ᠨᠡᠪᠲᠡᠷᠡᠨ ᠤᠷᠤᠬᠤ
ᠮᠤᠩᠭ᠋ᠤᠯᠴᠤᠳ ᠢ ᠢᠪᠷᠠᠢ᠌ᠴᠤᠳ ᠲᠡᠶ ᠬᠠᠷᠢᠴᠠᠭᠤᠯᠤᠨ ᠶᠠᠷᠢᠬᠤ ᠨᠢ

ᠳᠤᠮᠳᠠᠳᠤ ᠳᠤᠷᠤᠨᠠᠳᠤ ᠶᠢᠨ ᠡᠩᠭᠡ ᠳᠠᠢ᠌ᠪᠣᠩ ᠭᠡᠭ᠍ᠰᠡᠭᠡᠷ ᠯᠠ ᠪᠢᠳᠠᠨ ᠷᠠᠳᠢᠤ᠋ ᠰᠤᠨᠢᠨ ᠳᠸᠯᠸᠢᠰ ᠵᠡᠷᠭᠡ ᠳ᠋ᠤ ᠶᠠᠷᠢᠭᠳᠠᠳᠠᠭ ᠢᠰᠷᠸᠯ ᠭᠡᠳᠡᠭ᠌ ᠵᠢᠵᠢᠭ᠍‍ᠬᠡᠨ ᠣᠯᠤᠰ ᠪᠠ ᠫᠠᠯᠸᠰᠲ᠋ᠠᠢ᠌ᠨ ᠢ ᠪᠣᠳᠤᠵᠤ ᠣᠯᠤᠨ᠎ᠠ᠃ ᠡᠩᠭᠡ ᠳᠠᠢ᠌ᠪᠣᠩ ᠢ ᠳᠡᠭᠡᠳᠦᠯᠡᠨ ᠭᠦᠰᠡᠵᠤ ᠪᠠᠢ᠌ᠭ᠎ᠠ ᠨᠠᠳᠠ ᠰᠢᠭ ᠡᠢ᠌ᠮᠤ ᠨᠢᠭᠡ ᠭᠦᠮᠤᠨ ᠡᠨᠡ ᠳᠤᠬᠠᠢ ᠭᠡᠪᠯᠡᠯ ᠮᠡᠳᠡᠭᠡᠯᠡᠯ ᠢ ᠥᠵᠡᠭᠦ ᠶᠠᠪᠣᠴᠠ ᠳᠠᠭᠠᠨ᠂ ᠢᠯᠠᠩᠭ᠋ᠤᠶ᠎ᠠ᠂ ᠮᠠᠨ ᠪ ᠣᠯᠤᠰ ᠳᠤ ᠭᠢᠳᠠᠤᠨ ᠶᠢᠡᠷ ᠡᠯᠪᠠᠭ᠌ ᠭᠠᠷᠴᠤ ᠪᠠᠢ᠌ᠭ᠎ᠠ ᠨᠠᠷᠢᠯᠢᠭ ᠮᠡᠳᠡᠭᠡᠯᠡᠯ ᠲᠡᠶ ᠮᠠᠲ᠋ᠸᠷᠢᠶᠠᠯ ᠢ ᠥᠵᠡᠭᠡᠳ᠂ ᠢᠰᠷᠸᠯ ᠣᠯᠤᠰ ᠶᠢᠡᠨ ᠪᠠᠢ᠌ᠭᠤᠯᠤᠭᠰᠠᠨ ᠢᠪᠷᠠᠢ ᠭᠡᠳᠡᠭ᠌ ᠦᠨᠳᠦᠰᠦᠳᠠᠨ ᠢ ᠰᠤᠨᠢᠷᠬᠠᠨ ᠭᠠᠢ᠌ᠬᠠᠳᠠᠭ ᠪᠠᠢ᠌ᠭᠰᠠᠨ ᠡᠴᠡ ᠪᠠᠨ ᠡᠨᠡ ᠦᠨᠳᠦᠰᠦᠳᠠᠨ ᠡᠴᠡ ᠰᠤᠴᠢᠳᠠᠭ ᠪᠣᠯᠤᠭᠰᠠᠨ ᠶᠤᠮ᠃ ᠶᠠᠭ ᠡᠨᠡᠭᠦ ᠢᠪᠷᠠᠢ ᠭᠡᠳᠡᠭ᠌ ᠦᠨᠳᠦᠰᠦᠳᠠᠨ 2000 ᠥᠩᠭᠡᠷᠡᠤ ᠵᠢᠯ ᠪᠢᠴᠢᠭ᠌ ᠤᠨ ᠪᠠᠯᠠᠢ ᠦᠭᠡᠶ ᠶᠠᠪᠣᠭᠰᠠᠨ ᠭᠠᠢ᠌ᠬᠠᠮᠰᠢᠭᠳᠤ ᠳᠡᠦᠭᠡ ᠲᠡᠶ ᠪᠦᠭᠡᠳ ᠳᠡᠯᠡᠭᠡᠢ ᠳ᠋ᠠᠭᠢᠨ᠎ᠠ ᠳᠠᠨᠢᠭᠳᠠᠭᠰᠠᠨ ᠱᠠᠰᠢᠨ ᠪ ᠠᠪᠣᠷᠭᠤ ᠨᠤᠮ ᠪᠣᠯᠬᠤ 《ᠠᠷᠢᠭᠤᠨ ᠨᠤᠮ》 ᠊ᠢ ᠬᠠᠮᠤᠭ ᠠᠩᠬ᠎ᠠ ᠣᠳᠠᠭ᠎ᠠ ᠵᠤᠬᠢᠶᠠᠨ ᠪᠦᠳᠦᠭᠡᠵᠡᠢ᠃ ᠮᠦᠨᠴᠦ᠂ ᠳᠡᠯᠡᠭᠡᠢ ᠳᠡᠭᠡᠷᠡᠭᠢ ᠣᠷᠤ ᠶᠢᠨ ᠭᠠᠭᠴᠠᠬᠠᠨ ᠨᠢᠭᠡ ᠯᠠ ᠦᠨᠳᠦᠰᠦᠳᠠᠨ ᠪ ᠱᠠᠰᠢᠨ ᠪᠣᠯᠬᠤ ᠢᠪᠷᠠᠢ ᠱᠠᠰᠢᠨ ᠢ ᠪᠠᠷᠤᠭ 2000 ᠵᠢᠯ ᠤᠨ ᠡᠮᠦᠨ᠎ᠡ ᠵᠤᠬᠢᠶᠠᠨ ᠪᠦᠳᠦᠭᠡᠭ᠍ᠰᠡᠨ ᠭᠡᠳᠡᠭ᠌ ᠪᠦᠭᠡᠳ ᠡᠨᠡᠭᠦ ᠬᠤᠯᠠ ᠡᠷᠳᠡᠨ ᠪ ᠪᠣᠭᠤᠷᠤᠯ ᠱᠠᠰᠢᠨ ᠡᠴᠡ ᠨᠢ ᠾᠷᠢᠰᠲ᠋ᠤᠰ ᠱᠠᠰᠢᠨ᠂ ᠢᠰᠯᠠᠮ ᠱᠠᠰᠢᠨ ᠭᠡᠭᠦ ᠮᠠᠳᠤ ᠱᠠᠰᠢᠨ ᠪᠣᠢ ᠪᠣᠯᠤᠭᠰᠠᠨ ᠳᠤᠳᠤᠷᠬᠠᠢ ᠳᠡᠦᠭᠡ ᠳᠡᠯᠡᠭᠡᠢ ᠳ᠋ᠤ ᠥᠯᠡᠳᠡᠭ᠍ᠰᠡᠨ ᠪᠠᠢ᠌ᠨ᠎ᠠ᠃ ᠳᠠᠳᠠᠨ ᠪᠠᠰᠠ ᠳᠡᠯᠡᠭᠡᠢ ᠶᠢᠨ ᠡᠯ᠎ᠡ ᠭᠠᠵᠠᠷ ᠳᠤ 2000 ᠰᠢᠬᠠᠮ ᠵᠢᠯ ᠪᠣᠳᠠᠷᠠᠨ ᠰᠠᠷᠨᠢᠵᠤ ᠳᠡᠨᠦᠭᠦᠴᠢᠯᠡᠭ᠍ᠰᠡᠨ ᠪᠣᠯᠪᠠᠴᠤ ᠬᠠᠷᠢ ᠦᠨᠳᠤᠰᠳᠠᠨ ᠳ᠋ᠤ ᠬᠠᠢ᠌ᠯᠤᠵᠤ ᠰᠢᠩᠭᠡᠷᠡᠭ᠍ᠰᠡᠨ ᠦᠭᠡᠶ ᠪᠦᠭᠡᠳ ᠳᠠᠭᠢᠨ ᠡᠴᠡ ᠨᠢᠭᠡ ᠭᠠᠵᠠᠷ ᠳᠤ ᠬᠤᠷᠠᠵᠤ ᠴᠤᠭᠯᠠᠷᠠᠭᠠᠤᠨ᠂ 1948 ᠣᠨ ᠳ᠋ᠤ ᠢᠪᠷᠠᠢ᠌ᠴᠤᠳ ᠤᠨ ᠣᠯᠤᠰ ᠪᠣᠯᠬᠤ ᠢᠰᠷᠸᠯ ᠣᠯᠤᠰ ᠢ ᠪᠠᠢ᠌ᠭᠤᠯᠤᠭᠰᠠᠨ ᠭᠠᠢ᠌ᠬᠠᠮᠰᠢᠭ ᠢ ᠡᠭᠦᠰᠭᠡᠵᠦ ᠴᠢᠳᠠᠪᠠ᠃

ᠳᠤᠰ ᠦᠨᠳᠤᠰᠳᠠᠨ ᠪᠣᠯ ᠪᠠᠰᠠᠴᠤ ᠮᠠᠷᠳᠠᠭᠰᠠᠨ ᠭᠡᠯᠡ ᠪᠠᠨ ᠰᠡᠷᠭᠦᠭᠡᠵᠦ ᠴᠢᠳᠠᠭᠰᠠᠨ ᠳᠡᠯᠡᠭᠡᠢ ᠳ᠋ᠠᠭᠢᠨ ᠪ ᠨᠢᠭᠡ ᠭᠠᠢ᠌ᠬᠠᠮᠰᠢᠭᠳᠠᠢ ᠦᠨᠳᠦᠰᠦᠳᠠᠨ ᠪᠣᠯᠤᠨ᠎ᠠ᠃ ᠮᠦᠨᠴᠤ᠂ ᠮᠠᠢ᠌ᠮᠠᠢ ᠭᠢᠵᠦ ᠣᠯᠵᠠ ᠠᠰᠢᠭ ᠬᠤᠠᠵᠢᠬᠤ ᠶᠢ ᠪᠣᠷᠬᠠᠨ ᠳᠡᠭ᠍ᠷᠢ ᠶᠢᠨ ᠭᠡᠰᠢᠭ᠌ ᠭᠦᠷᠳᠡᠵᠦ ᠪᠠᠢ᠌ᠭ᠎ᠠ ᠬᠠᠮᠤᠭ ᠰᠠᠢ᠌ᠨ ᠭᠡᠷᠡᠭ᠌ ᠭᠡᠵᠦ ᠥᠵᠡᠭᠡᠳ᠂ ᠣᠯᠠᠩᠭᠢ ᠭᠦᠮᠦᠰ ᠨᠢ ᠮᠠᠢ᠌ᠮᠠᠢ ᠭᠢᠳᠡᠭ᠌ ᠣᠯᠠᠮᠵᠢᠯᠠᠯ ᠲᠡᠶ ᠮᠦᠷᠳᠡᠭᠡᠨ ᠳᠡᠯᠡᠭᠡᠢ ᠶᠢᠨ ᠳᠠᠰ ᠤᠨ ᠪᠠᠶᠠᠨ ᠳᠤᠯᠤᠮᠴᠤᠳ ᠤᠨ ᠣᠯᠠᠩᠭᠢ ᠶᠢ ᠨᠢ ᠡᠵᠡᠯᠡᠳᠡᠭ᠌ ᠳᠤᠯᠠ ᠢᠪᠷᠠᠢ᠌ᠴᠤᠳ ᠢ《ᠳᠡᠯᠡᠭᠡᠢ ᠶᠢᠨ ᠳᠡᠷᠢᠭᠦᠨ ᠳᠠᠰ ᠤᠨ ᠬᠤᠳᠠᠯᠳᠤᠭᠠᠴᠢᠳ》 ᠭᠡᠳᠡᠭ᠌᠃ ᠳᠤᠰ ᠦᠨᠳᠦᠰᠦᠳᠠᠨ ᠡᠴᠡ ᠪᠠᠰᠠ ᠢᠰᠦ᠋ᠰ᠂ ᠮᠠᠷᠺᠰ᠂ ᠠᠢ᠌ᠠᠰᠲ᠋ᠧᠨ᠂ ᠹᠷᠤᠶ‍ᠸᠳ᠋ ᠭᠡᠭᠦ ᠮᠠᠳᠦ ᠠᠪᠣᠷᠭᠤ ᠭᠦᠮᠦᠰ ᠴᠤᠯᠭᠤᠷᠠᠨ ᠭᠠᠷᠤᠭᠰᠠᠨ ᠢ ᠨᠢ ᠳᠤᠭᠠᠯᠠᠭᠠᠤᠨ ᠪᠠᠷᠠᠰᠢ ᠦᠭᠡᠶ ᠶᠤᠮ᠃ ᠠᠲ᠋ᠤᠮ᠂ ᠡᠦᠰᠦᠳᠦ᠋ᠷᠦᠭ᠍ᠴᠢ ᠵᠡᠷᠭᠡ ᠠᠪᠣᠷᠭᠤ ᠶᠡᠭᠡ ᠳᠡᠯᠪᠠᠴᠢᠭᠦ ᠪᠦᠮᠪᠦᠭᠡ ᠡᠴᠡ ᠠᠪᠣᠭᠠᠤᠨ ᠠᠮᠢᠳᠤᠷᠠᠬᠤ ᠣᠷᠤᠰᠢᠬᠤ ᠶᠢᠨ ᠵᠢᠮ᠎ᠠ ᠬᠠᠤᠯᠢ ᠪᠣᠯᠵᠤ ᠪᠠᠢ᠌ᠭ᠎ᠠ ᠭᠠᠷᠠᠭ ᠤᠨ ᠳᠤᠭᠠᠯᠠᠯ ᠭᠡᠮᠡᠭᠦ ᠭᠦᠷᠳᠡᠯ᠎ᠡ ᠪᠦᠷᠢ ᠢᠪᠷᠠᠢ᠌ᠴᠤᠳ ᠤᠨ ᠪᠦᠳᠦᠭᠡᠯ ᠪᠠᠢ᠌ᠵᠠᠢ᠃

