☆ ᠪᠦᠭᠡᠵᠢᠷᠭᠠᠯ
ᠳᠡᠷᠯᠢᠭ᠌ ᠨᠥᠭᠦᠭᠦ ᠥᠭᠡᠳᠡᠰᠤ ᠤᠳ
1᠂ ᠭᠡᠨ ᠢ ᠬᠠᠷᠠᠬᠤ ᠪᠣᠢ ︖
ᠬᠠᠶᠠᠭᠳᠠᠵᠤ ᠪᠠᠢ᠌ᠭ᠎ᠠ ᠦᠪ ᠪᠦᠭᠦᠨ ᠶᠢᠡᠨ
ᠥᠪᠠᠷᠳᠡᠭᠡᠨ ᠳᠡᠭᠡᠳᠦᠯᠡᠭᠦ ᠦᠭᠡᠶ ᠪᠣᠯ
ᠬᠠᠵᠠᠭᠤ ᠶᠢᠨ ᠡᠳᠡᠭᠡᠳ
ᠭᠡᠨ ᠴᠢᠨᠤ ᠶᠠᠭᠤᠮ᠎ᠠ ᠶᠢ ᠳᠡᠭᠦᠵᠤ ᠦᠭᠭᠦᠨ᠎ᠡ ︖
ᠬᠠᠢ᠌ᠯᠤᠭᠳᠠᠵᠤ ᠪᠠᠢ᠌ᠭ᠎ᠠ ᠣᠭᠰᠠᠭ᠎ᠠ ᠶᠠᠰᠤᠳᠠᠨ ᠶᠢᠡᠨ
ᠥᠪᠠᠷᠳᠡᠭᠡᠨ ᠠᠪᠣᠷᠠᠬᠤ ᠦᠭᠡᠶ ᠪᠣᠯ
ᠬᠠᠷᠢᠯᠴᠠᠨ ᠵᠠᠯᠭᠢᠯᠴᠠᠬᠤ ᠥᠷᠢᠰᠦᠯᠳᠦᠭᠡᠨ ᠤ ᠡᠷᠡᠨ ᠳᠤ
ᠭᠡᠨ ᠴᠢᠮ᠎ᠠ ᠶᠢ ᠮᠠᠠᠳᠤᠭᠤᠯᠤᠨᠠ ︖
ᠬᠤᠯᠢᠮᠠᠭᠰᠢᠵᠤ ᠪᠠᠢ᠌ᠭ᠎ᠠ ᠡᠭᠡ ᠭᠡᠯᠡ ᠪᠠᠨ
ᠥᠪᠠᠷᠳᠡᠭᠡᠨ ᠴᠡᠪᠠᠷᠰᠢᠭᠦᠯᠭᠦ ᠦᠭᠡᠶ ᠪᠣᠯ
ᠬᠤᠤᠰ ᠭᠡᠳᠡᠯ᠎ᠡ ᠭᠤᠷᠪᠠᠨ ᠭᠡᠯᠡ ᠭᠡᠵᠤ ᠪᠠᠢ᠌ᠭ᠎ᠠ ᠴᠠᠭ
ᠭᠡᠨ ᠴᠢᠮ᠎ᠠ ᠶᠢ ᠪᠠᠷᠢᠮᠵᠢᠶᠠᠵᠢᠭᠤᠯᠤᠨ᠎ᠠ ︖
ᠬᠠᠯᠴᠠᠭᠠᠢ᠌ᠷᠠᠵᠤ ᠪᠠᠢ᠌ᠭ᠎ᠠ ᠨᠤᠳᠤᠭ ᠪᠠᠯᠴᠢᠭᠡᠷ ᠶᠢᠡᠨ
ᠥᠪᠠᠷᠳᠡᠭᠡᠨ ᠬᠠᠮᠠᠭᠠᠯᠠᠬᠤ ᠦᠭᠡᠶ ᠪᠣᠯ
ᠬᠠᠷ᠎ᠠ ᠳᠦᠷᠦᠭᠦᠳᠡᠨ ᠤ ᠭᠦᠯ ᠠᠷᠪᠢᠳᠤᠭᠰᠠᠨ ᠠᠬᠤᠢ ᠳᠤ
ᠭᠡᠨ ᠤ ᠴᠢᠷᠠᠢ ᠶᠢ ᠬᠠᠷᠠᠨ᠎ᠠ ︖
ᠬᠠᠰᠢᠶᠠᠯᠠᠭᠳᠠᠵᠤ ᠪᠠᠢ᠌ᠭ᠎ᠠ ᠮᠠᠯ ᠰᠥᠷᠦᠭ᠌ ᠶᠢᠡᠨ
ᠥᠪᠠᠷᠳᠡᠭᠡᠨ ᠨᠠᠠᠳᠢᠩᠨᠠᠬᠤ ᠦᠭᠡᠶ ᠪᠣᠯ
ᠬᠠᠷᠠᠴᠤ ᠠᠷᠠᠤᠨ ᠭᠦᠳᠡᠭᠡ ᠶᠢᠨ ᠮᠤᠩᠭ᠋ᠤᠯ
ᠶᠠᠭᠤ ᠪᠠᠨ ᠲᠦᠰᠢᠵᠤ ᠠᠮᠢᠳᠤᠷᠠᠨ᠎ᠠ ︖
ᠬᠤᠪᠣᠷᠳᠠᠵᠤ ᠪᠠᠢ᠌ᠭ᠎ᠠ ᠪᠠᠢ᠌ᠭᠠᠯᠢ ᠶᠢᠨ ᠪᠠᠶᠠᠯᠢᠭ ᠶᠢᠡᠨ
