☆ ᠴᠤ᠋·ᠣᠷᠭᠢᠯᠳᠤ
ᠨᠤᠳᠤᠭ ᠤᠨ ᠨᠢᠯᠪᠣᠰᠤ
1
ᠭᠦᠭ᠍ᠰᠢᠨ ᠨᠠᠰᠤᠳᠠᠨ ᠶᠢᠡᠨ ᠲᠦᠰᠢᠵᠤ
ᠨᠢᠯᠬ᠎ᠠ ᠪᠠᠭ᠎ᠠ ᠪᠠᠨ ᠳᠡᠪᠠᠷᠢᠭ᠍ᠰᠡᠭᠡᠷ
ᠭᠦᠳᠡᠭᠡ ᠪᠠᠯᠠᠷ ᠡᠴᠠ ᠪᠠᠨ ᠰᠠᠯᠵᠤ
ᠭᠦᠭ᠍ᠵᠢᠶᠡᠨ ᠨᠠᠷᠭᠢᠶᠠᠨ ᠲᠡᠶ ᠬᠤᠳᠠ ᠣᠷᠤᠯ᠎ᠠ᠃
2
ᠠᠵᠢᠯ ᠦᠭᠡᠶ ᠳᠡᠭᠦᠤ ᠨᠡᠷ ᠮᠢᠨᠢ
ᠬᠤᠶᠠᠷ ᠭᠤᠷᠪᠠ ᠪᠠᠷ ᠳᠠᠭᠠᠯᠴᠠᠵᠤ
ᠬᠤᠳᠠ ᠵᠡᠭᠡᠯᠢ ᠪᠠᠷ ᠭᠡᠰᠦᠯᠴᠡᠭᠡᠳ
ᠪᠦᠵᠢᠭ᠌ ᠤᠨ ᠳᠢᠩᠭᠢᠮ ᠢ
ᠪᠢᠵᠢᠭᠡᠨᠡᠭᠦᠯᠵᠤ ᠲ᠋ᠡᠯᠭᠢᠳᠡᠭᠠᠳ ᠰᠢᠭᠦᠭ᠍ᠳᠡᠨᠡ
ᠠᠷᠢᠭᠢᠨ ᠮᠤᠬᠤᠯᠠᠭ ᠢ
ᠠᠷᠭᠢᠷᠠᠵᠤ ᠳᠤᠩᠭ᠋ᠤᠰᠤᠭᠠᠤᠨ ᠭᠦᠭᠡᠭᠡᠭ᠍ᠳᠡᠨᠡ᠃
3
ᠭᠡᠦᠭᠡᠨ ᠳᠡᠭᠦᠤ ᠲᠡᠶ ᠢᠯᠭᠠᠭ᠎ᠠ ᠭᠡᠦᠭᠡᠡᠴᠦᠳ ᠮᠢᠨᠢ
ᠬᠤᠭᠤᠯᠠᠢ ᠪᠠᠢ᠌ᠨ᠎ᠠ ᠭᠡᠳ
ᠬᠤᠭᠤᠯᠠᠨ ᠭᠡᠷ ᠲᠤ ᠳᠠᠭᠤᠯᠠᠨ᠎ᠠ
ᠬᠤᠠᠵᠢᠶ᠎ᠠ ᠲᠡᠶ ᠪᠠᠢ᠌ᠨ᠎ᠠ ᠭᠡᠳ
ᠬᠤᠨᠤᠭ ᠤᠨ ᠭᠠᠵᠠᠷ ᠲᠤ ᠣᠢ᠌ᠯᠠᠴᠢᠯᠠᠨᠡ
ᠵᠤᠭᠤᠰ ᠲᠡᠶ ᠪᠠᠢ᠌ᠨ᠎ᠠ ᠭᠡᠳ
ᠮᠦᠩᠭᠦᠳᠡᠨ ᠢ ᠳᠠᠭᠠᠭᠠᠤᠨ ᠭᠦᠶᠤᠨ᠎ᠡ
ᠳᠡᠷᠭᠡ ᠲᠡᠶ ᠲᠡᠶ ᠪᠠᠢ᠌ᠨ᠎ᠠ ᠭᠡᠳ
ᠳᠡᠷᠭᠡ ᠶᠢ᠌ ᠨᠢ ᠳᠠᠭᠤᠭᠠᠤᠨ ᠳᠠᠷᠪᠠᠨᠡ᠃
