᠩᠭ᠋ᠠᠩ ᠶᠡᠭᠡ ᠰᠤᠷᠭᠠᠭᠤᠯᠢ ᠶᠢᠨ《ᠮᠢᠩ᠂ ᠴᠢᠩ ᠳᠡᠦᠭᠡ ᠶᠢᠨ ᠳᠡᠭᠦᠪᠦᠷᠢ》 ᠰᠡᠳᠭᠦᠯ ᠤᠨ1986 ᠣᠨ ᠤ ᠬᠤᠶᠠᠳᠤᠭᠠᠷ ᠪᠣᠳᠢ ᠳ᠋ᠠᠭᠢ 《ᠸᠠᠨ ᠡᠧᠨ ᠪᠠ 〈ᠲᠤ ᠮᠤ ᠶᠢᠨ ᠭᠡᠷᠡᠭ᠌ ᠬᠤᠪᠢᠰᠤᠯ〉 ᠊ᠤᠨ ᠬᠠᠷᠢᠴᠠᠭ᠎ᠠ ᠶᠢ ᠥᠭᠦᠯᠡᠭᠦ ᠨᠢ》 ᠭᠡᠳᠡᠭ᠌ ᠥᠭᠦᠯᠡᠯ ᠳᠤ ᠥᠭᠦᠯᠡᠭ᠍ᠰᠡᠨ ᠮᠠᠳᠤ ᠪᠠᠷ 《ᠮᠢᠩ ᠣᠯᠤᠰ ᠤᠨ ᠢᠩᠼᠤᠢᠩ ᠬᠠᠭᠠᠨ ᠤ ᠰᠢᠳᠠᠷ ᠰᠠᠢ᠌ᠳ ᠸᠠᠨ ᠡᠧᠨ᠂ ᠡᠰᠡᠨ ᠳᠠᠢ᠌ᠰᠢ ᠬᠠᠭᠠᠨ ᠤ ᠭᠦᠴᠤᠨ ᠢ ᠶᠡᠭᠡᠪᠠᠷ ᠭᠦᠩᠭᠡᠪᠴᠢᠯᠡᠵᠤ᠂ ᠢᠩᠼᠤᠢᠩ ᠬᠠᠭᠠᠨ ᠢ ᠣᠷᠢᠨ ᠶᠡᠭᠡ ᠴᠡᠷᠢᠭ᠌ ᠶᠢᠡᠷ ᠰᠥᠷᠳᠡᠭᠦᠯᠤᠨ ᠠᠶᠤᠯᠭᠠᠵᠤ ᠳᠠᠷᠤᠭᠤᠯᠤᠨ᠂ ᠦᠪᠡᠷ ᠲᠡᠭᠡᠨ ᠭᠠᠪᠢᠶ᠎ᠠ ᠪᠠᠢ᠌ᠭᠤᠯᠤᠶ᠎ᠠ ᠭᠡᠵᠤ ᠪᠣᠳᠤᠵᠤ᠂ ᠢᠩᠼᠤᠢᠩ ᠬᠠᠭᠠᠨ ᠢ ᠶᠠᠭᠠᠷᠠᠤᠬᠠᠨ ᠮᠤᠷᠳᠠᠭᠤᠯᠵᠤ᠂ ᠪᠠᠭᠡᠵᠢᠩ ᠡᠴᠠ ᠳᠠᠪᠢᠨ ᠲᠦᠮᠡᠨ ᠴᠡᠷᠢᠭ᠌ ᠲᠡᠶ ᠳ᠋ᠠ ᠲᠦᠩ ᠢ ᠳᠡᠭᠠᠷᠢᠭᠤᠯᠪᠡ᠃ ᠭᠡᠪᠠᠴᠤ ᠮᠢᠩ ᠣᠯᠤᠰ ᠤᠨ ᠡᠮᠤᠨ᠎ᠡ ᠹᠷᠤᠠᠲ᠋ ᠶᠢᠨ ᠴᠡᠷᠢᠭ᠌ ᠨᠢ ᠮᠤᠩᠭ᠋ᠤᠯ ᠴᠡᠷᠢᠭ᠌ ᠲᠤ ᠳᠠᠷᠤᠭᠳᠠᠭᠰᠠᠨ ᠴᠢᠮᠡᠭᠡ ᠶᠢ ᠰᠤᠨᠤᠰᠤᠭᠠᠤᠨ᠂ ᠸᠠᠨ ᠡᠧᠨ ᠰᠠᠠᠳᠤᠷᠴᠤ᠂ ᠬᠠᠭᠠᠨ ᠢ ᠪᠠᠭᠡᠵᠢᠩ ᠳᠤ ᠪᠣᠴᠠᠭᠠᠬᠤ ᠶᠢ ᠭᠤᠶᠤᠴᠢᠯᠠᠪᠠ᠃ ᠢᠩᠼᠤᠢᠩ ᠬᠠᠭᠠᠨ ᠢ ᠪᠠᠭᠡᠵᠢᠩ ᠥᠭᠡᠳᠡ ᠣᠬᠤᠷᠢᠬᠤ ᠵᠠᠮ ᠳ᠋ᠤᠨᠢ᠂ ᠸᠠᠨ ᠡᠧᠨ ᠦᠪᠡᠷ ᠤᠨ ᠨᠤᠳᠤᠭ ᠸᠸᠢ ᠧᠤ ᠳᠡᠭᠡᠨ ᠪᠠᠭᠤᠯᠠᠭᠠᠨ᠂ ᠦᠪᠡᠷ ᠤᠨ ᠨᠠᠷ᠎ᠠ ᠰᠦᠷ ᠶᠢᠡᠨ ᠣᠯᠠᠨ ᠳᠤ ᠭᠠᠢ᠌ᠬᠠᠭᠤᠯᠬᠤ ᠭᠡᠪᠡ᠃ ᠢᠩᠭᠢᠵᠤ ᠴᠡᠷᠢᠭ᠌ ᠳᠠᠢ᠌ᠨ ᠤ ᠴᠠᠭ ᠢ ᠰᠠᠭᠠᠳᠠᠭᠠᠭᠰᠠᠨ ᠪᠣᠯᠬᠤᠷ᠂ ᠣᠢ᠌ᠷᠠᠤᠨ ᠤᠨ ᠡᠰᠡᠨ ᠳᠠᠢ᠌ᠰᠢ ᠬᠠᠭᠠᠨ ᠪᠠᠭᠡᠵᠢᠩ ᠤᠨ ᠪᠠᠷᠠᠭᠤᠠᠳᠠᠭᠢ ᠲᠤ ᠮᠤ ᠴᠠᠢ᠌ᠵᠠ(ᠣᠳᠤ ᠶᠢᠨ ᠬᠤᠸᠠᠢ ᠮᠢ ᠪᠣᠯᠤᠨ ᠭᠦᠩ ᠳᠢᠩ ᠴᠥᠭᠦᠷᠦᠮ ᠤᠨ ᠣᠷᠴᠢᠮ ᠮᠤᠳᠤ ᠰᠢᠷᠤᠢ ᠶᠢᠨ ᠪᠠᠭᠢᠯᠠᠯᠳᠠ) ᠳ᠋ᠤ ᠢᠩᠼᠤᠢᠩ ᠬᠠᠭᠠᠨ ᠢ ᠳᠤᠰᠤᠨ ᠪᠠᠢ᠌ᠯᠳᠤᠭᠠᠤᠨ᠂ ᠢᠩᠼᠤᠢᠩ ᠬᠠᠭᠠᠨ ᠢ ᠠᠮᠢᠳᠤ ᠪᠠᠷ ᠨᠢ ᠪᠠᠷᠢᠪᠴᠢᠯᠠᠪᠠ᠃ ᠢᠩᠼᠤᠢᠩ ᠬᠠᠭᠠᠨ ᠤ ᠰᠢᠳᠠᠷ ᠬᠠᠮᠠᠭᠠᠯᠠᠭᠴᠢ ᠵᠠᠩᠵᠤᠨ ᠹᠠᠨ ᠽᠦᠩ ᠭᠢᠯᠢᠩᠳᠠᠢ ᠪᠠᠷ 〈ᠪᠢ ᠡᠨᠡ ᠮᠠᠭᠤ ᠣᠯᠢᠭ ᠦᠭᠡᠶ ᠠᠮᠢᠳᠠᠨ ᠢ ᠠᠯᠠᠰᠤᠭᠠᠢ〉 ᠭᠡᠵᠤ ᠸᠠᠨ ᠡᠧᠨ ᠢ ᠴᠠᠪᠴᠢᠨ ᠠᠯᠠᠪᠠ᠃ ⑼ ᠡᠨᠡ ᠪᠣᠯ ᠳᠠᠷᠤᠢ ᠮᠠᠨ ᠤ ᠣᠯᠤᠰ ᠤᠨ ᠮᠢᠩ ᠣᠯᠤᠰ ᠤᠨ ᠳᠡᠦᠭᠡᠨ ᠳᠤ ᠠᠯᠳᠠᠷᠰᠢᠭᠰᠠᠨ ᠬᠤᠶᠠᠷ ᠲᠦᠮᠡᠨ ᠴᠡᠷᠢᠭ᠌ ᠶᠢᠡᠷ ᠳᠠᠪᠢᠨ ᠲᠦᠮᠡᠨ ᠴᠡᠷᠢᠭ᠌ ᠢ ᠢᠯᠠᠭᠰᠠᠨ 《 ᠲᠤ ᠮᠤ ᠶᠢᠨ ᠭᠡᠷᠡᠭ᠌ ᠬᠤᠪᠢᠰᠤᠯ》 ᠪᠣᠯᠤᠨ᠎ᠠ᠃

《 ᠲᠤ ᠮᠤ ᠶᠢᠨ ᠭᠡᠷᠡᠭ᠌ ᠬᠤᠪᠢᠰᠤᠯ》 ᠨᠢ᠂ ᠣᠢ᠌ᠷᠠᠤᠨ ᠤᠨ ᠳᠤᠭᠤᠨ ᠳᠠᠢ᠌ᠰᠢ ᠬᠠᠭᠠᠨ ᠪᠣᠯᠤᠨ ᠳᠡᠭᠦᠨ ᠤ ᠭᠦᠪᠠᠭᠦᠨ ᠡᠰᠡᠨ ᠳᠠᠢ᠌ᠰᠢ ᠬᠠᠭᠠᠨ ᠪᠣᠯ ᠮᠤᠩᠭ᠋ᠤᠯ ᠤᠨ ᠳᠡᠦᠭᠡᠨ ᠳᠡᠭᠡᠷᠡᠭᠢ ᠣᠢ᠌ᠷᠠᠤᠨ ᠤᠨ ᠬᠠᠭᠠᠠᠳᠤ ᠣᠯᠤᠰ ᠪᠠ 《ᠳᠦᠷᠦᠭᠦᠨ ᠳᠦᠷᠪᠡᠨ ᠣᠢ᠌ᠷᠠᠤᠨ ᠤᠨ ᠬᠤᠯᠪᠣᠭ᠎ᠠ》 ᠶᠢ ᠪᠠᠢ᠌ᠭᠤᠯᠤᠭᠰᠠᠨ ᠣᠯᠤᠰ ᠲᠦᠷᠦ᠂ ᠴᠡᠷᠢᠭ᠌ ᠤᠨ ᠶᠠᠪᠣᠳᠠᠯ ᠤᠨ ᠴᠢᠳᠠᠪᠣᠷᠢᠳᠠᠨ ᠭᠡᠰᠡᠨ ᠢ ᠪᠦᠷᠢᠨ ᠭᠡᠷᠡᠴᠢᠯᠡᠪᠡ᠃ ᠮᠦᠨ ᠴᠤ ᠮᠢᠩ ᠣᠯᠤᠰ ᠤᠨ ᠳᠤᠷᠣᠢ᠌ᠳᠠᠯ ᠤᠨ ᠭᠦᠰᠢᠭᠡ ᠶᠢ ᠢᠷᠠᠭᠰᠠᠨ ᠪᠦᠭᠡᠤᠨ ᠮᠤᠩᠭ᠋ᠤᠯ ᠣᠷᠤᠨ ᠳᠤ ᠰᠠᠨᠠᠭᠠᠨ ᠳᠠᠪᠠ ᠪᠠᠷ ᠶᠢᠡᠨ ᠴᠦᠮᠦᠷᠠᠨ ᠣᠷᠤᠵᠤ᠂ ᠳᠠᠢ᠌ᠨ ᠳᠦᠢᠪᠠᠯᠭᠡ ᠭᠢᠳᠡᠭ᠌ ᠮᠢᠩ ᠣᠯᠤᠰ ᠤᠨ ᠰᠦᠷ ᠭᠦᠴᠤᠨ ᠳᠤ ᠰᠥᠨᠦᠭᠡᠯ ᠤᠨ ᠴᠢᠨᠠᠷᠳᠠᠢ ᠭᠦᠡᠳᠤ ᠴᠤᠭᠢᠯᠳᠠ ᠪᠣᠯᠪᠠ᠃ 《 ᠲᠤ ᠮᠤ ᠶᠢᠨ ᠭᠡᠷᠡᠭ᠌ ᠬᠤᠪᠢᠰᠤᠯ》 ᠡᠴᠡ ᠬᠣᠢ᠌ᠰᠢ ᠭᠤᠪᠢ ᠶᠢᠨ ᠡᠮᠦᠨᠡᠭᠢ ᠮᠤᠩᠭ᠋ᠤᠯᠴᠤᠳ ᠠᠮᠤᠷ ᠲᠦᠪᠰᠢᠨ ᠶᠢᠡᠷ ᠮᠤᠩᠭ᠋ᠤᠯ ᠨᠤᠳᠤᠭ ᠲᠠᠭᠠᠨ ᠪᠣᠴᠠᠨ ᠢᠷᠠᠵᠤ ᠠᠮᠢᠳᠤᠷᠠᠵᠤ ᠴᠢᠳᠠᠬᠤ ᠪᠣᠯᠪᠠ᠃ ᠨᠠᠩ ᠢᠯᠠᠩᠭ᠋ᠤᠶ᠎ᠠ ᠵᠠᠭᠤᠭᠠᠤᠨ ᠵᠢᠯ ᠳᠠᠢ᠌ᠨ ᠳᠠᠵᠢᠨ ᠤ ᠬᠠᠷᠠᠩᠭ᠋ᠤᠢ ᠪᠠᠢ᠌ᠳᠠᠯ ᠳᠤ ᠪᠠᠢ᠌ᠭᠰᠠᠨ ᠮᠤᠩᠭ᠋ᠤᠯᠴᠤᠳ ᠤᠨ ᠡᠪᠰᠡᠯ ᠬᠤᠯᠪᠣᠭᠠᠯᠠᠯ ᠤᠨ ᠡᠭᠢᠯᠡᠯᠳᠡ ᠪᠣᠯᠵᠤ᠂ ᠬᠤᠵᠢᠮ ᠤᠨ ᠮᠠᠠᠳᠤᠬᠠᠢ ᠰᠠᠴᠠᠨ ᠬᠠᠳᠤᠨ ᠪᠣᠯᠤᠨ ᠳᠠᠶᠠᠨ ᠬᠠᠭᠠᠨ ᠤ ᠣᠢ᠌ᠯᠠᠰ ᠲᠤ ᠵᠤᠭᠢᠬᠤ ᠭᠡᠮᠵᠢᠶᠡᠨ ᠤ ᠳᠠᠮ ᠰᠠᠭᠤᠷᠢ ᠳᠠᠯᠪᠢᠵᠤ ᠦᠭ‍ᠭᠦᠭ᠍ᠰᠡᠨ ᠪᠠᠢ᠌ᠨ᠎ᠠ᠃