ᠥᠪᠠᠷᠳᠡᠭᠡᠨ ᠭᠢᠮᠠᠭᠠᠳᠠᠬᠤ ᠦᠭᠡᠶ ᠪᠣᠯ
ᠬᠤᠯᠠ ᠶᠢᠨ ᠬᠤᠵᠢᠮ ᠳᠤ ᠦᠷ᠎ᠡ ᠬᠣᠢ᠌ᠴᠢᠰ ᠲᠠᠭᠠᠨ
ᠶᠠᠭᠤ ᠪᠠᠨ ᠥᠮᠴᠢᠯᠡᠭᠦᠯᠦᠨ᠎ᠡ ︖
ᠬᠤᠮᠰᠠᠳᠠᠵᠤ ᠪᠠᠢ᠌ᠭ᠎ᠠ ᠰᠦᠰᠦ ᠵᠤᠷᠢᠭ ᠶᠢᠡᠨ
ᠥᠪᠠᠷᠳᠡᠭᠡᠨ ᠮᠡᠳᠡᠷᠡᠭᠦ ᠦᠭᠡᠶ ᠪᠣᠯ
ᠬᠤᠨᠢ ᠰᠢᠭ ᠪᠣᠯᠤᠭ᠎ᠠ ᠨᠤᠮᠣᠢ᠌ᠬᠠᠨ ᠳᠦᠷᠢ ᠪᠠᠨ
ᠭᠡᠨ ᠶᠢᠡᠷ ᠵᠠᠰᠠᠭᠤᠯᠤᠨ᠎ᠠ ︖
ᠬᠠᠨ᠎ᠠ ᠪᠠᠨ ᠬᠠᠳᠬᠤᠳᠠᠭ ᠢᠴᠢᠭᠦᠷᠢᠳᠤ ᠠᠪᠣᠷᠢ ᠪᠠᠨ
ᠥᠪᠠᠷᠳᠡᠭᠡᠨ ᠬᠠᠯᠠᠬᠤ ᠦᠭᠡᠶ ᠪᠣᠯ
ᠬᠠᠳᠤᠨ ᠥᠭᠡᠯᠤᠨ ᠤ《ᠮᠦᠰᠤ ᠶᠢᠨ ᠰᠤᠷᠭᠠᠯ》
ᠭᠡᠳᠦᠢ ᠮᠡᠷᠭᠡᠨ ᠴᠤ ᠶᠠᠭᠠᠭᠢᠨ᠎ᠠ ︖
ᠬᠠᠨᠤᠮᠰᠢᠵᠤ ᠰᠠᠭᠤᠳᠠᠭ ᠮᠠᠭᠤ ᠵᠠᠩᠰᠢᠯ ᠶᠢᠡᠨ
ᠥᠪᠠᠷᠳᠡᠭᠡᠨ ᠰᠡᠷᠡᠭᠦ ᠦᠭᠡᠶ ᠪᠣᠯ
ᠬᠤᠪᠢᠰᠤᠯ ᠭᠦᠭ᠍ᠵᠢᠯ ᠨᠢᠰᠭᠦ ᠮᠠᠳᠤ ᠳᠦᠷᠭᠡᠨ ᠴᠠᠭ ᠲᠤ
ᠭᠡᠨ ᠢ ᠬᠠᠷᠠᠵᠤ ᠭᠦᠭ᠍ᠵᠢᠨ᠎ᠡ ︖
ᠬᠠᠤᠯᠢ ᠡᠴᠡ ᠣᠯᠭᠤᠭᠰᠠᠨ ᠡᠷᠭᠡ ᠮᠠᠳᠠᠯ ᠶᠢᠡᠨ
ᠥᠪᠠᠷᠳᠡᠭᠡᠨ ᠡᠵᠡᠮᠰᠢᠭᠦ ᠦᠭᠡᠶ ᠪᠣᠯ
ᠬᠠᠤᠯᠢᠵᠢᠭᠰᠠᠨ ᠨᠡᠢ᠌ᠭᠡᠮ ᠳᠤ ᠣᠷᠤᠭ᠎ᠠ ᠴᠠᠭ ᠲᠤ
ᠶᠠᠭᠤ ᠪᠠᠷ ᠦᠪᠡᠷ ᠢ ᠪᠠᠨ ᠬᠠᠮᠠᠭᠠᠯᠠᠨ᠎ᠠ ︖
2᠂ ᠥᠭᠡᠢ᠌ᠯᠡᠯ
ᠮᠦᠨ ᠪᠠᠶ᠎ᠠ ᠪᠠᠷ ᠶᠢᠡᠨ ᠭᠠᠷ ᠲᠤ ᠨᠢ ᠪᠠᠶᠠᠨ ᠪᠠᠢ᠌ᠭᠰᠠᠨ ᠶᠠᠭᠤᠮ᠎ᠠ ᠪᠠᠨ
ᠮᠠᠳᠠᠷᠠᠯ ᠲᠡᠶ ᠮᠠᠳᠠᠷᠠᠯ ᠦᠭᠡᠶ ᠠᠯᠠᠭᠠᠨ ᠡᠴᠡ ᠪᠠᠨ ᠠᠯᠳᠠᠴᠢᠬᠠᠭᠠᠤᠨ
ᠮᠦᠽᠠᠢ ᠳᠤ ᠳᠤᠷᠠᠰᠬᠠᠭᠳᠠᠬᠤ ᠶᠢᠨ ᠦᠶ᠎ᠡ ᠳᠤ ᠰᠠᠶᠢ ᠡᠷᠭᠢᠮ ᠢ ᠨᠢ ᠳᠠᠨᠢᠵᠤ