4
ᠭᠦᠳᠡᠭᠡ ᠮᠢᠨᠢ ᠬᠠᠢ᠌ᠷᠠᠨ ᠭᠡᠳ
ᠭᠤᠨᠢᠴᠤᠳ ᠨᠢ
ᠮᠤᠲ᠋ᠤᠷ ᠴᠤ ᠥᠭᠡᠢ
ᠳᠤᠰᠤ ᠴᠤ ᠥᠭᠡᠢ
ᠵᠠᠮ ᠴᠤ ᠥᠭᠡᠢ
ᠮᠠᠢ᠌ᠮᠠᠢ ᠴᠤ ᠥᠭᠡᠢ
ᠪᠢᠳᠡᠭᠦᠤ
ᠬᠤᠷᠢ ᠶᠠᠰᠤᠨ ᠤ ᠬᠤᠪᠢᠶᠠᠷᠠᠯᠠᠯ ᠭᠡᠳ
ᠬᠤᠭᠤᠷᠤᠠᠳᠤ ᠪᠠᠨ
ᠬᠤᠷᠢ ᠭᠤᠴᠢᠨ ᠭᠠᠵᠠᠷ ᠵᠠᠢ ᠲᠡᠶ ᠴᠤ
ᠬᠤᠪᠢ ᠲᠡᠶ ᠶᠤᠮ ᠰᠢᠭ ᠣᠴᠠᠷᠠᠨ
ᠬᠤᠨᠢ ᠪᠠᠨ ᠦᠷᠤᠪᠴᠢᠯᠠᠵᠤ
ᠮᠢᠬ᠎ᠠ ᠪᠠᠨ ᠵᠤᠭᠤᠭᠯᠠᠨ
ᠠᠷᠢᠭᠢ ᠪᠠᠨ ᠣᠤᠭᠤᠵᠤ
ᠭᠡᠳᠤᠨ ᠡᠳᠦᠷ ᠵᠢᠡᠷ ᠭᠦᠭᠡᠷᠡᠯᠳᠦᠵᠤ
ᠰᠢᠷ᠎ᠠ ᠥᠩᠭᠡᠳᠤ ᠳᠦᠷᠰᠤ ᠪᠠᠷ
ᠰᠠᠨᠠᠭ᠎ᠠ ᠪᠠᠨ ᠬᠠᠩᠭ᠋ᠠᠨ᠎ᠠ᠃
5
ᠪᠣᠭᠤᠷᠤᠯᠴᠤᠳ ᠮᠢᠨᠢ
ᠳᠠᠶᠠᠭ ᠶᠢᠡᠨ ᠳᠤᠯᠤᠵᠤ
ᠠᠰᠠᠷ ᠡᠴᠠ ᠬᠠᠢ᠌ᠵᠠᠭᠠᠴᠠᠵᠤ ᠨᠢᠭᠡ ᠪᠠᠭᠤᠨ᠎ᠠ
ᠵᠤᠭᠰᠤᠬᠤ ᠪᠣᠯᠤᠭᠠᠤᠨ ᠨᠢᠭᠡ ᠶᠤᠤᠯᠠᠨ᠎ᠠ
ᠳᠠᠭᠢᠭᠠᠤᠨ
ᠠᠰᠠᠷ ᠶᠢᠡᠨ ᠳᠠᠪᠠᠵᠤ
ᠠᠮᠢᠰᠬᠤᠭᠠᠳᠠᠵᠤ ᠨᠢᠭᠡ ᠮᠠᠴᠤᠨ᠎ᠠ
ᠭᠦᠴᠦᠯᠡᠵᠤ ᠨᠢᠭᠡ ᠠᠮᠠᠷᠠᠨ᠎ᠠ
ᠠᠰᠠᠷ ᠤᠨ ᠦᠨᠳᠦᠷ ᠡᠴᠠ
ᠠᠮᠢᠨ ᠬᠠᠢ᠌ᠷᠠᠳᠠᠢ ᠨᠤᠳᠤᠭ ᠵᠢᠠᠨ
ᠪᠠᠷᠠᠭᠠᠯᠠᠵᠤ ᠨᠢᠭᠡ ᠰᠠᠷᠠᠪᠴᠢᠯᠠᠨ᠎ᠠ
ᠰᠠᠷᠠᠪᠴᠢᠯᠠᠵᠤ ᠨᠢᠭᠡ ᠳᠤᠷᠠᠠᠳᠠᠨᠠ
