ᠨᠡᠪᠲᠡᠷᠡᠨ ᠤᠷᠤᠬᠤ
ᠮᠤᠩᠭ᠋ᠤᠯ ᠤᠨ ᠥᠡᠳᠦᠷᠯᠢᠭ᠌

ᠮᠥᠩᠭᠡ ᠭᠠᠯᠪᠠ ᠶᠢᠨ ᠪᠤᠷᠬᠠᠨ ᠥᠡᠳᠦᠷᠯᠢᠭ᠌

ᠮᠤᠷᠢᠳᠠᠨ ᠦᠨᠳᠦᠰᠦᠳᠠᠨ ᠤ ᠰᠢᠳᠦᠭᠡᠨ ᠥᠡᠳᠦᠷᠯᠢᠭ᠌ ︕

ᠳᠡᠭᠡᠭᠦᠷ ᠨᠢ ᠵᠢᠭᠦᠷ ᠲᠡᠶ ᠪᠦᠭᠦᠨ ᠭᠠᠷᠳᠠᠭ ᠪᠢᠰᠢ

ᠳᠡᠷᠭᠡᠳᠡ ᠨᠢ ᠭᠦᠯ ᠲᠡᠶ ᠪᠤᠯᠭᠠᠨ ᠭᠦᠷᠳᠡᠭ᠌ ᠴᠤ ᠪᠢᠰᠢ ᠡ ︕

ᠡᠴᠢᠭᠡ ᠶᠢᠨ ᠵᠡᠭᠦᠭ᠍ᠰᠡᠨ ᠭᠢᠳᠤᠭ᠎ᠠ ᠶᠢ

ᠴᠢᠯᠠᠭᠤᠨ ᠳᠤ ᠨᠢ ᠢᠷᠯᠠᠪᠠᠯ

ᠮᠤᠬᠤᠬᠤ ᠦᠭᠡᠶ ᠷᠢᠳᠢ ᠲᠡᠶ

ᠡᠵᠢ ᠶᠢᠨ ᠰᠠᠭᠠᠭᠰᠠᠨ ᠰᠦ᠋ ᠶᠢ

ᠰᠡᠭᠦᠳᠡᠷ ᠲᠤ ᠨᠢ ᠳᠠᠯᠪᠢᠪᠠᠯ

ᠢᠰᠳᠡᠭ᠌ ᠦᠭᠡᠶ ᠰᠢᠳᠢ ᠲᠡᠶ

ᠨᠠᠷᠠ ᠨᠢ ᠬᠠᠯᠠᠬᠤ ᠳᠠᠭᠠᠨ ᠭᠦᠯᠦᠷᠡᠵᠤ

ᠨᠠᠭᠤᠷ ᠲᠤ ᠨᠢ ᠰᠡᠷᠢᠭᠦᠴᠡᠵᠤ ᠣᠮᠪᠠᠳᠠᠭ ᠥᠡᠳᠦᠷᠯᠢᠭ᠌ ︕

ᠰᠠᠷᠠ ᠨᠢ ᠭᠠᠭᠴᠠᠭᠠᠷᠳᠠᠬᠤ ᠳᠠᠭᠠᠨ ᠣᠢ᠌ᠤᠠᠴᠤ

ᠨᠦᠮᠦᠷᠢ ᠳᠤ ᠨᠢ ᠳᠠᠭᠤᠯᠠᠵᠤ ᠬᠤᠨᠤᠳᠠᠭ ᠥᠡᠳᠦᠷᠯᠢᠭ᠌ ︕

ᠰᠠᠯᠭᠢ ᠨᠢ ᠰᠥᠷᠳᠡᠭᠦ ᠳᠡᠭᠡᠨ ᠨᠤᠮᠤᠬᠠᠷᠠᠵᠤ

ᠵᠤᠯᠠᠢ ᠶᠢ ᠨᠢ ᠢᠯᠪᠢᠨ ᠠᠷᠭᠠᠳᠠᠳᠠᠭ ᠶᠤᠮ

ᠡᠭᠦᠯᠡ ᠨᠢ ᠨᠡᠭᠦᠳᠡᠯᠯᠡᠭᠦ ᠳᠡᠭᠡᠨ ᠳᠡᠭᠡᠭᠯᠡᠵᠤ

ᠪᠤᠷᠤᠭ᠎ᠠ ᠪᠠᠨ ᠬᠠᠢ᠌ᠷᠠᠯᠠᠨ ᠡᠷᠭᠡᠯᠡᠳᠡᠭ᠌ ᠶᠤᠮ

ᠠᠭᠤᠯᠠ ᠨᠢ ᠰᠡᠭ᠍ᠴᠢᠭᠦᠯᠭᠦ ᠳᠡᠭᠡᠨ ᠭᠢᠯᠢᠩᠨᠠᠵᠤ

ᠭᠠᠯ ᠶᠢᠡᠷ ᠳᠡᠯᠪᠠᠷᠡᠳᠡᠭ᠌ ᠠᠷᠠᠠᠰᠢᠨ ᠲᠡᠶ