ᠮᠥᠩᠭᠦ ᠠᠯᠳᠠ ᠪᠠᠷ ᠰᠤᠯᠢᠰᠢ ᠦᠭᠡᠶ ᠡᠷᠳᠡᠨᠢ ᠭᠡᠵᠤ ᠥᠭᠡᠢ᠌ᠯᠡᠨ᠎ᠡ᠃
ᠥᠭᠡᠢ᠌ᠯᠡᠯ ᠭᠡᠭ᠍ᠴᠢ ᠦᠨᠡᠨ ᠳᠡᠭᠡᠨ ᠪᠠᠢ᠌ᠭᠰᠠᠨ ᠶᠠᠭᠤᠮ᠎ᠠ ᠪᠠᠨ ᠠᠯᠳᠠᠭᠰᠠᠨ ᠤ ᠭᠡᠮᠰᠢᠯ
ᠥᠭᠡᠢ᠌ᠯᠡᠯ ᠭᠡᠭ᠍ᠴᠢ ᠦᠨᠡᠨ ᠳᠡᠭᠡᠨ ᠪᠠᠢ᠌ᠵᠤ ᠪᠣᠯᠬᠤ ᠦᠭᠡᠶ ᠶᠢ ᠥᠢᠯᠡᠳᠦᠭ᠍ᠰᠡᠨ ᠤ ᠳᠡᠭᠦᠰᠭᠡᠯ
ᠥᠭᠡᠢ᠌ᠯᠡᠯ ᠠᠷᠪᠢᠳᠠᠪᠠᠯ ᠦᠶ᠎ᠡ ᠬᠣᠢ᠌ᠴᠢ ᠳᠠᠭᠠᠨ ᠥᠯᠡᠳᠡᠭᠡᠯ ᠬᠤᠮᠠᠰᠳᠠᠬᠤ ᠶᠢᠨ ᠭᠠᠮᠰᠢᠭ
ᠥᠭᠡᠢ᠌ᠯᠡᠯ ᠳᠡᠩᠳᠡᠭᠦᠳᠡᠪᠠᠯ ᠦᠶ᠎ᠡ ᠣᠭᠰᠠᠭ᠎ᠠ ᠨᠢ ᠮᠥᠭᠦᠯ ᠳᠤ ᠳᠤᠯᠭᠠᠷᠠᠬᠤ ᠶᠢᠨ ᠠᠶᠤᠮᠰᠢᠭ
ᠭᠦᠮᠤᠨ ᠶᠠᠷᠤᠨᠢ ᠭᠡᠮ ᠶᠢᠡᠨ ᠭᠢᠴᠢᠭᠡᠭᠡᠳ ᠭᠡᠳᠡᠷᠭᠦᠤ ᠪᠠᠨ ᠪᠣᠴᠠᠨ ᠭᠡᠮᠰᠢᠳᠡᠭ᠌
ᠭᠡᠮᠰᠢᠭᠦ ᠶᠢᠨ ᠦᠶ᠎ᠡ ᠭᠡᠮ ᠨᠢ ᠵᠠᠷᠢᠮ ᠳᠠᠭᠠᠨ《ᠦᠮᠠᠨ》 ᠪᠣᠯᠴᠢᠬᠠᠳᠠᠭ
ᠭᠡᠮ ᠶᠠᠷᠤᠨᠢ ᠳᠤᠳᠤᠭᠠᠳᠤ ᠰᠢᠯᠳᠠᠭᠠᠨ ᠡᠴᠡ ᠡᠭᠦᠰᠦᠯ ᠣᠯᠵᠤ ᠭᠡᠴᠡᠭᠦᠦᠳᠡᠳᠡᠭ᠌ ᠪᠣᠯ
ᠭᠡᠮᠰᠢᠯ ᠳᠤ ᠣᠴᠠᠷᠠᠬᠤ ᠦᠭᠡᠶ ᠶᠢᠨ《ᠳᠠᠷᠢᠯᠭ᠎ᠠ》 ᠶᠢ ᠡᠷᠳᠡ ᠡᠴᠡ ᠭᠢᠭᠦ ᠯᠠ ᠭᠡᠷᠡᠭ᠍ᠳᠡᠢ ︕
3᠂ ᠭᠡᠯᠡᠨ ᠤ ᠵᠠᠰᠠᠯ
ᠭᠡᠨ ᠡᠴᠡ ᠴᠤ ᠡᠷᠭᠡᠳᠡᠨ ᠳᠤᠳᠠᠭᠤ ᠦᠭᠡᠶ ᠶᠠᠪᠣᠭᠤᠯᠤᠶ᠎ᠠ ᠭᠡᠵᠤ
ᠭᠡᠯᠡ ᠲᠡᠶ ᠳᠦᠷᠦᠭᠦᠯᠦᠭ᠍ᠰᠡᠨ ᠳᠡᠭᠡᠳᠦᠰ ᠨᠢ ᠭᠠᠪᠢᠶ᠎ᠠ ᠲᠡᠶ ᠪᠠᠢ᠌ᠬᠤ ᠳ᠋ᠤ
《ᠭᠡᠯᠡ ᠮᠢᠨᠢ ᠭᠡᠷᠡᠭ᠍ᠴᠡᠭᠡ ᠪᠠᠷ ᠠᠨᠠᠢ ᠰᠢᠭ ᠪᠣᠯᠤᠯ᠎ᠠ》 ᠭᠡᠵᠤ
ᠭᠡᠯᠡ ᠪᠠᠨ ᠣᠭᠳᠤᠯᠤᠭᠤᠯᠤᠭᠠ ᠬᠣᠢ᠌ᠴᠢᠰ ᠨᠢ ᠠᠷᠪᠢᠤᠠᠬᠤ ᠶᠢ ᠶᠠᠭᠠᠭᠢᠶ᠎ᠠ ︖
ᠡᠵᠢ ᠡᠴᠡ ᠨᠢ ᠦᠭᠭᠦᠭ᠍ᠰᠡᠨ ᠡᠷᠳᠡᠨᠢ ᠶᠢᠨ ᠭᠡᠯᠡ ᠨᠢ ᠵᠥᠭᠡᠷ ᠯᠠ ᠪᠠᠢ᠌ᠬᠤ ᠳ᠋ᠤ
ᠡᠨᠡ ᠭᠡᠯᠡ ᠳ᠋ᠠ ︖ ᠭᠡᠵᠤ ᠰᠡᠵᠢᠭᠯᠡᠨ ᠡᠮᠨᠡᠯᠭᠡ ᠶᠢᠨ ᠬᠤᠷᠢᠶᠠᠨ ᠳᠤ ᠣᠴᠢᠪᠠᠯ
《ᠡᠪ ᠦᠭᠡᠶ ᠯᠠ ᠪᠠᠢ᠌ᠨ᠎ᠠ ᠳ᠋ᠠ᠂ ᠡᠷᠳᠡᠭᠡᠨ ᠵᠠᠰᠠᠭᠤᠯ ︕》 ᠭᠡᠰᠡᠨ ᠡᠮᠴᠢ ᠄
《ᠡᠨᠡ ᠡᠷᠢᠨ ᠤ ᠮᠡᠷᠭᠡᠵᠢᠯ ᠭᠡᠵᠤ ᠡᠪᠠᠳᠦᠭᠦᠯᠭᠦ ᠴᠤ ᠦᠭᠡᠶ ᠵᠠᠰᠠᠴᠢᠬᠠᠨ᠎ᠠ ᠰᠢᠤ》 ᠭᠡᠨ᠎ᠡ
ᠠᠰ ᠤᠨ ᠪᠠᠶ᠎ᠠ ᠶᠢᠨ ᠶᠢᠡᠨ ᠭᠡᠯᠡ ᠶᠢ ᠣᠭᠳᠤᠯᠤᠭᠤᠯᠴᠢᠬᠠᠭᠠᠤᠨ ᠪᠠᠰᠠ ᠵᠤᠪᠠᠬᠤ ᠥᠭᠡᠢ
ᠠᠴᠢᠷ ᠦᠷ᠎ᠡ ᠶᠢᠨ ᠶᠢᠡᠨ ᠭᠡᠯᠡ ᠶᠢ ᠪᠠᠰᠠ ᠣᠭᠳᠤᠯᠤᠭᠤᠯᠤᠨᠠ ᠵᠠᠷᠢᠮ ᠨᠢ
ᠠᠪᠣ ᠡᠴᠡ ᠨᠢ ᠦᠭᠭᠦᠭ᠍ᠰᠡᠨ ᠠᠮᠢᠨ ᠭᠡᠯᠡ ᠪᠠᠨ ᠠᠯᠳᠠᠴᠢᠬᠠᠭᠠᠤᠨ ᠳᠠᠷᠠ
ᠠᠮᠠᠨ ᠳᠠᠭᠠᠨ ᠴᠤᠬᠤᠮ ᠶᠠᠮᠠᠷ ᠭᠡᠯᠡ ᠭᠢᠯᠭᠡᠳᠡᠭ᠌ ᠪᠣᠯ ᠳ᠋ᠠ ︖
4᠂ 《ᠪᠠᠳᠭᠠᠨᠠ》 ᠪᠣᠯᠴᠢᠬᠠᠪᠠ
ᠬᠤᠳᠤᠭᠠᠳᠤ ᠪᠠᠷ ᠰᠠᠢ᠌ᠨ ᠯᠠ ᠪᠠᠢ᠌ᠭᠰᠠᠨ ᠸᠸᠢ ᠳᠠᠷᠤᠭ᠎ᠠ
ᠬᠤᠳᠤᠭᠠᠳᠤ ᠨᠢ ᠡᠪᠠᠦᠡᠭᠦᠯᠡᠷ ᠡᠮᠴᠢ ᠳᠤ ᠣᠴᠢᠵᠤ ᠥᠵᠡᠭᠦᠯᠪᠡ
ᠬᠠᠮᠤᠭ ᠢᠯᠠᠷᠠᠯ ᠢ ᠨᠢ ᠭᠦᠢᠴᠡᠳ ᠰᠤᠨᠤᠰᠴᠤ
ᠬᠠᠮᠤᠭ ᠳᠡᠭᠡᠳᠤ ᠮᠡᠷᠭᠡᠵᠢᠯ ᠶᠢᠡᠷ ᠪᠠᠢ᠌ᠴᠠᠭᠠᠭᠰᠠᠨ ᠡᠮᠴᠢ ᠄
《ᠬᠤᠷᠳᠤᠨ ᠪᠡᠯᠡᠳᠭᠡᠵᠤ ᠮᠠᠰᠠ ᠵᠠᠰᠠᠯ ᠭᠢᠯᠭᠡ ︕
ᠬᠤᠤᠷᠳᠤ ᠪᠠᠳᠭᠠᠨᠠ ᠠᠮᠢ ᠶᠢ ᠴᠢᠨᠢ ᠠᠪᠣᠮᠠᠷ ᠪᠣᠯᠤᠯ᠎ᠠ ᠰᠢᠤ》 ᠭᠡᠪᠠᠯ ᠄
《ᠥᠴᠦᠭᠡᠳᠦᠷ ᠭᠦᠷᠳᠡᠯ᠎ᠡ ᠥᠭᠡᠭᠦ ᠳᠤᠰᠤᠨ ᠳᠤ ᠳᠤᠷᠤᠭᠰᠠᠨ ᠦᠭᠡᠶ ᠬᠤᠳᠤᠭᠤᠳᠤ
ᠦᠨᠦᠳᠤᠷ ᠪᠣᠯᠬᠤ ᠳᠤ ᠶᠠᠭᠠᠭᠢᠭᠠᠤᠨ ᠪᠠᠳᠭᠠᠨᠠ ᠪᠣᠯᠴᠢᠬᠠᠭᠰᠠᠨ ᠪᠣᠢ》 ᠭᠡᠨ᠎ᠡ
ᠡᠮᠴᠢ ᠭᠤᠸᠠᠢ ᠡᠮᠴᠢ ᠶᠢᠨ ᠳᠦᠪᠯᠡᠭᠦᠨ ᠳᠦᠷᠢ ᠪᠠᠷ
ᠡᠷᠢᠶᠡᠯ ᠦᠭᠡᠶ ᠡᠪᠡᠳᠴᠢᠨ ᠤ ᠰᠢᠯᠳᠠᠭᠠᠨ ᠢ ᠨᠢ ᠶᠠᠷᠢᠬᠤ ᠳᠠᠭᠠᠨ ᠄
《ᠨᠠᠷᠠᠨ ᠤ ᠭᠡᠷᠡᠯ ᠡᠴᠡ ᠠᠶᠤᠳᠠᠭ ᠶᠠᠭᠤᠮ᠎ᠠ ᠶᠢ ᠠᠷᠪᠢᠨ ᠢᠳᠡᠭ᠍ᠰᠡᠨ ᠡᠴᠡ
ᠨᠠᠰᠤ ᠳᠤᠳᠠᠭᠤᠳᠠᠬᠤ ᠶᠢᠨ ᠭᠠᠢ ᠳᠤ ᠣᠴᠠᠷᠠᠭ᠎ᠠ ᠨᠢ ᠡᠨᠡ ᠰᠢᠤ》 ᠭᠡᠵᠤ ᠭᠡᠨ᠎ᠡ᠃
5᠂ ᠠᠮᠢᠳᠤᠷᠠᠯ ᠬᠠᠢ᠌ᠷ᠎ᠠ ᠶᠢᠨ ᠬᠠᠷᠢᠴᠠᠭ᠎ᠠ
ᠠᠮᠢᠳᠤᠷᠠᠯ ᠶᠠᠷᠤᠨᠢ
ᠬᠠᠢ᠌ᠷ᠎ᠠ ᠳᠡᠭᠡᠷ᠎ᠡ ᠳᠤᠭᠳᠠᠳᠠᠭ ᠡᠴᠡ
ᠠᠮᠢᠳᠤᠷᠠᠯ ᠳᠠᠩᠳᠠ
ᠬᠠᠢ᠌ᠷ᠎ᠠ ᠲᠡᠶ ᠬᠠᠨᠢᠷᠬᠠᠵᠤ ᠶᠠᠪᠣᠳᠠᠭ
ᠠᠮᠢᠳᠤᠷᠠᠯ
ᠬᠠᠢ᠌ᠷ᠎ᠠ ᠲᠡᠶ ᠬᠠᠨᠢᠷᠬᠠᠵᠤ ᠶᠠᠪᠣᠳᠠᠭ ᠤᠨ ᠣᠴᠢᠷ
ᠠᠮᠢᠳᠤᠷᠠᠯ ᠳᠤ
ᠬᠠᠢ᠌ᠷ᠎ᠠ ᠶᠠᠷᠤᠨᠢ ᠰᠢᠯᠭᠠᠭᠳᠠᠵᠤ ᠪᠠᠢ᠌ᠳᠠᠭ
ᠠᠮᠢᠳᠤᠷᠠᠯ ᠤᠨ ᠭᠡᠯᠡᠭᠦ ᠪᠠᠷ ᠄
ᠬᠠᠢ᠌ᠷ᠎ᠠ ᠶᠠᠷᠤᠨᠢ
ᠬᠠᠢ᠌ᠷ᠎ᠠ ᠰᠢᠭ ᠬᠠᠢ᠌ᠷ᠎ᠠ ᠪᠠᠢ᠌ᠬᠤ ᠰᠠᠢ᠌ᠬᠠᠨ
ᠬᠠᠢ᠌ᠷ᠎ᠠ ᠰᠢᠭ ᠬᠠᠢ᠌ᠷ᠎ᠠ ᠨᠢ
ᠬᠠᠭᠤᠷᠮᠠᠭ ᠦᠭᠡᠶ ᠠᠷᠢᠭᠤᠬᠠᠨ ᠳᠠᠭᠠᠨ ᠰᠠᠢ᠌ᠬᠠᠨ ᠭᠡᠨ᠎ᠡ᠃
ᠠᠮᠢᠳᠤᠷᠠᠯ ᠶᠠᠷᠤᠨᠢ ᠬᠠᠢ᠌ᠷ᠎ᠠ ᠳᠤ
ᠬᠠᠷᠢᠭᠤ ᠳᠠᠯᠠᠷᠬᠠᠯ ᠲᠡᠶ ᠪᠠᠢ᠌ᠳᠠᠭ ᠡᠴᠡ
ᠠᠮᠢᠳᠤᠷᠠᠯ ᠤᠨ ᠰᠠᠢ᠌ᠬᠠᠨ ᠢ ᠬᠠᠢ᠌ᠷ᠎ᠠ
ᠬᠠᠢ᠌ᠷ᠎ᠠ ᠶᠢᠨ ᠶᠢᠡᠨ ᠳᠤᠮᠳᠠ ᠡᠴᠡ ᠭᠦᠷᠳᠡᠳᠡᠭ᠌