ᠥᠭᠡᠢ᠌ᠯᠡᠵᠤ ᠨᠢᠭᠡ ᠣᠶᠠᠷᠠᠨ᠎ᠠ᠃
6
ᠳᠤᠮᠤᠭᠠᠴᠤᠳ ᠮᠢᠨᠢ
ᠠᠷᠪᠠ ᠬᠤᠷᠢ ᠪᠠᠷ ᠬᠠᠮᠳᠤᠷᠠᠵᠤ
ᠵᠤᠭᠤᠰᠤᠨ ᠶᠡᠭᠡ ᠪᠠᠷᠢᠯᠭ᠎ᠠ ᠳ᠋ᠤ ᠪᠠᠯᠠ ᠣᠷᠤᠭᠤᠯᠤᠨ᠎ᠠ
ᠪᠠᠷᠢᠯᠭ᠎ᠠ ᠶᠢᠨ ᠡᠵᠡᠨ ᠤ
ᠪᠠᠷ᠎ᠠ ᠴᠤ ᠦᠭᠡᠶ ᠪᠠᠷ
ᠴᠠᠭᠠᠨ ᠴᠠᠭᠠᠰᠤᠨ ᠳᠡᠭᠡᠷ᠎ᠡ ᠭᠡᠷ᠎ᠡ ᠳᠤᠭᠳᠠᠨ᠎ᠠ
ᠭᠡᠳᠤᠨ ᠵᠢᠯ ᠵᠢᠠᠷ
ᠠᠵᠢᠯ ᠴᠤ ᠦᠭᠡᠶ ᠵᠠᠷᠭᠤ ᠭᠦᠭᠡᠭᠡᠴᠡᠯᠳᠤᠨᠡ
ᠭᠦᠮᠤᠨ ᠳ᠋ᠤ ᠮᠡᠭᠡᠯᠡᠭ᠍ᠳᠡᠭ᠍ᠰᠡᠨ ᠴᠤ
ᠨᠢᠭᠡ ᠨᠢ ᠨᠢᠭᠡ ᠪᠠᠨ ᠪᠠᠷᠢᠯ᠎ᠡ ᠭᠡᠳ
ᠡᠭᠢᠨᠡᠷ ᠬᠡᠦᠬᠡᠳ ᠨᠢ
ᠣᠠᠳᠠᠭᠠᠤᠨ ᠨᠣᠢ᠌ᠷ ᠥᠭᠡᠢ
ᠢᠳᠡᠭᠡᠳ ᠬᠤᠭᠤᠯᠠ ᠦᠭᠡᠶ
ᠭᠦᠳᠡᠭᠡ ᠳᠡᠭᠡᠨ ᠪᠠᠢ᠌ᠬᠤ ᠳ᠋ᠤ
ᠠᠯᠤᠩᠭ᠋ᠤᠸ᠎ᠠ ᠡᠭᠡ ᠵᠢᠨ
ᠳᠠᠪᠤᠨ ᠮᠦᠰᠤ ᠰᠢᠭ ᠳᠤᠮᠤᠠᠭᠠᠴᠤᠳ
ᠭᠠᠭᠴᠠ ᠭᠠᠭᠴᠠ ᠶᠢᠡᠷ ᠰᠠᠯᠵᠤ ᠰᠠᠷᠨᠢᠪᠠ᠃
7
ᠢᠳᠠᠷᠴᠤᠳ ᠮᠢᠨᠢ
ᠮᠤᠩᠭ᠋ᠤᠯ ᠨᠠᠢ᠌ᠷ ᠢ
ᠠᠰᠠᠷ ᠤᠨ ᠴᠤᠩᠬᠤ ᠪᠠᠷ ᠴᠤᠤᠷᠢᠶᠠᠯᠳᠤᠭᠤᠯᠤᠨᠠ
ᠮᠠᠭᠠᠵᠢᠶᠠᠩ ᠤᠨ ᠳᠠᠭᠤᠨ ᠢ
ᠠᠰᠠᠷ ᠤᠨ ᠭᠤᠳᠤᠮᠵᠢ ᠪᠠᠷ ᠫᠠᠷᠴᠢᠭᠢᠨᠠᠨᠠ
ᠠᠳᠠᠭ ᠤᠨ ᠬᠠᠷᠢᠶᠠᠯ ᠢ