ᠣᠰᠤ ᠨᠢ ᠣᠷᠤᠰᠬᠤ ᠳᠠᠭᠠᠨ ᠭᠦᠭᠡᠮᠡᠢ᠌ᠳᠡᠵᠤ

ᠴᠡᠴᠡᠭ᠌ ᠶᠢᠡᠨ ᠥᠨᠦᠰᠳᠡᠭ᠌ ᠠᠭᠠᠯᠢ ᠲᠡᠶ

ᠭᠠᠳᠠᠭᠰᠢ ᠴᠤᠬᠣᠢ᠌ᠬᠤ ᠳᠠᠭᠠᠨ ᠭᠠᠩ ᠰᠢᠭ ᠪᠠᠢ᠌ᠶ᠎ᠠ ᠭᠡᠳ

ᠡᠪᠠᠰᠤ ᠨᠢ ᠭᠦᠷᠳᠡᠯ᠎ᠡ ᠦᠨᠳᠦᠰᠦ ᠪᠠᠷ ᠶᠢᠡᠨ ᠬᠤᠯᠪᠤᠯᠳᠠᠳᠠᠭ

ᠭᠠᠩᠳᠠᠭᠰᠠᠨ ᠭᠦᠷᠦᠰᠤᠨ ᠳᠡᠭᠡᠨ ᠰᠡᠭᠦᠳᠡᠷ ᠪᠤᠯᠤᠶ᠎ᠠ ᠭᠡᠳ

ᠮᠤᠳᠤ ᠨᠢ ᠪᠤᠯᠪᠠᠴᠤ ᠮᠦᠴᠢᠷ ᠶᠢᠡᠷ ᠶᠢᠡᠨ ᠨᠡᠢ᠌ᠯᠡᠳᠡᠭ᠌

ᠬᠠᠭᠠᠨ ᠲᠦᠷᠦ ᠶᠢᠨ ᠭᠤᠯᠤᠮᠳᠠ ᠮᠠᠨᠠᠭᠰᠠᠨ

ᠬᠠᠳᠠᠨ ᠤ ᠴᠢᠯᠠᠭᠤ ᠨᠢ ᠮᠤᠩᠭ᠋ᠤᠯ ᠶᠢᠡᠷ ᠶᠠᠷᠢᠳᠠᠭ

ᠬᠠᠳᠤᠨ ᠡᠭᠡ ᠶᠢᠨ ᠨᠢᠯᠪᠤᠰᠤ ᠳᠤᠰᠤᠭᠰᠠᠨ

ᠬᠠᠯᠭᠢᠯᠠᠬᠤ ᠮᠦᠷᠠᠨ ᠨᠢ ᠴᠢᠰᠤ ᠪᠠᠷ ᠣᠭᠢᠯᠠᠳᠠᠭ

ᠳᠠᠷᠠᠵᠤ ᠪᠤᠲᠠᠷᠠᠭᠰᠠᠨ ᠦᠷᠡᠰ ᠶᠢᠡᠨ ᠥᠭᠡᠢ᠌ᠯᠡᠵᠤ

ᠭᠦᠪᠴᠢ ᠨᠢ ᠭᠡᠵᠢᠶᠡᠳᠡ ᠭᠤᠨᠢᠭ ᠲᠡᠶ ᠰᠢᠷᠠᠯᠠᠳᠠᠭ

ᠳᠠᠪᠤᠨ ᠮᠦᠰᠤᠨ ᠤ ᠰᠤᠷᠭᠠᠯ ᠬᠠᠢ᠌ᠯᠵᠤ

ᠭᠦᠳᠡᠭᠡ ᠨᠢ ᠳᠠᠩᠳᠠ ᠨᠢᠯᠪᠤᠰᠤ ᠲᠡᠶ ᠰᠡᠷᠡᠳᠡᠭ᠌

ᠰᠢᠨᠤᠯ ᠤᠨ ᠨᠢᠳᠤᠳ ᠢ ᠰᠤᠬᠤᠯᠠᠬᠤ ᠭᠡᠵᠤ

ᠭᠤᠪᠢ ᠨᠢ ᠵᠤᠨ ᠳᠠᠭᠠᠨ ᠡᠯᠡᠰᠤ ᠪᠠᠷ ᠰᠢᠭᠤᠷᠠᠳᠠᠭ︕

ᠰᠢᠯᠤᠰᠤ ᠲᠡᠶ ᠠᠮᠠ ᠶᠢ ᠳᠠᠭᠯᠠᠬᠤ ᠭᠡᠵᠤ

ᠭᠤᠤᠯ ᠨᠢ ᠡᠪᠦᠯ ᠳᠡᠭᠡᠨ ᠮᠦᠰᠤ ᠪᠠᠷ ᠳᠦᠭᠦᠷᠳᠡᠭ᠌ ︕

ᠵᠡᠭᠦᠳᠤᠨ ᠳᠤ ᠢᠷᠡᠳᠡᠭ᠌ ᠡᠷᠳᠡᠨᠢ ᠶᠢᠨ ᠭᠦᠯᠦᠭ᠌ ᠨᠢ