ᠠᠮᠢᠳᠤᠷᠠᠯ᠂ ᠬᠠᠢ᠌ᠷ᠎ᠠ ᠶᠢᠨ
ᠬᠠᠨᠢ ᠨᠢ ᠪᠣᠯᠤᠭᠰᠠᠨ ᠤ ᠬᠤᠪᠢ ᠳᠤ
ᠠᠮᠢᠳᠤᠷᠠᠯ ᠳᠤ
ᠬᠠᠢ᠌ᠷ᠎ᠠ ᠶᠠᠷᠤᠨᠢ ᠦᠨᠡᠠᠴᠢ ᠪᠠᠢ᠌ᠬᠤ ᠭᠡᠷᠡᠭ᠍ᠳᠡᠢ ᠪᠠᠢ᠌ᠳᠠᠭ
ᠠᠮᠢᠳᠤᠷᠠᠯ ᠤᠨ ᠭᠡᠯᠡᠭᠦ ᠪᠠᠷ ᠄
ᠠᠮᠢᠳᠤᠷᠠᠯ ᠳᠤ ᠦᠨᠡᠠᠴᠢ ᠬᠠᠢ᠌ᠷ᠎ᠠ ᠵᠢ
ᠠᠮᠢᠳᠤᠷᠠᠯ ᠶᠠᠷᠤᠨᠢ ᠲᠡᠳᠬᠦᠨ ᠳᠡᠮᠵᠢᠳᠡᠭ᠌
ᠠᠮᠢᠳᠤᠷᠠᠯ ᠶᠢᠡᠷ ᠨᠠᠭᠠᠳᠤᠮ ᠭᠢᠳᠡᠭ᠌ ᠬᠠᠢ᠌ᠷ᠎ᠠ ᠵᠢ
ᠠᠮᠢᠳᠤᠷᠠᠯ ᠴᠤ ᠬᠠᠢ᠌ᠷ᠎ᠠ ᠨᠠᠢ᠌ᠷ ᠦᠭᠡᠶ ᠰᠢ᠌ᠳᠭᠡᠳᠡᠭ᠌ ᠭᠡᠨ᠎ᠡ᠃
ᠳᠡᠭᠡᠳᠤ ᠣᠬᠠᠭᠠᠠᠳᠠᠨ ᠊᠊᠊᠊᠊᠊᠊᠊᠊᠊᠊᠊᠊᠊᠊
ᠭᠦᠮᠤᠨ ᠶᠠᠰᠤᠳᠠᠨ ᠤ ᠠᠮᠢᠳᠤᠷᠠᠯ
ᠳᠡᠯᠡᠭᠡᠢ ᠳᠤ
ᠳᠡᠭᠡᠳᠤ ᠵᠡᠷᠭᠡ ᠶᠢᠨ ᠠᠮᠢᠳᠤᠷᠠᠯ ᠪᠣᠯᠤᠭᠰᠠᠨ ᠨᠢ
ᠳᠡᠭᠦᠨ ᠳᠤ
ᠬᠠᠢ᠌ᠷ᠎ᠠ ᠭᠡᠭ᠍ᠴᠢ ᠭᠡᠴᠡᠭᠦᠤ ᠶᠠᠭᠤᠮ᠎ᠠ ᠪᠠᠢ᠌ᠭᠰᠠᠨ ᠡᠴᠡ ᠶᠤᠮ
ᠳᠡᠭᠦᠨ ᠳᠤ
ᠣᠬᠠᠭᠠᠨ ᠭᠡᠭ᠍ᠴᠢ ᠮᠡᠷᠭᠡᠨ ᠶᠠᠭᠤᠮ᠎ᠠ ᠪᠠᠢ᠌ᠭᠰᠠᠨ ᠡᠴᠡ ᠶᠤᠮ
ᠭᠦᠮᠤᠨ ᠭᠡᠷᠪᠡ
ᠠᠮᠢᠳᠤᠷᠠᠯ ᠳᠠᠭᠠᠨ ᠭᠤᠯᠤᠭᠳᠠᠬᠤ ᠦᠭᠡᠶ ᠶᠠᠪᠣᠶ᠎ᠠ ᠭᠡᠪᠠᠯ
ᠬᠠᠢ᠌ᠷ᠎ᠠ ᠪᠠᠨ ᠬᠠᠢ᠌ᠷ᠎ᠠ ᠰᠢᠭ ᠠᠪᠴᠤ ᠶᠠᠪᠣᠬᠤ ᠯᠠ ᠭᠡᠷᠡᠭ᠍ᠳᠡᠢ ᠳ᠋ᠠ ︕
ᠭᠦᠮᠤᠨ ᠭᠡᠷᠪᠡ
ᠠᠮᠢᠳᠤᠷᠠᠯ ᠶᠢᠡᠨ ᠳᠡᠭᠡᠳᠤ ᠴᠢᠨᠠᠷ ᠲᠡᠶ ᠪᠠᠢ᠌ᠯᠭᠠᠶ᠎ᠠ ᠭᠡᠪᠠᠯ
ᠣᠬᠠᠭᠠᠨ ᠶᠢᠡᠨ ᠣᠷᠠᠨ ᠮᠡᠷᠭᠡᠨ ᠠᠪᠴᠤ ᠶᠠᠪᠣᠬᠤ ᠯᠠ ᠭᠡᠷᠡᠭ᠍ᠳᠡᠢ ᠳ᠋ᠠ ︕
6᠂ ᠬᠠᠢ᠌ᠷ᠎ᠠ ᠶᠢ ᠳᠡᠭᠡᠳᠦᠯᠡᠭᠦ ᠪᠣᠯᠤᠭᠠᠰᠠᠢ
ᠡᠴᠢᠭᠡ ᠡᠭᠡ ᠶᠢᠨ ᠬᠠᠢ᠌ᠷ᠎ᠠ ᠭᠡᠵᠤ
