ᠨᠡᠪᠲᠡᠷᠡᠨ ᠤᠷᠤᠬᠤ
ᠮᠤᠩᠭ᠋ᠤᠯ ᠨᠤᠳᠤᠭ

ᠠᠢ᠌ᠷᠠᠭ ᠤᠨ ᠦᠨᠦᠷ ᠲᠡᠶ ᠠᠮᠢᠳᠤᠷᠠᠯ ᠨᠢ

ᠨᠠᠢ᠌ᠷᠠᠭ ᠤᠨ ᠨᠠᠷᠠ ᠲᠡᠶ ᠪᠠᠨ ᠥᠶᠡᠷᠭᠡᠵᠤ

ᠠᠳᠤᠭᠤᠳ ᠤᠨ ᠭᠠᠩᠭ᠋ᠠᠩ ᠦᠣᠷᠰᠠᠯ

ᠣᠶᠠᠩᠭ᠋᠎ᠠ ᠶᠢᠨ ᠰᠠᠷᠠ ᠲᠡᠶ ᠪᠠᠨ ᠳᠡᠷᠭᠡᠯᠰᠢᠨ᠎ᠡ


ᠳᠦᠪᠯᠡᠭᠦᠨ ᠪᠣᠰᠤᠭ᠎ᠠ ᠰᠤᠶᠤᠯ ᠶᠢᠡᠨ

ᠳᠡᠯᠡᠭᠡᠢ ᠱᠠᠭᠰᠢᠳᠠᠯ᠎ᠠ ᠭᠦᠭ᠍ᠵᠢᠭᠦᠯᠦᠭᠡᠳ

ᠳᠡᠨᠢᠭᠡᠷ ᠮᠤᠩᠭ᠋ᠤᠯ ᠨᠤᠳᠤᠭ ᠮᠢᠨᠢ

ᠳᠡᠭ᠍ᠷᠢᠯᠢᠭ᠌ ᠦᠨᠳᠦᠰᠦᠳᠠᠨ ᠳᠤ ᠪᠠᠨ ᠢᠵᠢᠯᠰᠢᠨ᠎ᠠ


ᠪᠦᠮᠪᠦᠷᠴᠡᠭ᠌ ᠮᠦᠷᠳᠡᠭ᠍ᠰᠡᠨ ᠣᠬᠠᠭᠠᠨ

ᠪᠦᠮᠪᠤᠷᠬᠡᠨ ᠴᠠᠭᠠᠨ ᠦᠷᠦᠭᠡ ᠪᠠᠨ

ᠦᠷᠤᠴᠠᠨ ᠳᠤ ᠪᠠᠨ ᠡᠩᠭᠦᠷᠡᠢ᠌ᠯᠡᠨ ᠳᠠᠪᠠᠷᠢᠵᠤ

ᠦᠷᠦᠪᠴᠢᠭᠡᠨ ᠰᠡᠳᠭᠢᠯ ᠳᠤ ᠨᠢ ᠡᠭᠡᠨᠡᠭ᠍ᠰᠢᠨ᠎ᠡ


ᠰᠠᠷᠠᠭᠤᠯ ᠠᠭᠤᠳᠠᠮ ᠳᠠᠯ᠎ᠠ ᠳᠤ ᠪᠠᠨ

ᠰᠠᠭᠠᠯᠢ ᠰᠥ᠋ ᠴᠠᠯᠭᠢᠭᠤᠯᠵᠤ

ᠰᠤᠳᠤᠨ ᠦᠷᠠᠰ ᠶᠢᠡᠨ ᠪᠦᠪᠠᠢ᠌ᠯᠠᠵᠤ

ᠰᠤᠷᠳᠠᠯ ᠤᠨ ᠰᠠᠢ᠌ᠬᠠᠨ ᠢ ᠭᠠᠢ᠌ᠬᠠᠭᠤᠯᠤᠨ᠎ᠠ


ᠲ᠋ᠠᠪᠤᠨ ᠬᠤᠰᠢᠭᠤ ᠮᠠᠯ ᠶᠢᠡᠨ

ᠳᠠᠯ᠎ᠠ ᠪᠠᠨ ᠳᠦᠭᠦᠷᠡᠳᠡᠯ᠎ᠡ ᠦᠷᠡᠵᠢᠭᠦᠯᠵᠤ

ᠳᠠᠩᠰᠤᠭ ᠮᠤᠩᠭ᠋ᠤᠯ ᠠᠮᠢᠳᠤᠷᠠᠯ

ᠳᠠᠨ ᠤ ᠡᠯᠢᠭᠡᠨ ᠳᠤ ᠣᠶᠠᠩᠭ᠋ᠠᠷᠠᠨ᠎ᠠ


ᠪᠣᠰᠤᠭ᠎ᠠ ᠮᠤᠩᠭ᠋ᠤᠯ ᠤᠨ ᠪᠣᠱᠤᠭ᠎ᠠ ᠬᠤᠷᠣᠢ᠌ᠯᠠᠵᠤ

ᠪᠣᠰᠴᠤ ᠢᠷᠡᠭ᠍ᠰᠡᠨ ᠳᠡᠦᠭᠡ ᠬᠠᠢ᠌ᠯᠵᠤ

ᠪᠣᠭᠳᠠ ᠴᠢᠩᠭᠢᠰ ᠤᠨ ᠢᠷᠦᠭᠡᠯ ᠳᠡᠪᠰᠢᠭᠦᠯᠵᠤ

ᠮᠤᠩᠭ᠋ᠤᠯ ᠨᠤᠳᠤᠭ ᠮᠢᠨᠢ ᠮᠥᠩᠭᠡᠷᠡᠨ᠎ᠡ