ᠣᠶᠠᠭᠠᠨ ᠳᠤ ᠰᠣᠢ᠌ᠭᠳᠠᠵᠤ ᠡᠮᠡᠭᠡᠯ ᠲᠡᠶ ᠬᠠᠳᠠᠨ᠎ᠠ

ᠵᠢᠷᠦᠭᠡᠨ ᠳᠤ ᠳᠠᠨᠢᠭᠳᠠᠬᠤ ᠡᠮᠳᠡᠷᠭᠡᠢ ᠰᠠᠯᠠᠮ᠎ᠠ ᠨᠢ

ᠦᠨᠡᠰᠤᠨ ᠳᠤ ᠪᠤᠯᠠᠭᠳᠠᠵᠤ ᠵᠢᠪᠠ ᠲᠡᠶ ᠭᠡᠪᠳᠡᠨ᠎ᠡ

ᠬᠠᠪᠴᠢᠭᠳᠠᠬᠤ ᠳᠠᠭᠠᠨ ᠪᠤᠰᠳᠠᠭ ᠬᠠᠳᠠᠭᠤ ᠵᠤᠷᠢᠭ ᠢ

ᠴᠢᠯᠠᠭᠤ ᠨᠢ ᠨᠠᠳᠠ ᠵᠢᠭᠠᠠᠭᠰᠠᠨ ᠶᠤᠮ︕

ᠬᠠᠯᠠᠭᠤᠳᠠᠬᠤ ᠳᠠᠭᠠᠨ ᠪᠤᠲᠠᠷᠠᠳᠠᠭ ᠨᠢᠯᠪᠦᠰᠤᠨ ᠰᠤᠷᠭᠠᠮᠵᠢ ᠶᠢ

ᠱᠠᠭᠠᠵᠠᠭᠠᠢ ᠨᠢ ᠨᠠᠳᠠ ᠱᠠᠭᠰᠢᠭᠰᠠᠨ ᠶᠤᠮ︕

ᠳᠤᠳᠤᠷ᠎ᠠ ᠡᠴᠡ ᠪᠠᠨ ᠶᠠᠭᠤᠨ ᠳᠤ ᠡᠪᠳᠡᠷᠡᠪᠡ ᠭᠡᠳ

ᠰᠢᠮᠠᠭᠤᠯ ᠨᠢ ᠨᠠᠮ᠎ᠠ ᠶᠢ ᠬᠠᠵᠠᠭᠰᠠᠨ ᠶᠤᠮ︕

ᠳᠤᠤᠷ᠎ᠠ ᠡᠴᠡ ᠪᠠᠨ ᠶᠠᠭᠤᠨ ᠳᠤ ᠭᠦᠯᠪᠠᠷᠢᠪᠡ ᠭᠡᠳ

ᠰᠢᠷᠢᠭᠢ ᠨᠢ ᠨᠠᠮ᠎ᠠ ᠶᠢ ᠬᠠᠳᠬᠤᠭᠰᠠᠨ ᠶᠤᠮ︕

ᠮᠢᠨᠤ ᠭᠦᠷᠦᠶ᠎ᠡ ᠭᠡᠳ ᠭᠦᠷᠴᠤ ᠪᠤᠯᠳᠠᠭ ᠦᠭᠡᠶ

ᠭᠦᠰᠡᠯ ᠤᠨ ᠭᠦᠭᠡ ᠭᠠᠯ ᠊᠊᠊᠊᠊᠊᠊᠊᠊᠊᠊᠊᠊᠊᠊

ᠮᠤᠩᠭ᠋ᠤᠯ ᠤᠨ ᠥᠡᠳᠦᠷᠯᠢᠭ᠌ ︕

ᠮᠢᠨᠤ ᠬᠠᠷᠠᠶ᠎ᠠ ᠭᠡᠳ ᠬᠠᠷᠠᠵᠤ ᠴᠢᠳᠠᠳᠠᠭ ᠦᠭᠡᠶ

ᠬᠠᠭᠠᠰ ᠰᠢᠳᠠᠭᠰᠠᠨ ᠳᠣᠢ᠌ᠮᠠᠷ ᠴᠤ ᠊᠊᠊᠊᠊᠊᠊᠊᠊᠊᠊᠊᠊᠊᠊

ᠮᠤᠩᠭ᠋ᠤᠯ ᠤᠨ ᠥᠡᠳᠦᠷᠯᠢᠭ᠌ ᠡ ︕

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2809
ᠴᠠᠭ᠄ 2009 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