ᠡᠨᠡᠷᠢᠯ ᠤᠨ ᠬᠤᠷᠸ᠎ᠠ ᠯᠠ ᠪᠣᠯᠬᠤᠷ
ᠠᠯᠢᠪᠠ ᠶᠢᠨ ᠬᠠᠢ᠌ᠷ᠎ᠠ ᠶᠢᠨ ᠳᠤᠳᠤᠷᠠᠭᠢ
ᠠᠭᠤᠤ ᠶᠡᠭᠡ ᠬᠠᠢ᠌ᠷ᠎ᠠ ᠶᠤᠮ
ᠠᠪᠣ ᠡᠵᠢ ᠭᠡᠵᠤ ᠦᠭᠡᠶ ᠪᠣᠯ
ᠦᠷ᠎ᠡ ᠨᠢ ᠭᠡᠵᠤ ᠪᠠᠢ᠌ᠳᠠᠭ ᠦᠭᠡᠶ ᠳᠤᠯᠠ
ᠡᠷᠭᠢᠨ ᠡᠴᠡ ᠡᠮᠳᠡᠷᠢᠭ᠍ᠰᠡᠨ ᠪᠢᠰᠢ ᠯᠠ ᠪᠣᠯ
ᠡᠨᠡᠷᠢᠯᠳᠤ ᠭᠦᠮᠤᠨ ᠶᠢᠡᠨ ᠠᠴᠢᠯᠠᠵᠤ ᠶᠠᠪᠣᠭᠠᠰᠠᠢ ︕
ᠠᠮᠠᠷᠠᠭ ᠬᠤᠶᠠᠷ ᠤᠨ ᠬᠠᠢ᠌ᠷ᠎ᠠ ᠭᠡᠵᠤ
ᠵᠠᠶᠠᠭ᠎ᠠ ᠪᠠᠨ ᠬᠤᠯᠪᠣᠭᠰᠠᠨ ᠬᠠᠢ᠌ᠷ᠎ᠠ ᠳᠤᠯᠠ
ᠠᠷᠢᠭᠤᠬᠠᠨ ᠯᠠ ᠪᠠᠢ᠌ᠳᠠᠭ ᠬᠠᠢ᠌ᠷ᠎ᠠ ᠪᠠᠨ
ᠵᠢᠷᠦᠭᠡᠨ ᠡᠴᠡ ᠪᠠᠨ ᠨᠠᠠᠳᠢᠩᠨᠠᠬᠤ ᠭᠡᠷᠡᠭ᠍ᠳᠡᠢ
ᠡᠨᠡ ᠬᠠᠢ᠌ᠷ᠎ᠠ ᠶᠢᠨ ᠡᠷᠭᠢᠮ ᠨᠢ
ᠡᠪᠰᠢᠨ ᠢᠳᠡᠭᠡᠯᠴᠡᠭᠦ ᠳᠤ ᠪᠠᠢ᠌ᠳᠠᠭ ᠡᠴᠡ
ᠠᠮᠢᠳᠤᠷᠠᠯ ᠬᠤᠯᠪᠣᠭᠰᠠᠨ ᠬᠠᠢ᠌ᠷ᠎ᠠ ᠪᠠᠨ
ᠠᠯᠳᠠ ᠪᠠᠷ ᠪᠢᠰᠢ ᠠᠭᠠᠯᠢ ᠪᠠᠷ ᠶᠢᠠᠨ ᠠᠷᠭᠠᠳᠠᠵᠤ ᠪᠠᠭᠢᠵᠢᠭᠦᠯ ︕
ᠰᠠᠳᠤᠨ ᠲᠦᠷᠦᠯ ᠤᠨ ᠬᠠᠢ᠌ᠷ᠎ᠠ ᠭᠡᠵᠤ
ᠳᠡᠭᠡᠳᠦᠰ ᠡᠴᠡ ᠡᠰᠢ ᠲᠡᠶ ᠬᠠᠢ᠌ᠷ᠎ᠠ ᠳᠤᠯᠠ
ᠰᠠᠳᠤᠨ ᠤ ᠬᠠᠷᠢᠴᠠᠭᠠᠳᠤ ᠪᠦᠭᠦᠨ ᠨᠢ
ᠳᠡᠭᠡᠳᠦᠯᠡᠵᠤ ᠬᠠᠢ᠌ᠷᠠᠯᠠᠵᠤ ᠶᠠᠪᠣᠭᠤᠰᠢᠳᠠᠢ
《ᠰᠠᠳᠤᠨ ᠲᠦᠷᠦᠯ ᠬᠤᠯᠠᠳᠤᠪᠠᠯ
ᠰᠠᠭᠠᠬᠠᠯᠳᠠ ᠶᠢ ᠴᠤ ᠭᠦᠷᠭᠦ ᠦᠭᠡᠶ》 ᠭᠡᠳᠡᠭ᠌ ᠴᠤ
ᠰᠠᠳᠤᠨ ᠶᠢᠡᠨ ᠭᠡᠵᠤ ᠶᠠᠪᠣᠯᠴᠠᠳᠠᠭ ᠯᠠ ᠪᠣᠯ
ᠰᠠᠭᠠᠷ ᠦᠭᠡᠶ ᠬᠠᠢ᠌ᠷ᠎ᠠ ᠮᠦᠨ ᠳᠠᠰᠤᠷᠠᠰᠢ ᠦᠭᠡᠶ ᠶᠤᠮ᠃
《ᠠᠭᠳᠠ ᠶᠢᠨ ᠰᠠᠢ᠌ᠨ ᠢ ᠣᠨᠤᠨ ᠪᠠᠢ᠌ᠵᠤ ᠮᠠᠳᠠᠨ᠎ᠠ