《 ᠲᠤ ᠮᠤ ᠶᠢᠨ ᠭᠡᠷᠡᠭ᠌ ᠬᠤᠪᠢᠰᠤᠯ》 ᠤᠨ ᠳᠠᠷᠠᠭ᠎ᠠ᠂ ᠮᠢᠩ ᠣᠯᠤᠰ ᠢᠩᠼᠤᠢᠩ ᠬᠠᠭᠠᠨ ᠤ ᠳᠡᠭᠦᠤ ᠮᠢᠩ ᠶᠢᠨ ᠳ᠋ᠢ ᠬᠠᠭᠠᠨ ᠰᠠᠭᠤᠵᠤ ᠶᠡᠭᠡ ᠰᠠᠢ᠌ᠳ ᠢᠤᠢ ᠴᠢᠶᠠᠨ ᠤ ᠳᠡᠮᠵᠢᠯᠭᠡ ᠪᠠᠷ ᠪᠠᠭᠡᠵᠢᠩ ᠤᠨ ᠬᠠᠮᠠᠭᠠᠯᠠᠯᠳᠠ ᠶᠢᠨ ᠳᠠᠢ᠌ᠨ ᠭᠢᠪᠠ᠃ 《 ᠲᠤ ᠮᠤ ᠶᠢᠨ ᠭᠡᠷᠡᠭ᠌ ᠬᠤᠪᠢᠰᠤᠯ》 ᠳᠤ ᠮᠢᠩ ᠤᠨ ᠣᠯᠠᠩᠭᠢ ᠲᠦᠰᠢᠮᠠᠤᠨ ᠶᠡᠭᠡᠪᠠᠷ ᠡᠮᠢᠶᠡᠵᠤ ᠡᠮᠦᠨᠡᠰᠢ ᠪᠠᠨ ᠨᠠᠠᠵᠢᠩ ᠳᠤ ᠳᠤᠳᠠᠭᠠᠨ ᠣᠳᠤᠪᠠ᠃ ᠢᠤᠢ ᠴᠢᠶᠠᠨ ᠪᠠᠶ᠎ᠠ ᠪᠠᠷ ᠶᠢᠡᠨ ᠮᠢᠩ ᠶᠢᠨ ᠳ᠋ᠢ ᠬᠠᠭᠠᠨ ᠳᠤ ᠡᠷᠡᠭᠦᠳᠡᠯ ᠭᠠᠷᠭᠠᠨ᠄ 《ᠡᠮᠦᠨᠡᠰᠢ ᠳᠤᠳᠠᠭᠠᠭᠰᠠᠤᠨ ᠢ ᠡᠷᠭᠡᠪᠠᠰᠢ ᠴᠠᠪᠴᠢᠳᠤᠭᠠᠢ᠂ ᠪᠠᠭᠡᠵᠢᠩ ᠤᠨ ᠴᠡᠷᠢᠭ᠌ ᠳᠦᠰᠢᠮᠠᠤᠨ ᠪᠣᠯᠪᠠᠰᠤ᠂ ᠲᠦᠷᠦ ᠶᠢᠨ ᠳᠤᠯᠭᠠᠭᠤᠷᠢ ᠪᠣᠯᠠᠢ᠃ ᠬᠠᠭᠠᠨ ᠳᠠ᠂ ᠰᠦᠩ ᠣᠯᠤᠰ ᠤᠨ ᠡᠮᠦᠨᠡᠰᠢ ᠨᠡᠭᠦᠭᠡᠤᠨ ᠮᠥᠭᠦᠭ᠍ᠰᠡᠨ ᠣᠴᠢᠷ ᠢ ᠳᠤᠩᠭ᠋ᠠᠬᠤ ᠪᠣᠯᠪᠠᠤ》 ᠭᠡᠪᠡ᠃ ᠮᠢᠩ ᠶᠢᠨ ᠳ᠋ᠢ ᠬᠠᠭᠠᠨ᠂ ᠪᠠᠭᠡᠵᠢᠩ ᠢ ᠬᠠᠮᠠᠭᠠᠯᠠᠬᠤ ᠪᠠᠷ ᠵᠤᠷᠢᠭ ᠰᠢᠭᠤᠳᠠᠨ᠂ ᠬᠠᠮᠠᠭᠠᠯᠠᠯᠳᠠ ᠶᠢᠨ ᠳᠠᠢ᠌ᠨ ᠢ ᠵᠢᠯᠤᠭᠤᠤᠠᠬᠤ ᠭᠦᠡᠳᠤ ᠡᠭᠦᠷᠭᠡ ᠶᠢ ᠢᠤᠢ ᠴᠢᠶᠠᠨ ᠳᠤ ᠳᠤᠰᠢᠶᠠᠪᠠ᠃ ᠢᠤᠢ ᠴᠢᠶᠠᠨ 《ᠳᠤᠯᠤᠭᠠᠢ ᠣᠨᠠᠵᠤ᠂ ᠠᠮᠢ ᠠᠯᠳᠠᠬᠤ ᠡᠴᠡ ᠶᠠᠭᠤ ᠡᠮᠢᠶᠡᠮᠦᠢ᠂ ᠲᠦᠷᠦ ᠪᠠ ᠣᠯᠤᠰ ᠤᠨ ᠳᠦᠯᠦᠭᠡ ᠠᠯᠳᠠᠷ ᠨᠠᠷ᠎ᠠ ᠪᠠᠨ ᠥᠯᠡᠳᠡᠭᠡᠰᠦᠭᠡᠢ》 ⑽ ᠭᠡᠵᠤ ᠣᠯᠠᠨ ᠢ ᠣᠷᠢᠶᠠᠯᠠᠨ ᠪᠠᠭᠡᠵᠢᠩ ᠤᠨ ᠬᠠᠮᠠᠭᠠᠯᠠᠯᠳᠠ ᠶᠢ ᠭᠢᠪᠠ᠃

ᠭᠡᠳᠡᠯ᠎ᠡ᠂ ᠮᠤᠩᠭ᠋ᠤᠯᠴᠤᠳ ᠤᠨ ᠹᠧᠥᠳᠠᠯ ᠤᠨ ᠨᠤᠶᠠᠤᠨ᠂ ᠪᠠᠭᠡᠵᠢᠩ ᠢ ᠪᠦᠷᠢᠨ ᠡᠵᠡᠯᠡᠵᠤ ᠴᠢᠳᠠᠭᠠᠳᠤᠢ ᠪᠠᠷ 《ᠴᠢᠩᠭᠢᠰ ᠤᠨ ᠠᠯᠳᠠᠨ ᠣᠷᠤᠭ》 ᠤᠨ ᠹᠧᠥᠳᠠᠯ ᠤᠨ ᠭᠤᠤᠯ ᠬᠠᠭᠠᠨ ᠣᠳᠤᠮ ᠢ ᠪᠠᠷᠢᠮᠳᠠᠯᠠᠬᠤ ᠦᠵᠡᠯᠳᠠ ᠶᠢᠨ ᠨᠥᠯᠦᠭᠡ ᠪᠠᠷ ᠡᠷᠭᠡ ᠪᠣᠯᠢᠶᠠᠯᠳᠤᠨ᠂ ᠳᠤᠳᠤᠷ᠎ᠠ ᠪᠠᠨ ᠵᠠᠳᠠᠷᠠᠯ ᠭᠠᠷᠪᠠ᠃ 《1451 ᠣᠨ ᠳᠤ ᠪᠢᠯᠢᠭ᠌ ᠤᠨ ᠣᠯᠠᠷᠢᠯ ᠤᠨ ᠠᠷᠪᠠᠨ ᠬᠤᠶᠠᠳᠤᠭᠠᠷ ᠬᠤᠷᠢᠨ ᠨᠢ᠋ᠮᠠᠨ ᠤ ᠡᠳᠦᠷ ᠳᠤᠭᠳᠠᠬᠤ ᠪᠣᠬ᠎ᠠ ᠬᠠᠭᠠᠨ ᠠᠯᠠᠭᠳᠠᠪᠠ》 ⑾᠃ 《1451 ᠣᠨ ᠳᠤ ᠢᠩᠼᠤᠢᠩ ᠬᠠᠭᠠᠨ ᠢ ᠮᠢᠩ ᠣᠯᠤᠰ ᠲᠤ ᠪᠣᠴᠠᠭᠠᠨ ᠦᠭ‍ᠭᠦᠪᠡ᠃ 1457 ᠣᠨ ᠳᠤ ᠢᠩᠼᠤᠢᠩ ᠬᠠᠭᠠᠨ ᠰᠢᠷᠡᠭᠡᠨ ᠳᠡᠭᠡᠨ ᠳᠠᠭᠢᠨ ᠰᠠᠭᠤᠵᠤ᠂ ᠰᠡᠭᠦᠯᠡᠷ ᠨᠢ ᠢᠤᠢ ᠴᠢᠶᠠᠨ ᠢ ᠠᠯᠠᠭᠰᠠᠨ ᠪᠠᠢ᠌ᠨ᠎ᠠ》 ⒀᠃

