ᠨᠡᠪᠲᠡᠷᠡᠨ ᠤᠷᠤᠬᠤ
ᠬᠠᠪᠣᠳᠤ ᠥᠭᠡ

ᠢᠷᠦᠭᠡᠯ ᠲᠡᠶ ᠳᠤ ᠪᠠᠨ ᠣᠴᠠᠷᠠᠵᠤ

ᠢᠷᠤᠭᠠᠷ ᠲᠡᠶ ᠳᠤ ᠪᠠᠨ ᠳᠤᠭᠳᠠᠨ᠎ᠠ


ᠡᠪᠦᠭᠡᠨ ᠢᠷᠠᠪᠠᠯ ᠥᠭᠡ ᠨᠠᠮᠠᠨ᠎ᠠ

ᠬᠡᠦᠬᠡᠳ ᠢᠷᠠᠪᠠᠯ ᠭᠦᠴᠤ ᠨᠠᠮᠠᠨ᠎ᠠ


ᠭᠡᠷᠡᠭᠯᠡᠭᠦ ᠳᠤ

ᠭᠡᠷᠢᠶᠡᠨ ᠨᠢᠳᠤ ᠮᠢᠩᠭ᠋ᠠᠨ ᠯᠠᠩ


ᠡᠷᠢᠶᠡᠯᠡᠪᠠᠯ ᠡᠷᠢᠶᠡᠨ ᠭᠡᠳᠡᠰᠤᠨ ᠤ ᠵᠤᠪᠠᠯᠠᠩ

ᠨᠠᠷᠢᠯᠠᠪᠠᠯ ᠨᠠᠷᠢᠨ ᠭᠡᠳᠡᠰᠤᠨ ᠤ ᠵᠤᠪᠠᠯᠠᠩ


ᠣᠯᠠᠨ ᠤ ᠶᠤᠰᠤ

ᠣᠷᠴᠢᠯᠠᠩ ᠤᠨ ᠵᠦᠢ


ᠣᠭᠤᠵᠢ ᠨᠢ ᠮᠠᠭᠤ ᠪᠣᠯᠪᠠᠴᠤ

ᠣᠭ ᠨᠢ ᠮᠠᠭᠤ ᠦᠭᠡᠶ


ᠦᠨᠡᠨ ᠶᠢᠡᠨ ᠭᠡᠯᠡᠭᠡᠳ

ᠪᠠᠯᠠᠨ ᠶᠢᠡᠨ ᠢᠳᠡᠭᠦ


ᠣᠢ᠌ᠯᠠ ᠪᠠᠨ ᠥᠵᠡᠭᠡᠳ

ᠦᠰᠦ ᠪᠠᠨ ᠳᠡᠭᠦᠭᠦ


ᠨᠢᠭᠤᠷ ᠲᠤ ᠪᠠᠨ ᠭᠠᠯ ᠲᠡᠶ

ᠨᠢᠳᠤᠨ ᠳᠤ ᠪᠠᠨ ᠴᠤᠭ ᠲᠡᠶ


ᠠᠯᠳᠠ ᠶᠢ ᠨᠢ ᠠᠪᠣᠭᠠᠤᠨ

ᠠᠪᠳᠠᠷ᠎ᠠ ᠶᠢ ᠨᠢ ᠬᠠᠶᠠᠬᠤ


ᠣᠰᠤᠨ ᠭᠤᠯᠭᠤᠭᠤᠷ

ᠳᠤᠰᠤᠨ ᠵᠥᠯᠭᠦᠭᠦᠷ


ᠬᠤᠷᠤᠭᠤᠨ ᠥᠵᠦᠭᠦᠷ

ᠬᠤᠮ ᠫᠠᠤᠨ


ᠭᠡᠯᠡᠪᠠᠯ ᠥᠭᠡ

ᠭᠢᠰᠭᠢᠪᠠᠯ ᠭᠠᠵᠠᠷ


ᠴᠠᠢ ᠴᠤ ᠦᠭᠡᠶ

ᠴᠢᠷᠠᠢ ᠴᠤ ᠦᠭᠡᠶ


ᠥᠭᠡᠭᠦ ᠴᠤ ᠪᠢᠰᠢ

ᠪᠣᠯᠴᠢᠷᠬᠠᠢ ᠴᠤ ᠪᠢᠰᠢ


ᠡᠯᠵᠢᠭᠡ ᠴᠤ ᠦᠭᠡᠶ

ᠭᠤᠷᠪᠠᠨ ᠯᠠᠩ ᠴᠤ ᠦᠭᠡᠶ


ᠨᠤᠶᠠᠨ ᠨᠢ ᠨᠤᠬᠠᠢ ᠪᠠᠨ

ᠨᠤᠬᠠᠢ ᠨᠢ ᠰᠡᠭᠦᠯ ᠶᠢᠡᠨ

ᠰᠡᠭᠦᠯ ᠨᠢ ᠰᠠᠩᠭ᠋ᠤᠷᠴᠠᠭ ᠶᠢᠡᠨ


ᠪᠣᠶᠠᠨ ᠲᠡᠶ ᠭᠦᠮᠤᠨ ᠤ

ᠪᠣᠬᠠᠠᠳᠠᠢ ᠨᠢ ᠳᠤᠭᠤᠯᠯᠠᠨ᠎ᠠ


ᠥᠵᠡᠭᠦ ᠦᠭᠡᠶ ᠪᠠᠨ ᠦᠵᠡᠵᠤ

ᠥᠭᠡᠷ ᠴᠠᠮ ᠶᠢᠡᠨ ᠬᠠᠷᠠᠢ᠌ᠬᠤ


ᠪᠦᠳᠦᠭᠦᠨ ᠡᠪᠠᠰᠤᠨ ᠳᠤ ᠪᠦᠳᠦᠷᠢᠮᠡᠷ

ᠨᠠᠷᠢᠨ ᠡᠪᠠᠰᠤᠨ ᠳᠤ ᠨᠠᠢ᠌ᠭᠤᠮᠠᠷ