           ᠮᠤᠷᠢ


ᠮᠤᠩᠭ᠋ᠤᠯ ᠭᠦᠮᠤᠨ ᠤ ᠠᠮᠢᠳᠤᠷᠠᠯ ᠤᠨ ᠰᠤᠳᠤᠨ ᠡᠭᠢᠯᠡᠯᠳᠡ

ᠮᠤᠩᠭ᠋ᠤᠯ ᠡᠷ᠎ᠡ ᠶᠢᠨ ᠭᠦᠰᠡᠯ ᠴᠢᠩᠭ᠋ᠠᠯᠠᠭᠰᠠᠨ ᠳᠦᠷᠦᠭᠡ

ᠠᠯᠳᠠᠷ ᠨᠠᠷ᠎ᠠ ᠪᠠᠨ ᠳᠡᠯᠡᠭᠡᠢ ᠳᠤ ᠴᠤᠤᠷᠢᠶᠠᠳᠤᠭᠤᠯᠤᠭᠰᠠᠨ ᠴᠠᠳᠢᠭ

ᠠᠤᠭ᠎ᠠ ᠣᠢ᠌ᠯᠠᠰ ᠤᠨ ᠪᠦᠳᠦᠭᠡᠯ ᠳᠠᠭᠤᠳᠠᠭᠰᠠᠨ ᠣᠷᠢᠶ᠎ᠠ


ᠠᠷᠪᠠᠨ ᠭᠤᠷᠪᠠᠳᠤᠭᠠᠷ ᠵᠠᠭᠤᠨ ᠤ ᠦᠶ᠎ᠡ ᠶᠢᠨ ᠠᠽᠢᠶ᠎ᠠ ᠶᠢᠨ ᠭᠦᠭ᠍ᠵᠢᠭ᠍ᠰᠡᠨ ᠰᠤᠶᠤᠯ

ᠠᠴᠢᠶᠠᠯᠠᠵᠤ ᠢᠷᠡᠭ᠍ᠰᠡᠨ ᠳᠡᠦᠭᠡ ᠨᠢ ᠭᠡᠳᠤᠨ ᠵᠠᠭᠤᠨ ᠤ ᠰᠤᠳᠤᠯᠤᠯ

ᠮᠤᠩᠭ᠋ᠤᠯ ᠶᠠᠰᠤᠳᠠᠨ ᠤ ᠭᠦᠭ᠍ᠵᠢᠯ ᠢ ᠨᠢᠷᠤᠭᠤᠨ ᠳᠡᠭᠡᠷ᠎ᠡ ᠪᠠᠨ ᠴᠡᠴᠡᠭᠯᠡᠭᠦᠯᠵᠤ

ᠢᠷᠠᠭᠤ ᠨᠠᠢ᠌ᠷᠠᠭ ᠤᠨ ᠳᠡᠭ᠍ᠷᠢ ᠶᠢ ᠮᠤᠠᠳᠠᠭ᠎ᠠ ᠳᠡᠭᠡᠷ᠎ᠡ ᠪᠠᠨ ᠴᠡᠯᠮᠡᠭᠦᠯᠦᠨ᠎ᠡ


ᠰᠤᠷᠭᠠᠭᠤᠯᠢ ᠳᠤ ᠰᠠᠭᠤᠨ ᠬᠠᠷᠠᠭ᠎ᠠ ᠳᠡᠯᠡᠭᠡᠳ ᠪᠣᠴᠠᠬᠤ ᠳᠤ

ᠰᠤᠳᠤᠨ ᠮᠡᠷᠭᠡᠨ ᠬᠠᠭᠠᠨ ᠴᠢᠩᠭᠢᠰ ᠤᠨ ᠥᠯᠳᠡᠭ᠍ᠳᠡᠯ ᠠᠳᠤᠭᠤᠳ ᠪᠣᠳᠠᠷᠠᠪᠠ

ᠦᠷ ᠤᠨ ᠴᠤᠯᠮᠤᠨ ᠢ ᠰᠡᠷᠢᠭᠡᠳᠡᠭ᠌ ᠠᠭᠳᠠ ᠶᠢᠨ ᠢᠠᠴᠠᠭᠠᠯ ᠵᠠᠩᠭᠢᠷᠠᠵᠤ

ᠦᠷᠦᠭᠡᠯ ᠴᠢᠳᠤᠷ ᠲᠡᠶ ᠠᠷᠠᠯ ᠤᠨ ᠮᠤᠷᠢᠳ ᠰᠢᠷᠤᠢ ᠳᠤᠯᠢᠶᠠᠬᠤ ᠬᠠᠷᠠᠭᠳᠠᠨ᠎ᠠ

ᠠᠢ ᠳ᠋ᠠ᠂ ᠮᠤᠷᠢ ᠮᠢᠨᠢ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3523
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