ᠠᠠᠳᠠ ᠶᠢᠨ ᠰᠠᠢ᠌ᠨ ᠢ ᠬᠠᠨᠢᠯᠠᠨ ᠪᠠᠢ᠌ᠵᠤ ᠮᠠᠳᠠᠨ᠎ᠠ》
ᠠᠬ᠎ᠠ ᠳᠡᠭᠦᠤ ᠨᠠᠢ᠌ᠵᠠ ᠶᠢᠨ ᠬᠠᠢ᠌ᠷ᠎ᠠ ᠭᠡᠵᠤ
ᠣᠢ᠌ᠯᠠᠭᠠᠵᠤ ᠶᠠᠪᠣᠯᠴᠠᠭᠰᠠᠨ ᠤ ᠢᠳᠡᠭᠡᠯ ᠶᠤᠮ
ᠠᠠᠳᠠ ᠨᠠᠢ᠌ᠵᠠ ᠶᠢᠨ ᠬᠠᠢ᠌ᠷ᠎ᠠ ᠪᠠᠨ
ᠠᠮᠠ ᠪᠠᠷ ᠶᠢᠡᠨ ᠪᠢᠰᠢ ᠠᠵᠢᠯᠯᠠᠭ᠎ᠠ ᠪᠠᠷ ᠶᠢᠡᠨ ᠪᠦᠪᠠᠢ᠌ᠯᠠᠪᠠᠯ
ᠠᠬ᠎ᠠ ᠳᠡᠭᠦᠤ ᠶᠢᠨ ᠨᠠᠢ᠌ᠷ ᠵᠤᠵᠠᠭᠠᠷᠠᠭᠰᠠᠨ ᠦᠶ᠎ᠡ
ᠠᠮᠢᠳᠤᠷᠠᠯ ᠴᠢᠨᠢ ᠳᠠᠩᠳᠠ ᠪᠠᠶᠠᠷ ᠵᠢᠷᠭᠠᠯ ᠶᠢᠡᠷ ᠪᠢᠯᠬᠠᠬᠤ ᠶᠤᠮ᠃
ᠭᠦᠮᠤᠨ ᠶᠠᠰᠤᠳᠠᠨ ᠤ ᠬᠠᠢ᠌ᠷ᠎ᠠ ᠭᠡᠵᠤ
ᠭᠦᠭ᠍ᠵᠢᠭ᠍ᠰᠡᠨ ᠳᠠᠷᠢᠭᠢᠳᠠᠨ ᠤ ᠬᠠᠢ᠌ᠷ᠎ᠠ ᠳᠤᠯᠠ
ᠭᠦᠮᠤᠨ ᠳᠡᠭᠡᠨ ᠯᠠ ᠳᠠᠳᠤᠢ ᠪᠢᠰᠢ ᠪᠠᠢ᠌ᠭᠠᠯᠢ ᠶᠢᠨ ᠣᠯᠠᠨ ᠳᠤ ᠴᠤ
ᠬᠤᠤᠷ ᠢ ᠳᠤᠳᠠᠭᠤ᠂ ᠬᠠᠢ᠌ᠷ᠎ᠠ ᠶᠢ ᠢᠯᠡᠭᠦᠤ ᠭᠦᠷᠳᠡᠭᠡ ︕
ᠭᠦᠮᠤᠨ ᠤ ᠪᠣᠶᠠᠠᠰᠠᠭ ᠲᠤ ᠪᠣᠷᠬᠠᠨ ᠳᠡᠭ᠍ᠷᠢ ᠴᠤ
ᠬᠠᠷᠢᠭᠤ ᠬᠠᠢ᠌ᠷ᠎ᠠ ᠶᠢ ᠭᠦᠮᠦᠰ ᠲᠤ ᠭᠦᠷᠳᠡᠭᠡᠳᠡᠭ᠌ ᠡᠴᠡ
ᠭᠦᠮᠤᠨ ᠤ ᠣᠷᠴᠢᠯᠠᠩ ᠤᠨ ᠭᠦᠮᠤᠨ ᠪᠦᠭᠦᠨ
ᠬᠠᠢ᠌ᠷ᠎ᠠ ᠶᠢ ᠳᠠᠩᠳᠠ ᠳᠡᠭᠡᠳᠦᠯᠡᠭᠦ ᠪᠣᠯᠤᠭᠠᠰᠠᠢ ︕
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠪᠢᠷᠠᠭᠤ ᠳ᠋ᠠᠭᠢ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠭᠡᠵᠢᠷᠭᠠᠯ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