ᠬᠣᠢ᠌ᠨ᠎ᠠ ᠢᠷᠡᠭ᠍ᠰᠡᠨ ᠤ ᠭᠢᠨᠢ

ᠬᠤᠪᠢ ᠨᠢ ᠶᠡᠭᠡ


ᠬᠤᠶᠠᠷ ᠤᠨ ᠬᠤᠭᠤᠷᠤᠠᠳᠤ

ᠭᠤᠷᠪᠠ ᠶᠢᠨ ᠳᠤᠮᠳᠠ


ᠰᠢᠭᠡᠷ᠎ᠡ ᠪᠠᠨ ᠰᠢᠷᠠᠵᠤ ᠢᠳᠠᠮ᠎ᠠ ᠵᠠᠯᠬᠠᠭᠤ


ᠭᠦᠯ ᠨᠢᠭᠡᠳᠡᠢ

ᠭᠦᠵᠦᠭᠦᠤ ᠬᠤᠯᠪᠣᠭᠠᠳᠠᠢ


ᠭᠠᠷ ᠮᠡᠭᠦᠰ

ᠭᠠᠠᠵᠤᠭ᠎ᠠ ᠳᠠᠳᠠᠭᠤ


ᠭᠠᠷᠪᠠᠯ ᠭᠠᠠᠵᠤᠭ᠎ᠠ ᠲᠡᠶ

ᠣᠷᠤᠪᠠᠯ ᠣᠯᠵᠠ ᠲᠡᠶ


ᠵᠤᠷᠢᠭ ᠶᠢᠡᠷ ᠶᠠᠪᠣᠵᠤ

ᠵᠢᠯᠤᠭᠤ ᠪᠠᠷ ᠭᠤᠶᠠᠳᠠᠬᠤ


ᠶᠤᠰᠤ ᠮᠡᠳᠡᠭᠦ ᠦᠭᠡᠶ ᠭᠦᠮᠤᠨ ᠳᠤ

ᠶᠤᠷᠤ ᠪᠣᠯᠬᠤ ᠦᠭᠡᠶ


ᠲᠦᠷᠦ ᠶᠢᠨ ᠳᠤᠯᠭᠠᠭᠤᠷᠢ

ᠲᠦᠮᠡᠨ ᠤ ᠮᠡᠡᠭᠯᠡᠢ


ᠳᠠᠯᠠᠢ ᠪᠣᠯᠪᠠᠴᠤ

ᠳᠠᠪᠣᠰᠤ ᠪᠠᠷ ᠳᠤᠳᠠᠨ᠎ᠠ


ᠳᠠᠪᠠᠯ ᠨᠢ ᠮᠠᠭᠤ ᠪᠣᠯᠪᠠᠴᠤ

ᠳᠡᠭᠡᠳᠦᠰ ᠨᠢ ᠮᠠᠭᠤ ᠦᠭᠡᠶ


ᠴᠠᠭ ᠨᠢ ᠪᠣᠯᠪᠠᠯ

ᠴᠢᠪᠠᠭ᠎ᠠ ᠠᠶᠠᠠᠳᠠᠭᠠᠨ ᠣᠯᠠᠢ᠌ᠨ᠎ᠠ


ᠮᠠᠯᠠᠭᠠᠢ ᠳᠠᠯᠪᠢᠪᠠᠯ ᠮᠠᠨᠠᠢ᠌ᠭᠢ

ᠮᠠᠷᠭᠠᠰᠢ ᠶᠠᠪᠣᠪᠠᠯ ᠳᠠᠨᠠᠢ᠌ᠭᠢ


ᠴᠠᠭ ᠨᠢ ᠪᠣᠯᠵᠤ

ᠴᠠᠢ ᠨᠢ ᠪᠣᠴᠠᠯᠪᠠ


ᠰᠠᠨᠠᠭ᠎ᠠ ᠨᠢ ᠪᠠᠢ᠌ᠪᠠᠴᠤ

ᠣᠨᠤᠭ᠎ᠠ ᠨᠢ ᠭᠦᠷᠭᠦ ᠦᠭᠡᠶ


ᠪᠠᠢ᠌ᠵᠤ ᠬᠤᠴᠤᠷᠬᠤ ᠦᠭᠡᠶ

ᠪᠠᠷ᠎ᠠ ᠳᠠᠰᠤᠷᠠᠬᠤ ᠦᠭᠡᠶ


ᠪᠣᠶᠠᠨ ᠲᠡᠶ ᠭᠦᠮᠤᠨ ᠳᠤ

ᠪᠣᠭᠤᠰᠤᠳᠠᠢ ᠳᠠᠤᠯᠠᠢ


《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠪᠠᠭᠤᠯᠭᠠᠪᠠ᠃

ᠵᠤᠬᠢᠶᠠᠭᠴᠢ᠄ ᠤᠶᠤᠨᠭᠡᠷᠡᠯ ᠪᠠᠭᠤᠯᠭᠠᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7457
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