ᠢᠩᠭᠢᠭᠡᠤᠨ ᠭᠦᠴᠦᠷᠭᠡᠭ᠌ ᠶᠡᠭᠡ ᠣᠢ᠌ᠷᠠᠤᠨ ᠤᠨ ᠬᠠᠭᠠᠠᠳᠤ ᠣᠯᠤᠰ ᠨᠢ ᠳᠠᠷᠠ ᠳᠤᠤᠷ᠎ᠠ ᠪᠠᠨ ᠳᠦᠷᠪᠡᠨ ᠵᠥᠭ᠌ ᠨᠢ᠋ᠮᠠᠨ ᠵᠤᠪᠭᠢᠰ ᠲᠤ ᠪᠣᠳᠠᠷᠠᠨ ᠰᠠᠷᠨᠢᠵᠤ᠂ 《ᠳᠦᠷᠦᠭᠦᠨ ᠳᠦᠷᠪᠡᠨ ᠣᠢ᠌ᠷᠠᠤᠨ》 ᠤᠨ ᠬᠤᠯᠪᠣᠭ᠎ᠠ ᠴᠤ ᠵᠠᠳᠠᠷᠠᠪᠠ᠃

ᠡᠰᠡᠨ ᠳᠠᠢ᠌ᠰᠢ ᠬᠠᠭᠠᠨ ᠪᠣᠯ᠂ ᠥᠭᠡᠯᠡᠳ ᠤᠨ ᠦᠨᠳᠦᠰᠦᠳᠠᠨ ᠤ ᠪᠠᠭᠠᠳᠤᠷ ᠭᠠᠯᠳᠠᠨ ᠪᠣᠱᠤᠭᠳᠤ ᠬᠠᠭᠠᠨ ᠤ ᠳᠦᠷᠦᠭ᠍ᠰᠡᠨ ᠡᠯᠦᠡᠴᠡ ᠬᠤᠯᠤᠠᠴᠠ ᠨᠢ ᠪᠣᠯᠤᠨ᠎ᠠ᠃ ᠮᠦᠨ ᠴᠤ᠂ ᠭᠦᠯᠤᠨ ᠪᠣᠢ᠌ᠷ ᠤᠨ ᠥᠭᠡᠯᠡᠳ ᠤᠨ ᠰᠢᠭᠤᠳ ᠳᠡᠭᠡᠳᠦᠰ ᠪᠣᠯᠬᠤ ᠶᠤᠮ᠃ 《ᠳᠠᠢ᠌ᠴᠢᠩ ᠭᠦᠷᠤᠨ ᠤ ᠱᠸᠩᠼᠤ ᠬᠠᠭᠠᠨ ᠤ ᠦᠨᠡᠨ ᠮᠠᠭᠠᠤᠨ ᠬᠠᠤᠯᠢ》 ᠵᠢᠨ 223 ᠳ᠋ᠤᠭᠠᠷ ᠪᠣᠳᠢ ᠳᠤ 《ᠳ᠋ᠠᠠᠵᠢᠨ ᠤ ᠬᠤᠶᠠᠳᠤᠭᠠᠷ ᠭᠦᠪᠠᠭᠦᠨ ᠳ᠋ᠢᠭᠤᠷ᠂ ᠳ᠋ᠢᠭᠤᠷ ᠤᠨ ᠭᠤᠷᠪᠠᠳᠤᠭᠠᠷ ᠭᠦᠪᠠᠭᠦᠨ ᠳᠠᠠᠵᠢᠠᠠᠠᠷᠠᠪᠳᠠᠨ ᠤ ᠠᠬᠠᠮᠠᠤᠨ ᠭᠦᠪᠠᠭᠦᠨ ᠴᠧᠷᠠᠩᠸᠠᠩᠪᠣ᠂ ᠬᠤᠶᠠᠳᠤᠭᠠᠷ ᠭᠦᠪᠠᠭᠦᠨ ᠰᠸᠪᠳᠠᠩᠸᠠᠩᠪᠣ》 ⒁ ᠭᠡᠵᠤ ᠳᠡᠮᠳᠡᠭᠯᠡᠵᠤ ᠪᠠᠢ᠌ᠨ᠎ᠠ᠃ ᠡᠨᠡᠭᠦ ᠰᠸᠪᠳᠠᠩᠸᠠᠩᠪᠣ ᠪᠣᠯ ᠳᠠᠷᠤᠢ 1732 ᠣᠨ ᠳᠤ ᠬᠠᠯᠬ᠎ᠠ ᠶᠢᠨ ᠳᠣᠢ᠌ᠨ ᠭᠤᠤᠯ ᠡᠴᠡ᠂ ᠭᠦᠯᠤᠨ ᠪᠣᠢ᠌ᠷ ᠲᠤ ᠥᠭᠡᠯᠡᠳᠴᠦᠳ ᠢ ᠳᠠᠭᠠᠭᠤᠯᠵᠤ ᠢᠷᠡᠭ᠍ᠰᠡᠨ ᠨᠤᠶᠠᠨ᠂ ᠭᠦᠯᠤᠨ ᠪᠣᠢ᠌ᠷ ᠤᠨ ᠥᠭᠡᠯᠡᠳ ᠤᠨ ᠪᠦᠭᠦᠳᠡ ᠶᠢᠨ ᠳᠠᠷᠤᠭ᠎ᠠ ᠪᠣᠯᠤᠨ᠎ᠠ᠃