ᠠᠰᠠᠷ ᠤᠨ ᠬᠤᠩᠭᠢᠯ ᠵᠢᠠᠷ ᠰᠤᠨᠤᠰᠳᠠᠭᠤᠯᠤᠨᠠ
ᠠᠪᠣᠯᠭ᠎ᠠ ᠶᠢᠨ ᠭᠦᠮᠦᠰ ᠢ
ᠠᠰᠠᠷ ᠤᠨ ᠡᠭᠦᠳᠡ ᠪᠠᠷ ᠣᠭᠳᠤᠵᠤ ᠦᠳᠦᠨᠡ
ᠦᠷᠢ ᠶᠢᠨ ᠣᠷᠤᠨ ᠳ᠋ᠤ ᠡᠳ᠋ᠯᠡᠯ ᠳᠠᠸᠠᠷ
ᠦᠷᠦᠭᠡ ᠭᠡᠷ ᠡᠴᠠ ᠵᠥᠭᠡᠭᠡᠪᠦᠷᠢᠯᠡᠭ᠍ᠳᠡᠨᠡ
ᠵᠠᠷᠢᠮ ᠨᠢ
ᠠᠮᠠᠷᠠᠵᠤ ᠰᠠᠭᠤᠬᠤ ᠶᠢᠨ ᠣᠷᠤᠨ ᠳ᠋ᠤ
ᠠᠷᠭᠠᠯᠠᠵᠤ ᠨᠢᠭᠡ ᠣᠯᠤᠶ᠎ᠠ ᠭᠡᠳ
ᠠᠷᠪᠠ ᠬᠤᠷᠢ ᠪᠠᠷ ᠨᠠᠭᠠᠳᠤᠪᠠ
ᠠᠯᠢᠨ ᠡᠴᠠ ᠣᠷᠢᠳᠠ
ᠠᠮᠢᠨ ᠬᠠᠢ᠌ᠷᠠᠳᠠᠢ ᠨᠤᠳᠤᠭ ᠶᠢᠡᠨ ᠠᠯᠳᠠᠪᠠ
ᠠᠯᠳᠠᠭᠰᠠᠨ ᠤ ᠲ᠋ᠠᠷᠠᠭ᠎ᠠ ᠳᠤ
ᠠᠰᠠᠷ ᠤᠨ ᠦᠨᠡᠮᠯᠠᠯ ᠶᠢᠡᠨ ᠠᠯᠳᠠᠪᠠ
ᠠᠯᠳᠠᠭᠰᠠᠨ ᠤ ᠰᠡᠭᠦᠯ ᠳ᠋ᠤ
ᠠᠮᠢᠳᠤᠷᠠᠯ ᠤᠨ ᠪᠠᠳᠤᠯᠠᠭ᠎ᠠ ᠪᠠᠨ ᠴᠤ ᠠᠯᠳᠠᠪᠠ
ᠠᠳᠠᠭ ᠤᠨ ᠠᠳᠠᠭ ᠳᠤ
ᠠᠮᠢᠨ ᠳᠤ ᠨᠢ ᠣᠷᠭᠤᠭᠰᠠᠨ
ᠠᠯᠠᠭ᠎ᠠ ᠡᠴᠠ ᠥᠭᠡᠷ᠎ᠡ
ᠠᠮᠢᠳᠤᠷᠠᠯ ᠤᠨ ᠰᠠᠪᠠ ᠦᠭᠡᠶ ᠪᠣᠯᠪᠠ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2652
ᠴᠠᠭ᠄ 2012 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