ᠳᠠᠭᠢᠨ ᠭᠡᠯᠡᠪᠠᠯ᠂ ᠳᠠᠠᠵᠢᠠᠠᠠᠷᠠᠪᠳᠠᠨ ᠤ ᠡᠪᠦᠭᠡ ᠳ᠋ᠠᠠᠵᠢᠨ ᠭᠠᠷᠮ᠎ᠠ ᠳᠠᠢ᠌ᠴᠢᠩ ᠪᠣᠯ ᠬᠠᠷ᠎ᠠ ᠬᠤᠯᠠᠨ ᠨᠤᠶᠠᠨ ᠤ ᠬᠤᠶᠠᠳᠤᠭᠠᠷ ᠭᠦᠪᠠᠭᠦᠨ ᠮᠡᠷᠭᠡᠨ ᠳᠠᠢ᠌ᠴᠢᠩ ᠤᠨ ᠶᠡᠭᠡ ᠭᠦᠪᠠᠭᠦᠨ ᠪᠣᠯᠤᠨ᠎ᠠ᠃ ᠡᠨᠡᠭᠦ ᠬᠠᠷ᠎ᠠ ᠬᠤᠯᠠᠨ ᠨᠤᠶᠠᠨ ᠤ ᠭᠠᠷᠤᠯ ᠤᠨ ᠳᠤᠬᠠᠢ ᠭᠡᠪᠠᠯ 《ᠠᠯᠳᠠᠨ ᠭᠦᠷᠳᠤᠨ ᠤ ᠮᠢᠩᠭ᠋ᠠᠨ ᠭᠡᠭᠡᠰᠦᠳᠤ ᠪᠢᠴᠢᠭ᠌》 ᠲᠤ 《ᠴᠤᠷᠤᠰ ᠣᠪᠣᠭᠳᠤ ᠬᠤᠤᠬᠠᠢ ᠳ᠋ᠢᠶᠤ ᠶᠢᠨ ᠭᠦᠪᠠᠭᠦᠨ ᠪᠠᠳᠤᠯᠠ ᠴᠢᠩᠰᠢᠶᠠᠩ᠂ ᠳᠡᠭᠦᠡᠴᠡ ᠳᠤᠭᠤᠨ ᠳᠠᠢ᠌ᠰᠢ᠂ ᠳᠡᠭᠦᠡᠴᠡ ᠠᠷᠠᠠᠤᠨ ᠳᠠᠢ᠌ᠰᠢ᠂ ᠳᠡᠭᠦᠡᠴᠡ ᠣᠩᠭ᠋ᠤᠴᠠ᠂ ᠳᠡᠭᠦᠡᠴᠡ ᠪᠣᠯᠭᠠᠨ ᠳᠠᠢ᠌ᠰᠢ᠂ ᠳᠡᠭᠦᠡᠴᠡ ᠬᠠᠷ᠎ᠠ ᠬᠤᠯᠠᠨ᠂ ᠳᠡᠭᠦᠡᠴᠡ ᠬᠤᠨ ᠳᠠᠢ᠌ᠰᠢ ᠴᠢᠨ᠂ ᠳᠡᠭᠦᠨ ᠤ ᠭᠦᠪᠠᠭᠦᠨ ᠰᠡᠩᠭᠡ᠂ ᠭᠠᠯᠳᠠᠨ ᠪᠣᠱᠤᠭᠳᠤ ᠬᠤᠶᠠᠷ ᠪᠣᠢ》 ⒂ ᠭᠡᠵᠤ ᠳᠡᠮᠳᠡᠭᠯᠡᠵᠤ ᠪᠣᠢ᠃

ᠳᠡᠦᠭᠡᠨ ᠦᠨᠡᠨ ᠡᠴᠠ ᠥᠵᠡᠭᠦ ᠳᠤ᠂ ᠭᠦᠯᠤᠨ ᠪᠣᠢ᠌ᠷ ᠥᠭᠡᠯᠡᠳᠴᠦᠳ ᠪᠣᠯ ᠪᠠᠭᠠᠳᠤᠷᠯᠢᠭ ᠰᠤᠷᠪᠣᠯᠵᠢᠳᠠᠨ ᠣᠭᠰᠠᠭᠠᠳᠠᠨ ᠤ ᠬᠣᠢ᠌ᠴᠢᠰ ᠪᠣᠯᠬᠤ ᠶᠤᠮ᠃


ᠳᠠᠢ᠌ᠯᠪᠣᠷᠢ᠄

⑴⑵⑶⑾ 《ᠣᠢ᠌ᠷᠠᠤᠨ ᠤᠨ ᠳᠡᠦᠭᠡᠨ ᠰᠤᠷᠪᠣᠯᠵᠢ ᠪᠢᠴᠢᠭ᠌》

⑷ 《ᠮᠢᠩ ᠣᠯᠤᠰ ᠤᠨ ᠢᠩᠼᠤᠩ ᠬᠠᠭᠠᠨ ᠤ ᠦᠨᠡᠨ ᠬᠠᠤᠯᠢᠳᠤ ᠪᠢᠴᠢᠭ᠌》 ᠤᠨ 41 ᠳ᠋ᠦᠭᠡᠷ ᠪᠣᠳᠢ᠃

⑸ 《ᠮᠢᠩ ᠣᠯᠤᠰ ᠤᠨ ᠢᠩᠼᠤᠩ ᠬᠠᠭᠠᠨ ᠤ ᠦᠨᠡᠨ ᠬᠠᠤᠯᠢᠳᠤ ᠪᠢᠴᠢᠭ᠌》 ᠊ᠤᠨ137 ᠳ᠋ᠤᠭᠠᠷ ᠪᠣᠳᠢ᠃

⑹ 《ᠮᠢᠩ ᠣᠯᠤᠰ ᠤᠨ ᠢᠩᠼᠤᠩ ᠬᠠᠭᠠᠨ ᠤ ᠦᠨᠡᠨ ᠬᠠᠤᠯᠢᠳᠤ ᠪᠢᠴᠢᠭ᠌》 ᠊ᠤᠨ55 ᠳ᠋ᠤᠭᠠᠷ ᠪᠣᠳᠢ᠃

⑺ 《ᠮᠢᠩ ᠣᠯᠤᠰ ᠤᠨ ᠢᠩᠼᠤᠩ ᠬᠠᠭᠠᠨ ᠤ ᠦᠨᠡᠨ ᠬᠠᠤᠯᠢᠳᠤ ᠪᠢᠴᠢᠭ᠌》 ᠊ᠤᠨ173 ᠳ᠋ᠤᠭᠠᠷ ᠪᠣᠳᠢ᠃

⑻ 《ᠮᠢᠩ ᠣᠯᠤᠰ ᠤᠨ ᠢᠩᠼᠤᠩ ᠬᠠᠭᠠᠨ ᠤ ᠦᠨᠡᠨ ᠬᠠᠤᠯᠢᠳᠤ ᠪᠢᠴᠢᠭ᠌》 ᠊ᠤᠨ184 ᠳ᠋ᠤᠭᠠᠷ ᠪᠣᠳᠢ᠃

⑼⑽⒀ 《ᠯᠢ ᠵᠢᠶᠠ ᠳ᠋ᠦ᠋ ᠪᠣᠯᠤᠨ ᠯᠢ ᠭᠤᠸᠠᠨ ᠪᠢ ᠶᠢᠨ 〈ᠮᠢᠩ ᠣᠯᠤᠰ ᠪᠠ ᠧᠨ ᠯᠠ﹀ (ᠥᠭᠡᠯᠡᠳ) ᠤᠨ ᠳᠠᠢ᠌ᠨ》 1954 ᠣᠨ ᠤ ᠱᠠᠩᠬᠠᠢ ᠶᠢᠨ ᠬᠤᠧᠨ ᠳ᠋ᠦ᠋ᠩ ᠨᠤᠮ ᠭᠡᠪᠯᠡᠯ᠂ 《ᠢᠤᠢ ᠴᠢᠶᠠᠨ ᠪᠣᠯᠤᠨ ᠪᠠᠭᠡᠵᠢᠩ》 ᠤᠨ 1962 ᠣᠨ ᠤ ᠭᠡᠪᠯᠡᠯ᠃

⒁ 《ᠳᠠᠢ᠌ᠴᠢᠩ ᠭᠦᠷᠤᠨ ᠤ ᠱᠸᠩᠽᠤ ᠬᠠᠭᠠᠨ ᠤ ᠦᠨᠡᠨ ᠬᠠᠤᠯᠢᠳᠤ ᠪᠢᠴᠢᠭ᠌》 ᠤᠨ 223 ᠳ᠋ᠤᠭᠠᠷ ᠪᠣᠳᠢ᠃

⒂ 《ᠠᠯᠳᠠᠨ ᠭᠦᠷᠤᠨ ᠤ ᠮᠢᠩᠭ᠋ᠠᠨ ᠭᠡᠭᠡᠰᠦᠳᠤ ᠪᠢᠴᠢᠭ᠌》᠃


ᠳᠤᠰ ᠵᠤᠬᠢᠶᠠᠯ 《ᠦᠷ ᠤᠨ ᠴᠤᠯᠤᠮ》 ᠭᠡᠭᠦ ᠵᠡᠷᠭᠡ ᠶᠢᠨ ᠣᠯᠤᠰ ᠤᠨ ᠳᠤᠳᠤᠭᠠᠳᠤ ᠭᠠᠳᠠᠭᠠᠳᠤ ᠳᠤ ᠳᠠᠷᠬᠠᠭᠠᠭᠳᠠᠬᠤ ᠰᠤᠨᠢᠨ ᠰᠡᠳᠭᠦᠯ ᠳᠤ ᠨᠡᠢ᠌ᠳᠡᠯᠡᠭ᠍ᠳᠡᠵᠤ ᠥᠩᠭᠡᠷᠡᠪᠡ

2010 ᠊᠊᠊᠊᠊᠊᠊᠊᠊᠊᠊᠊᠊᠊᠊ 02 ᠊᠊᠊᠊᠊᠊᠊᠊᠊᠊᠊᠊᠊᠊᠊ 18 ᠊ᠨ᠎ᠠ ᠳᠠᠭᠢᠨ ᠵᠠᠰᠠᠨ ᠨᠠᠢ᠌ᠷᠠᠭᠤᠯᠪᠠ


ᠵᠤᠬᠢᠶᠠᠭᠴᠢ᠄ ᠥᠭᠡᠯᠡᠳ · ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7537
ᠴᠠᠭ᠄ 2010 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