ᠣᠳᠤ ᠪᠣᠯᠬᠤ ᠳ᠋ᠤ ᠳᠡᠯᠡᠭᠡᠢ ᠶᠢᠨ ᠴᠠᠭᠳᠠᠭ᠎ᠠ ᠭᠡᠮᠡᠭᠦ ᠳᠦᠷᠢ ᠳᠤᠭᠯᠠᠵᠤ ᠶᠠᠪᠣᠭ᠎ᠠ 2 ᠳ᠋ᠦ᠋ᠩᠰᠢᠭᠤᠷ ᠥᠩᠭᠡᠷᠡᠤ ᠭᠦᠮᠦ ᠲᠡᠶ ᠠᠮᠸᠷᠢᠺᠠ ᠶᠢᠨ ᠠᠵᠤ ᠠᠬᠤᠢ ᠶᠢᠨ ᠠᠮᠢᠨ ᠭᠤᠤᠯ ᠰᠤᠳᠠᠰᠤ ᠶᠢ ᠠᠮᠸᠷᠢᠺᠠ ᠳ᠋ᠠᠭᠢ 600 ᠲᠦᠮᠡᠨ ᠥᠩᠭᠡᠷᠡᠦ ᠢᠪᠷᠠᠢ᠌ᠴᠤᠳ ᠡᠵᠡᠮᠰᠢᠭᠡᠳ᠂ ᠳᠡᠯᠡᠭᠡᠢ ᠶᠢᠨ ᠣᠯᠤᠰ ᠳᠦᠷᠦ ᠶᠢ ᠭᠦᠰᠢᠭᠡ ᠶᠢᠨ ᠠᠷᠤ ᠡᠴᠡ ᠵᠠᠭᠢᠷᠴᠤ ᠪᠠᠢ᠌ᠨ᠎ᠠ ᠭᠡᠳᠡᠭ᠌ ᠰᠤᠨᠢᠷᠬᠠᠯ ᠲᠡᠶ ᠮᠡᠳᠡᠭᠡ ᠴᠤ ᠣᠯᠠᠰᠢᠷᠠᠵᠤ ᠪᠠᠢ᠌ᠨ᠎ᠠ᠃ ᠶᠠᠷᠦ ᠨᠢ ᠳᠡᠯᠡᠭᠡᠢ ᠶᠢᠨ ᠭᠦᠭ᠍ᠵᠢᠯ ᠤᠨ ᠳᠡᠦᠭᠡ ᠳ᠋ᠦ ᠡᠳᠡᠨ ᠪ ᠭᠦᠯ ᠤᠨ ᠮᠦᠷ ᠨᠠᠯᠢᠶᠠᠤᠨ ᠶᠡᠭᠡ ᠪᠠᠢ᠌ᠷᠢ ᠡᠵᠡᠯᠡᠳᠡᠭ᠌ ᠪᠠᠢ᠌ᠪᠠ᠃ ᠡᠳᠡᠭᠡᠷ ᠪᠦᠭᠦᠨ ᠢ ᠭᠢᠳᠠᠤᠨ ᠦᠨᠳᠤᠰᠳᠠᠨ ᠲᠡᠶ ᠬᠠᠷᠢᠴᠠᠭᠤᠯᠤᠨ ᠪᠢᠴᠢᠭ᠍ᠰᠡᠨ ᠮᠠᠨ ᠪ ᠣᠯᠤᠰ ᠤᠨ ᠭᠢᠳᠠᠤᠨ ᠵᠤᠬᠢᠶᠠᠯ ᠪᠦᠳᠦᠭᠡᠯ ᠨᠠᠯᠢᠶᠠᠤᠨ ᠣᠯᠠᠨ ᠪᠠᠢ᠌ᠳᠠᠭ᠃ ᠡ᠊ᠨᠳᠡ ᠪᠢ ᠢᠪᠷᠠᠢ᠌ᠴᠤᠳ ᠢ ᠳᠤᠮᠳᠠᠳᠤ ᠣᠯᠤᠰ ᠤᠨ ᠮᠤᠩᠭ᠋ᠤᠯ ᠦᠨᠳᠦᠰᠦᠳᠠᠨ ᠯᠦᠭᠡ ᠬᠠᠷᠢᠴᠠᠭᠤᠯᠤᠨ ᠥᠵᠡᠭ᠍ᠰᠡᠨ ᠵᠣᠢ᠌ᠯ ᠶᠢᠡᠨ ᠰᠡᠢ᠌ᠷᠡᠭᠦᠯᠰᠦᠭᠡᠢ᠃

ᠮᠢᠨᠦ ᠣᠢ᠌ᠯᠠᠭᠠᠭᠰᠠᠨ ᠶᠢᠡᠷ᠂ ᠮᠤᠩᠭ᠋ᠤᠯᠴᠤᠳ ᠪᠠ ᠢᠪᠷᠠᠢ᠌ᠴᠤᠳ ᠤᠨ ᠬᠠᠮᠤᠭ ᠤᠨ ᠶᠡᠭᠡ ᠦᠨᠳᠦᠰᠦᠨ ᠵᠦᠷᠢᠶ᠎ᠠ ᠭᠡᠪᠠᠯ ᠦᠪᠡᠷ ᠤᠨ ᠦᠨᠳᠦᠰᠦᠳᠠᠨ ᠪ ᠳᠡᠦᠭᠡ ᠪᠣᠯᠤᠨ ᠵᠠᠩᠰᠢᠯ ᠶᠢᠡᠨ ᠭᠦᠮᠤᠨ ᠪᠦᠭᠦᠨ ᠪᠢᠴᠢᠭᠡᠳ ᠴᠡᠭᠡᠵᠢᠯᠡᠭᠦ ᠡᠰᠡᠭᠦ ᠳ᠋ᠦ ᠯᠠ ᠪᠠᠢ᠌ᠨ᠎ᠠ᠃ ᠦᠨᠡᠨ ᠢ ᠭᠡᠯᠡᠪᠠᠯ᠂ ᠡᠨᠡ ᠨᠢ ᠮᠤᠩᠭ᠋ᠤᠯᠴᠤᠳ ᠤᠨ ᠰᠢᠷ᠎ᠠ ᠶᠢᠨ ᠱᠠᠰᠢᠨ ᠪᠠ ᠢᠪᠷᠠᠢ ᠱᠠᠰᠢᠨ ᠪ ᠦᠨᠳᠦᠰᠦᠨ ᠢᠯᠭᠠᠭ᠎ᠠ ᠪᠣᠯᠤᠨ᠎ᠠ᠃ ᠳᠠᠷᠤᠢ᠂ ᠢᠪᠷᠠᠢ ᠱᠠᠰᠢᠨ ᠪᠠ ᠮᠤᠩᠭ᠋ᠤᠯ ᠤᠨ ᠰᠢᠷ᠎ᠠ ᠶᠢᠨ ᠱᠠᠰᠢᠨ ᠪ ᠨᠤᠮᠯᠠᠯ ᠤᠨ ᠠᠭᠤᠯᠭ᠎ᠠ ᠨᠠᠯᠢᠶᠠᠤᠨ ᠶᠡᠭᠡ ᠵᠦᠷᠢᠶ᠎ᠠ ᠲᠡᠶ ᠪᠣᠶᠤ ᠣᠯᠠᠩᠭᠢ ᠳᠠᠭᠠᠨ ᠡᠰᠡᠷᠭᠦ ᠳᠡᠰᠡᠷᠭᠦ ᠪᠠᠢ᠌ᠳᠠᠭ ᠭᠡᠰᠡᠨ ᠥᠭᠡ ᠮᠦᠨ᠃ ᠢᠪᠷᠠᠢ ᠱᠠᠰᠢᠨ ᠪ 《ᠠᠷᠢᠭᠤᠨ ᠨᠤᠮ》 ᠭᠡᠳᠡᠭ᠌ ᠨᠢ ᠳᠡᠯᠡᠭᠡᠢ ᠶ‍ᠢᠷᠳᠢᠠᠴᠦ ᠶᠠᠭᠠᠭᠢᠵᠤ ᠪᠦᠳᠦᠭ᠍ᠰᠡᠨ ᠭᠡᠭᠦ ᠮᠠᠳᠦ ᠳᠤᠮᠤᠭ ᠶᠠᠷᠢᠶ᠎ᠠ ᠪᠣᠯᠤᠨ ᠢᠪᠷᠠᠢ᠌ᠴᠤᠳ ᠶᠠᠭᠠᠭᠢᠵᠤ ᠪᠣᠢ ᠪᠣᠯᠤᠭᠰᠠᠨ᠂ ᠢᠪᠷᠠᠢ᠌ᠴᠤᠳ ᠶᠠᠭᠠᠭᠢᠵᠤ ᠣᠯᠤᠰ ᠪᠠᠢ᠌ᠭᠤᠯᠤᠭᠰᠠᠨ᠂ ᠭᠡᠨ ᠭᠡᠨ ᠭᠡᠳᠡᠭ᠌ ᠪᠠᠭᠠᠳᠤᠷᠴᠤᠳ ᠭᠠᠷᠴᠤ ᠪᠠᠢ᠌ᠭᠰᠠᠨ᠂ ᠢᠪᠷᠠᠢ᠌ᠴᠤᠳ ᠵᠠᠪᠠᠯ ᠶᠠᠮᠠᠷ ᠶᠠᠮᠠᠷ ᠰᠤᠷᠭᠠᠯ ᠢ ᠰᠠᠭᠢᠬᠤ᠂ ᠶᠠᠮᠠᠷ ᠵᠣᠢ᠌ᠯ ᠡᠴᠡ ᠴᠡᠭᠡᠷᠯᠡᠭᠦ᠂ ᠶᠠᠭᠠᠭᠢᠵᠤ ᠠᠮᠢᠳᠤᠷᠠᠪᠠᠯ ᠵᠤᠭᠢᠬᠤ ᠵᠡᠷᠭᠡ ᠶᠢ ᠪᠢᠴᠢᠭ᠍ᠰᠡᠨ ᠰᠤᠳᠤᠷ ᠪᠠᠢ᠌ᠵᠠᠢ᠃ ᠳᠠᠷᠠ ᠮᠦᠷᠳᠡᠭᠡᠨ ᠢᠪᠷᠠᠢ᠌ᠴᠤᠳ 2000 ᠰᠢᠬᠠᠮ ᠵᠢᠯ ᠪᠣᠳᠠᠷᠠᠨ ᠰᠠᠷᠨᠢᠵᠤ ᠳᠡᠯᠡᠭᠡᠢ ᠳ᠋ᠠᠭᠢᠨ ᠶᠢᠡᠷ ᠳᠡᠨᠦᠭᠦᠴᠢᠯᠡᠭ᠍ᠰᠡᠨ ᠪᠣᠯᠪᠠᠴᠤ ᠡᠨᠡᠭᠦ ᠱᠠᠰᠢᠡᠴᠢᠯᠠᠭᠰᠠᠨ ᠳᠡᠦᠭᠡ ᠪᠠᠨ ᠳᠤᠯᠤᠭᠠᠨ ᠬᠤᠨᠤᠭ ᠪᠦᠷᠢ ᠳ᠋ᠦ ᠨᠢᠭᠡ ᠣᠳᠠᠭ᠎ᠠ ᠣᠩᠰᠢᠵᠤ ᠴᠡᠭᠡᠵᠢᠯᠡᠭᠡᠳ ᠮᠦᠷᠭᠦᠯ ᠦᠢᠯᠡᠳᠬᠦ ᠪᠠᠨ ᠪᠠᠷᠢᠮᠳᠠᠯᠠᠭᠰᠠᠨ ᠳᠤᠯᠠ ᠢᠪᠷᠠᠢ᠌ᠴᠤᠳ ᠤᠨ ᠳᠡᠷᠡᠭᠦ ᠵᠤᠪᠠᠯᠠᠩ ᠢ ᠡᠷᠢᠵᠦ ᠪᠠᠢ᠌ᠭᠠᠤᠨ ᠠᠮᠰᠠᠬᠤ ᠭᠡᠰᠡᠨ ᠣᠠᠴᠠᠭᠠᠢ ᠵᠤᠷᠢᠭ ᠰᠠᠨᠠᠭᠠᠨ᠂ ᠭᠡᠨᠡᠨ ᠠᠶᠤᠯᠳᠠᠢ ᠭᠡᠷᠡᠭ᠌ ᠦᠢᠯᠡᠳᠬᠦ ᠶᠢ ᠪᠢᠰᠢᠷᠡᠭᠦ ᠰᠤᠨᠢᠨ ᠭᠡᠪ ᠰᠤᠷᠳᠠᠯ᠂ ᠪᠣᠰᠤᠳᠴᠢ ᠶ‍ᠢᠷᠳᠢᠠᠴᠦ ᠶᠢᠨ ᠭᠦᠭ᠍ᠵᠢᠯ ᠢ ᠵᠦᠪ ᠪᠠᠷᠤᠭᠴᠠᠭᠠᠵᠤ ᠴᠢᠳᠠᠬᠤ ᠣᠬᠠᠭᠠᠨ ᠪᠢᠯᠢᠭ᠌᠂ ᠦᠰᠢᠶ᠎ᠡ ᠠᠪᠬᠤ ᠶᠢ ᠲᠤᠢ᠌ᠯ ᠶᠢᠡᠷ ᠡᠷᠭᠢᠮᠯᠡᠳᠡᠭ᠌ ᠣᠯᠠᠮᠵᠢᠯᠠᠯᠳᠤ ᠦᠵᠡᠯᠳᠠ᠂ ᠦᠨᠳᠦᠰᠦᠳᠠᠨ ᠪ ᠪᠠᠨ ᠲᠦᠯᠦᠭᠡ ᠵᠤᠷᠢᠭᠳᠠᠢ ᠪᠠᠷ ᠦᠷᠡᠭ᠍ᠳᠡᠯ ᠭᠠᠷᠭᠠᠳᠠᠭ ᠥᠵᠡᠭ᠍ᠳᠡᠯ᠂ ᠪᠠᠶ᠎ᠠ ᠪᠠᠨ ᠦᠷᠡᠭ᠍ᠳᠡᠭᠦᠯᠵᠦ ᠪᠠᠢ᠌ᠭᠠᠤᠨ ᠬᠠᠷᠢᠯᠴᠠᠨ ᠳᠡᠮᠵᠢᠳᠡᠭ᠌ ᠣᠯᠠᠮᠵᠢᠯᠠᠯ᠂ ᠬᠠᠷᠢ ᠦᠨᠳᠤᠰᠳᠠᠨ ᠲᠡᠶ ᠬᠤᠷᠢᠮᠯᠠᠬᠤ ᠶᠢ ᠡᠷᠡᠰ ᠴᠡᠭᠡᠷᠯᠡᠳᠡᠭ᠌ ᠵᠠᠩᠰᠢᠯ᠂ ᠬᠡᠦᠬᠡᠳ ᠣᠯᠠᠨ ᠳᠦᠷᠤᠪᠠᠯ ᠭᠡᠰᠢᠭ᠌ ᠪᠣᠶᠠᠨ ᠮᠠᠠᠳᠤᠨ᠎ᠠ ᠭᠡᠳᠡᠭ᠌ ᠪᠢᠰᠢᠷᠠᠯ᠂ ᠠᠯᠳᠠᠭ᠎ᠠ ᠭᠠᠷᠭᠠᠠᠭᠰᠠᠤᠨ ᠶᠢᠡᠨ ᠵᠤᠭᠢᠰᠳᠠᠢ ᠪᠠᠷ ᠠᠭᠤᠴᠢᠯᠠᠵᠤ ᠭᠦᠮᠦᠵᠢᠭᠦᠯᠳᠡᠭ᠌ ᠪᠠᠢ᠌ᠳᠠᠯ᠂ ᠭᠤᠷᠪᠠᠨ ᠭᠦᠮᠤᠨ ᠨᠠᠢ᠌ᠯᠠᠪᠠᠯ ᠨᠢᠭᠡ ᠵᠤᠬᠢᠶᠠᠨ ᠪᠠᠢ᠌ᠭᠤᠯᠤᠯᠳᠠ ᠪᠣᠯᠵᠤ ᠴᠢᠳᠠᠳᠠᠭ ᠭᠠᠢ᠌ᠬᠠᠮᠰᠢᠭᠳᠠᠢ ᠪᠦᠯᠭᠦᠮᠳᠡᠯ᠂ ᠮᠠᠢ᠌ᠮᠠᠢ ᠭᠢᠵᠦ ᠮᠥᠩᠭᠦ ᠬᠤᠠᠵᠢᠬᠤ ᠶᠢ ᠳᠡᠭ᠍ᠷᠢ ᠶᠢᠨ ᠭᠡᠰᠢᠭ᠌ ᠭᠦᠷᠳᠡᠵᠦ ᠪᠠᠢ᠌ᠭ᠎ᠠ ᠭᠡᠷᠡᠭ᠌ ᠭᠡᠭᠦ ᠣᠬᠠᠮᠰᠠᠷ᠂ ᠮᠥᠩᠭᠦ ᠪᠠᠷ ᠴᠢᠰᠤ ᠦᠭᠡᠶ ᠠᠯᠠ ᠭᠡᠳᠡᠭ᠌ ᠠᠶᠤᠮᠰᠢᠭᠳᠠᠢ ᠰᠤᠷᠭᠠᠯ ᠵᠡᠷᠭᠡ ᠶᠢ ᠪᠣᠢ ᠪᠣᠯᠭᠠᠨ ᠣᠯᠠᠮᠵᠢᠯᠠᠪᠠ᠃

ᠢᠪᠷᠠᠢ᠌ᠴᠤᠳ ᠤᠨ《ᠠᠷᠢᠭᠤᠨ ᠨᠤᠮ》 (ᠲ᠋ᠠᠮᠤᠳ᠋ ᠵᠡᠷᠭᠡ ᠨᠢᠭᠡ ᠭᠡᠰᠡᠭ᠌ ᠴᠢᠬᠤᠯᠠ ᠰᠤᠳᠤᠷ ᠢ ᠬᠤᠷᠢᠶᠠᠩᠭ᠋ᠣᠢ᠌ᠯᠠᠭᠠᠤᠨ 《ᠠᠷᠢᠭᠤᠨ ᠨᠤᠮ》 ᠭᠡᠵᠤ ᠭᠡᠯᠡᠨ᠎ᠡ) ᠣᠳᠤ ᠨᠢᠭᠡᠨᠲᠡ 39 ᠪᠣᠳᠢ ᠪᠣᠯᠤᠭᠰᠠᠨ ᠪᠦᠭᠡᠳ ᠳᠤᠭᠳᠠᠭᠠᠯ ᠶᠤᠰᠤᠭᠠᠷ ᠳᠡᠦᠭᠡᠳᠦ ᠭᠡᠷᠡᠭ᠌᠂ ᠶᠤᠰᠤ ᠵᠠᠩᠰᠢᠯ᠂ ᠰᠤᠷᠭᠠᠯ ᠵᠡᠷᠭᠡ ᠪᠠᠨ ᠣᠳᠤ ᠪᠠᠰᠠ ᠯᠠ ᠠᠷᠤ ᠳ᠋ᠤᠨᠢ ᠵᠠᠯᠭᠠᠨ ᠪᠢᠴᠢᠭ᠍ᠰᠡᠭᠡᠷ ᠪᠠᠢ᠌ᠳᠠᠭ ᠭᠡᠨ᠎ᠡ᠃ ᠡᠢ᠌ᠮᠦ ᠳᠤᠮᠤ ᠰᠤᠳᠤᠷ ᠢ ᠢᠪᠷᠠᠢ᠌ᠴᠤᠳ ᠶᠠᠷᠦ ᠳᠡᠭᠡᠨ 6 ᠨᠠᠰᠤᠨ ᠡᠴᠡ ᠪᠠᠨ ᠡᠭᠢᠯᠡᠨ ᠴᠡᠭᠡᠵᠢᠯᠡᠳᠡᠭ᠌ ᠪᠦᠭᠡᠳ 20 ᠊ᠭᠠᠤᠨ ᠨᠠᠰᠤᠨ ᠭᠦᠷᠳᠡᠯ᠎ᠡ ᠪᠠᠨ ᠭᠤᠤᠯ ᠠᠭᠤᠯᠭ᠎ᠠ ᠶᠢ ᠨᠢ ᠴᠡᠭᠡᠵᠢᠯᠡᠨ ᠵᠢᠷᠤᠮᠯᠠᠵᠤ ᠡᠭᠢᠯᠡᠳᠡᠭ᠌ ᠳᠤᠯᠠ 2000 ᠥᠩᠭᠡᠷᠡᠦ ᠵᠢᠯ ᠤᠨ ᠪᠢᠴᠢᠭ᠌ ᠤᠨ ᠪᠠᠯᠠᠢ ᠦᠭᠡᠶ ᠳᠡᠦᠭᠡ ᠶᠢ ᠢᠩᠭᠢᠵᠦ ᠡᠭᠦᠰᠭᠡᠭ᠍ᠰᠡᠨ ᠪᠠᠢ᠌ᠪᠠ᠃ ᠦᠨᠳᠦᠰᠦᠳᠠᠨ ᠪ ᠡᠢ᠌ᠮᠦ ᠨᠢᠭᠡ ᠵᠦᠪ ᠣᠬᠠᠮᠰᠠᠷ ᠲᠡᠶ ᠡᠷᠳᠡᠮᠳᠡᠨ ᠶᠢᠡᠷ ᠪᠦᠷᠢᠯᠳᠦᠭ᠍ᠰᠡᠨ ᠮᠠᠢ᠌ᠮᠠᠢ᠌ᠴᠢᠳ ᠤᠨ ᠡᠩᠨᠡᠭᠡ ᠠᠶᠠᠠᠳᠠᠭᠠᠨ ᠪᠠᠶᠠᠵᠢᠬᠤ ᠮᠦᠷᠳᠡᠭᠡᠨ ᠳᠡᠯᠡᠭᠡᠢ ᠶᠢ ᠡᠵᠡᠮᠰᠢᠭᠦ ᠨᠢ ᠭᠠᠢ᠌ᠬᠠᠮᠠᠷ ᠭᠡᠷᠡᠭ᠌ ᠪᠢᠰᠢ᠃ ᠣᠴᠢᠷ ᠨᠢ ᠳᠠᠳᠠᠨ ᠣᠳᠤ ᠪᠠ ᠢᠷᠡᠭᠡᠳᠦᠢ ᠶᠢᠨ ᠬᠤᠪᠢ ᠵᠠᠶᠠᠭ᠎ᠠ ᠶᠢ ᠳᠤᠭᠳᠠᠭᠠᠬᠤ ᠪᠠᠢ᠌ᠭᠠᠯᠢ ᠪᠠ ᠨᠡᠢ᠌ᠭᠡᠮ ᠤᠨ ᠵᠢᠮ᠎ᠠ ᠬᠠᠤᠯᠢ ᠶᠢ ᠵᠦᠪ ᠳᠠᠨᠢᠬᠤ ᠪᠠ ᠠᠰᠢᠭᠯᠠᠵᠤ ᠴᠢᠳᠠᠳᠠᠭ ᠲᠤ ᠣᠷᠤᠰᠢᠨ᠎ᠠ᠃ ᠡᠨᠡ ᠳᠤᠬᠠᠢ ᠳ᠋ᠤ ᠵᠠᠷᠢᠮ ᠭᠦᠮᠦᠰ ᠭᠡᠯᠡᠭᠦ ᠳᠡᠭᠡᠨ᠂ ᠰᠲ᠋ᠠᠯᠢᠨ ᠪ ᠭᠡᠯᠡᠳᠡᠭ᠌ ᠦᠨᠳᠦᠰᠦᠳᠠᠨ ᠪ ᠳᠤᠬᠠᠢ ᠳᠦᠷᠪᠠᠨ ᠶᠡᠭᠡ ᠳᠤᠮᠢᠶᠠᠯᠠᠯ ᠡᠴᠡ ᠢᠯᠡᠭᠦᠦ ᠭᠡᠴᠡᠭᠦᠦ ᠵᠣᠢ᠌ᠯ ᠭᠡᠪᠠᠯ ᠦᠨᠳᠦᠰᠦᠳᠠᠨ ᠪ ᠳᠡᠦᠭᠡ ᠪᠣᠯᠤᠨ ᠵᠠᠩᠰᠢᠯ ᠶᠢᠡᠨ ᠵᠠᠪᠠᠯ ᠪᠢᠴᠢᠵᠦ ᠴᠡᠭᠡᠵᠢᠯᠡᠭᠦ ᠶᠤᠰᠤ ᠪᠠ ᠬᠠᠷᠢ ᠦᠨᠳᠦᠰᠦᠳᠠᠨ ᠲᠡᠶ ᠶᠠᠭᠠᠭᠢᠭᠰᠠᠨ ᠴᠤ ᠬᠤᠷᠢᠮᠯᠠᠵᠤ ᠪᠣᠯᠬᠤ ᠦᠭᠡᠶ ᠭᠡᠳᠡᠭ᠌ ᠬᠠᠳᠠᠭᠤ ᠴᠡᠭᠡᠷᠯᠡᠯ ᠪᠣᠯᠤᠨ᠎ᠠ ᠭᠡᠵᠡᠢ᠃

ᠡᠭᠦᠨ ᠪ ᠡᠰᠡᠷᠭᠦ ᠪᠠᠷ ᠮᠠᠨ ᠪ ᠮᠤᠩᠭ᠋ᠤᠯᠴᠤᠳ ᠤᠨ ᠭᠦᠮᠤᠨ ᠪᠦᠷᠢ ᠦᠨᠳᠦᠰᠦᠳᠠᠨ ᠪ ᠳᠡᠦᠭᠡ ᠪᠠᠨ ᠦᠨᠡᠨ ᠮᠦᠨ ᠶᠢᠡᠷ ᠨᠢ ᠨᠡᠪᠳᠡᠷᠭᠡᠢ ᠣᠢ᠌ᠯᠠᠭᠠᠨ ᠪᠢᠴᠢᠵᠦ ᠴᠡᠭᠡᠵᠢᠯᠡᠭᠦ ᠨᠢ ᠪᠠᠢ᠌ᠳᠤᠭᠠᠢ ᠨᠠᠯᠢᠶᠠᠤᠨ ᠰᠢᠰᠲ᠋ᠸᠮ ᠲᠡᠶ ᠮᠡᠳᠡᠳᠡᠭ᠌ ᠭᠦᠮᠤᠨ ᠴᠦ ᠴᠥᠭᠡᠭᠡᠨ ᠪᠠᠢ᠌ᠭᠰᠠᠨ ᠳᠡᠦᠭᠡ ᠣᠳᠠᠭᠠᠨ ᠦᠷᠭᠦᠯᠵᠢᠯᠡᠭ᠍ᠰᠡᠨ ᠶᠤᠮ᠃ ᠰᠢᠷ᠎ᠠ ᠶᠢᠨ ᠱᠠᠰᠢᠨ ᠪ ᠨᠤᠮᠯᠠᠯ ᠡᠴᠡ ᠪᠣᠯᠵᠤ᠂ ᠥᠭᠦᠭᠦ ᠶᠢ ᠡᠷᠭᠢᠮᠨᠡᠵᠦ ᠪᠣᠷᠬᠠᠨ ᠪᠣᠯᠤᠨ᠎ᠠ ᠭᠡᠮᠡᠳᠡᠭ᠌᠂ ᠬᠤᠷᠤᠬᠠᠢ ᠰᠢᠪᠠᠵᠢ ᠡᠴᠡ ᠴᠤ ᠠᠶᠤᠵᠤ ᠡᠮᠢᠶᠡᠭᠡᠳ᠂ ᠦᠨᠳᠦᠰᠦᠳᠠᠨ ᠪᠣᠶ‍ᠤ ᠳᠡᠦᠭᠡ ᠪᠠᠨ ᠪᠠᠷᠤᠭ ᠲᠦᠯᠤᠪ ᠮᠠᠷᠳᠠᠵᠤ ᠳᠠᠶᠠᠭᠳᠠᠨ᠂ ᠮᠤᠩᠭ᠋ᠤᠯ ᠰᠤᠶᠤᠯ ᠥᠰᠦᠭ᠌ ᠪᠢᠴᠢᠭ᠌ ᠶᠢᠡᠨ ᠴᠢᠳᠠᠬᠤ ᠶᠢᠨ ᠴᠢᠨᠡᠭᠡ ᠪᠠᠷ ᠶᠢᠡᠨ ᠪᠣᠯᠠᠰᠢᠯᠠᠵᠤ ᠪᠠᠢ᠌ᠭᠰᠠᠨ ᠶᠤᠮ᠃ ᠨᠠᠩ ᠴᠤ ᠯᠠᠮ᠎ᠠ ᠭᠡᠮᠡᠭ᠍ᠴᠢ ᠨᠠᠷ᠎ᠠ ᠠᠪᠣᠭᠠᠤᠨ᠂ ᠳᠦᠷᠤᠵᠦ ᠦᠷᠡᠵᠢᠭᠦ ᠪᠠᠨ ᠡᠷᠡᠰ ᠬᠤᠷᠢᠭᠯᠠᠭᠰᠠᠨ ᠭᠠᠵᠠᠭᠤ ᠪᠣᠷᠤᠭᠤ ᠠᠵᠢᠯᠯᠠᠭᠠᠨ ᠡᠴᠡ ᠪᠣᠯᠵᠤ᠂ ᠭᠦᠮᠤᠨ ᠬᠠᠰᠤᠭᠳᠠᠵᠤ᠂ ᠣᠢ᠌ᠯᠠᠳᠪᠣᠷᠢᠯᠠᠯ ᠳᠤᠷᠣᠢ᠌ᠳᠠᠪᠠ᠃ ᠵᠠᠷᠢᠮ ᠭᠦᠮᠤᠨ ᠪ ᠪᠦᠷᠢᠨ ᠪᠣᠰᠤ ᠳᠦᠰᠦᠪᠯᠡᠭ᠍ᠰᠡᠨ ᠶᠢᠡᠷ᠂ ᠰᠢᠷ᠎ᠠ ᠶᠢᠨ ᠱᠠᠰᠢᠨ ᠰᠢᠳᠦᠭ᠍ᠰᠡᠨ 16 ᠳ᠋ᠤᠭᠠᠷ ᠵᠠᠭᠤᠨ ᠪ ᠳᠤᠤᠷᠠᠳᠤ ᠮᠦᠴᠡ ᠡᠴᠡ 20 ᠳ᠋ᠤᠭᠠᠷ ᠵᠠᠭᠤᠨ ᠪ ᠳᠠᠪᠢᠭᠠᠤᠨ ᠣᠨ ᠭᠦᠷᠳᠡᠯ᠎ᠡ᠂ ᠪᠦᠭᠦ ᠮᠤᠩᠭ᠋ᠤᠯ ᠤᠨ ᠰᠢᠷ᠎ᠠ ᠶᠢᠨ ᠱᠠᠰᠢᠨ ᠡᠴᠡ ᠪᠣᠯᠵᠤ ᠬᠤᠷᠤᠭᠳᠠᠭᠰᠠᠨ ᠭᠦᠮᠤᠨ ᠪᠠᠷᠤᠭ 1.8 ᠳ᠋ᠦ᠋ᠩᠰᠢᠭᠤᠷ ᠪᠣᠯᠤᠨ᠎ᠠ ᠭᠡᠵᠡᠢ᠃ ᠳᠠᠷᠤᠢ᠂ ᠰᠢᠷ᠎ᠠ ᠶᠢᠨ ᠱᠠᠰᠢᠨ ᠪᠣᠯ ᠮᠤᠩᠭ᠋ᠤᠯ ᠢ ᠥᠭᠦᠳᠡᠯ᠎ᠡ ᠨᠢ ᠢᠳᠡᠭ᠍ᠰᠡᠨ ᠳᠡᠷᠢᠭᠦᠨ ᠵᠡᠷᠭᠡ ᠶᠢᠨ ᠰᠢᠮᠨᠤᠰ ᠪᠣᠯᠤᠨ᠎ᠠ᠃ ᠰᠢᠷ᠎ᠠ ᠶᠢᠨ ᠱᠠᠰᠢᠨ ᠰᠢᠳᠦᠭ᠍ᠰᠡᠨ ᠡᠴᠡ ᠪᠣᠯᠵᠤ᠂ ᠥᠭᠦᠭᠦ ᠶᠢ ᠡᠷᠭᠢᠮᠯᠡᠨ᠂ ᠠᠮᠢᠳᠤ ᠶᠠᠪᠣᠬᠤ ᠶᠢ ᠵᠢᠭ᠍ᠰᠢᠭ᠍ᠰᠡᠨ ᠤᠳᠬ᠎ᠠ ᠣᠴᠢᠷ ᠦᠭᠡᠶ ᠬᠤᠭᠤᠰᠤᠨ ᠴᠢᠨᠠᠷ ᠶᠢᠡᠷ ᠭᠤᠤᠯᠯᠠᠭᠰᠠᠨ ᠨᠤᠮᠯᠠᠯ ᠢ ᠳᠠᠩᠭ᠋ᠤᠳ ᠭᠡᠯᠡ ᠪᠠᠷ ᠬᠤᠳᠠᠯ ᠦᠨᠡᠨ ᠶᠢᠡᠷ ᠣᠩᠰᠢᠬᠤ ᠳᠦᠷᠢ ᠥᠵᠡᠭᠦᠯᠵᠦ᠂ ᠤᠨᠴᠡᠭᠠᠢ ᠶᠡᠭᠡ ᠬᠤᠤᠷ ᠲᠡᠶ ᠳᠡᠷᠰ 《ᠮᠡᠭᠡᠯᠡᠭ᠍ᠴᠢ》 ᠶ᠋ᠢᠨ ᠠᠮᠢᠳᠤᠷᠠᠯ ᠥᠩᠭᠡᠷᠡᠭᠦᠯᠭᠦ ᠪᠦᠭᠡᠳ ᠣᠴᠢᠷ ᠤᠳᠬ᠎ᠠ ᠦᠭᠡᠶ ᠪᠠᠷ ᠠᠶᠤᠵᠤ ᠰᠤᠴᠢᠬᠤ ᠪᠣᠶ‍ᠤ ᠰᠡᠵᠢᠭᠯᠡᠭᠦ᠂ ᠰᠦᠰᠦ ᠵᠤᠷᠢᠭ ᠶᠢᠡᠨ ᠠᠯᠳᠠᠵᠤ ᠬᠠᠷᠢ ᠶᠢᠨ ᠡᠮᠦᠨ᠎ᠡ ᠬᠤᠨᠢ ᠨᠤᠮᠤᠬᠠᠷᠠᠬᠤ᠂ ᠭᠡᠢ ᠬᠤᠭᠤᠰᠤᠨ ᠪᠠᠯᠭᠡ ᠳᠠᠮᠪᠠᠷᠢᠯ ᠭᠡᠮᠡᠭᠦ ᠶᠢ ᠢᠳᠡᠭᠡᠵᠦ ᠪᠢᠰᠢᠷᠡᠭᠦ᠂ ᠶ‍ᠢᠷᠳᠢᠠᠴᠦ ᠶᠢᠨ ᠵᠢᠮ᠎ᠠ ᠶᠤᠰᠤ ᠶᠢ ᠵᠦᠪ ᠣᠢ᠌ᠯᠠᠭᠠᠬᠤ ᠦᠭᠡᠶ ᠪᠣᠯᠬᠤ᠂ ᠳᠦᠷᠤᠵᠦ ᠥᠰᠭᠦ ᠶᠢ ᠵᠢᠭ᠍ᠰᠢᠭᠦ᠂ ᠬᠤᠭᠤᠷᠤᠠᠳᠤ ᠪᠠᠨ ᠬᠠᠷᠢᠯᠴᠠᠨ ᠨᠢᠭᠡ ᠨᠢᠭᠡ ᠪᠠᠨ ᠦᠵᠡᠨ ᠶᠠᠳᠠᠵᠤ ᠬᠠᠷᠢᠯᠴᠠᠨ ᠳᠡᠭᠡᠷᠡᠯᠭᠡᠵᠤ ᠳᠤᠷᠤᠮᠵᠢᠯᠠᠬᠤ᠂ ᠬᠠᠭᠤᠷᠮᠠᠭ ᠡᠷᠭᠡ ᠵᠡᠷᠭᠡ ᠶᠢᠨ ᠲᠦᠯᠦᠭᠡ ᠨᠡᠷᠡᠯᠭᠡᠭᠦ᠂ ᠦᠨᠳᠦᠰᠦᠳᠠᠨ ᠪᠠ ᠦᠪᠡᠷ ᠤᠨ ᠭᠡᠰᠡᠨ ᠳᠡᠦᠭᠡ ᠪᠣᠶ‍ᠤ ᠰᠤᠶᠤᠯ ᠤᠨ ᠳᠤᠬᠠᠢ ᠵᠦᠪ ᠣᠬᠠᠮᠰᠠᠷ ᠦᠭᠡᠶ ᠪᠣᠯᠵᠤ᠂ ᠰᠤᠯᠢᠶᠠᠳᠤ ᠠᠮᠢᠳᠠᠨ ᠪᠣᠶ‍ᠤ ᠰᠤᠭᠳᠤᠭᠤ ᠳᠡᠨᠡᠭ᠌ ᠠᠮᠢᠳᠠᠨ ᠰᠢᠭ ᠪᠣᠯᠴᠢᠬᠠᠯ᠎ᠠ᠃ ᠡᠨᠡ ᠪᠣᠯ ᠰᠢᠷ᠎ᠠ ᠶᠢᠨ ᠱᠠᠰᠢᠨ ᠤ 《ᠠᠴᠢ ᠭᠠᠪᠢᠶ᠎ᠠ》 ᠮᠦᠨ᠃ ᠡᠭᠦᠨ ᠢ《ᠨᠤᠮ ᠤᠨ ᠭᠦᠷᠳᠦ ᠶᠢᠨ ᠪᠢᠰᠢᠯᠭᠠᠯ》 ᠰᠢᠭ ᠭᠠᠵᠠᠭᠤ ᠨᠤᠮᠯᠠᠯ ᠪᠢᠰᠢ ᠭᠡᠳ ᠭᠡᠨ ᠭᠡᠯᠡᠵᠦ ᠴᠢᠳᠠᠬᠤ ᠪᠣᠢ ⁈ ᠭᠦᠮᠤᠨ ᠳᠦᠷᠤᠯᠭᠢᠳᠠᠨ ᠢ ᠡᠰᠡᠷᠭᠦᠴᠡᠭ᠍ᠰᠡᠨ ᠦᠭᠡᠶ ᠭᠡᠳ ᠭᠡᠨ ᠭᠡᠯᠡᠵᠪ ᠴᠢᠳᠠᠬᠤ ᠪᠣᠢ ⁈ ᠡᠢ᠌ᠮᠦ ᠬᠤᠤᠷ ᠣᠤᠭᠤᠵᠤ ᠪᠠᠢ᠌ᠭᠰᠠᠨ ᠡᠴᠡ ᠪᠣᠯᠵᠤ᠂ ᠮᠤᠩᠭ᠋ᠤᠯᠴᠤᠳ ᠮᠥᠯᠭᠦᠵᠦ᠂ ᠢᠪᠷᠡᠢ᠌ᠴᠦᠳ ᠨᠢᠰᠦᠭ᠍ᠰᠡᠨ ᠦᠷ᠎ᠡ ᠳ᠋ᠦ᠋ᠩ ᠡᠭᠦᠰᠴᠡᠢ᠃

ᠣᠳᠤ᠂ ᠮᠤᠩᠭ᠋ᠤᠯᠴᠤᠳ ᠪᠠᠰᠠ ᠭᠡᠷ ᠲᠡᠭᠡᠨ ᠪᠦᠭᠡ ᠶᠢᠨ ᠱᠠᠰᠢᠨ ᠰᠢᠳᠦᠭᠡᠳ ᠮᠠᠠᠳᠤᠭᠰᠠᠨ ᠴᠢᠩᠭᠢᠰ ᠬᠠᠭᠠᠨ ᠪ ᠭᠦᠷᠦᠭ᠌ ᠡᠯᠭᠦᠵᠦ ᠪᠢᠰᠢᠷᠡᠭᠦ ᠪᠣᠯᠪᠠᠴᠤ ᠦᠪᠡᠷ ᠤᠨ ᠪᠠᠶ᠎ᠠ ᠨᠢ ᠭᠠᠵᠠᠭᠤ ᠨᠤᠮᠯᠠᠯ ᠶᠢᠡᠷ ᠪᠦᠳᠦᠭ᠍ᠰᠡᠨ ᠰᠢᠷ᠎ᠠ ᠶᠢᠨ ᠱᠠᠰᠢᠨ ᠰᠢᠳᠤᠵᠦ ᠮᠤᠩᠬᠠᠷᠠᠭᠠᠤᠨ᠂ ᠡᠵᠡᠨ ᠴᠢᠩᠭᠢᠰ ᠤᠨ ᠶᠢᠡᠨ ᠰᠦᠨᠠᠰᠦ ᠶᠢ ᠴᠤ ᠮᠡᠭᠡᠯᠡᠭᠦ ᠭᠡᠰᠡᠨ ᠵᠦᠷᠢᠴᠠᠯᠳᠦ ᠰᠡᠳᠭᠢᠯ ᠡᠪᠦᠷᠢᠯᠡᠵᠦ ᠠᠮᠢᠳᠤᠷᠠᠬᠤ ᠣᠴᠢᠷ ᠶᠠᠭᠤᠨ ⁈ ᠳᠠᠩᠭ᠋ᠤᠳ ᠤᠨ《ᠭᠠᠵᠠᠭᠤ ᠨᠤᠮᠯᠠᠯ》 ᠊ᠤᠨ ᠪᠣᠭᠤᠯ ᠪᠣᠯᠵᠤ ᠳᠤᠷᠣᠢ᠌ᠳᠠᠭᠰᠠᠨ ᠡᠨᠡᠭᠦ 《ᠭᠠᠰᠡᠯᠡᠩᠳᠤ ᠮᠥᠭᠦᠯ ᠤᠨ ᠵᠠᠮ》 ᠡᠴᠡ ᠪᠠᠨ ᠮᠤᠩᠭ᠋ᠤᠯᠴᠤᠳ ᠶᠠᠭᠠᠭᠢᠭᠠᠤᠨ ᠮᠤᠯᠳᠤᠷᠢᠵᠤ ᠴᠢᠳᠠᠬᠤ ᠦᠭᠡᠶ ᠪᠣᠢ ⁈ ᠣᠳᠤ ᠵᠠᠷᠢᠮ ᠭᠦᠮᠦᠰ ᠭᠡᠯᠡᠭᠦ ᠳᠡᠭᠡᠨ᠂ ᠮᠤᠩᠭ᠋ᠤᠯᠴᠤᠳ ᠰᠢᠷ᠎ᠠ ᠶᠢᠨ ᠱᠠᠰᠢᠨ ᠰᠢᠳᠦᠭᠦ ᠦᠭᠡᠶ ᠪᠣᠯ ᠪᠣᠰᠤᠳ ᠦᠨᠳᠦᠰᠦᠳᠠᠨ ᠳ᠋ᠤ ᠬᠠᠢ᠌ᠯᠤᠵᠤ ᠪᠠᠯᠠᠷᠠᠨ᠎ᠠ ᠭᠡᠮᠡᠨ ᠰᠦᠷ ᠪᠠᠳᠠᠷᠠᠭᠤᠯᠤᠭᠰᠠᠨ ᠱᠠᠯ ᠳᠠᠮᠠᠢ ᠴᠠᠯᠴᠢᠶ᠎ᠠ ᠥᠭᠦᠯᠡᠵᠦ᠂ ᠪᠠᠶ᠎ᠠ ᠪᠠᠨ ᠭᠠᠢ᠌ᠬᠠᠭᠤᠯᠬᠤ ᠪᠠᠷ ᠭᠤᠷᠢᠳᠠᠨ᠎ᠠ᠃ ᠡᠨᠡ ᠪᠣᠯ ᠳᠡᠦᠭᠡ ᠮᠡᠳᠡᠭ᠍ᠴᠢᠳ ᠳᠤ ᠡᠯᠡᠭᠯᠡᠭ᠍ᠳᠡᠭᠦ ᠳᠡᠨᠡᠭ᠌ ᠴᠠᠯᠴᠢᠶ᠎ᠠ ᠮᠦᠨ᠃ ᠮᠤᠩᠭ᠋ᠤᠯᠴᠤᠳ ᠰᠢᠷ᠎ᠠ ᠶᠢᠨ ᠱᠠᠰᠢᠨ ᠰᠢᠳᠦᠭ᠍ᠰᠡᠨ ᠦᠭᠡᠶ ᠪᠣᠯ ᠣᠨᠳᠤᠭᠠᠨ ᠱᠠᠰᠢᠨ ᠰᠢᠳᠤᠵᠦ ᠴᠢᠳᠠᠬᠤ ᠦᠭᠡᠶ ᠪᠣᠯᠵᠤ ᠪᠠᠯᠠᠷᠠᠨ᠎ᠠ ᠭᠡᠵᠦ ᠤᠤ ⁈ ᠡᠰᠡᠭᠦᠯ᠎ᠡ ᠮᠤᠩᠭ᠋ᠤᠯᠴᠤᠳ ᠥᠭᠡᠷ᠎ᠡ ᠱᠠᠰᠢᠨ ᠰᠢᠳᠤᠪᠠᠯ ᠬᠠᠢ᠌ᠯᠤᠵᠤ ᠮᠥᠭᠦᠨ᠎ᠡ ᠭᠡᠵᠦ ᠤᠤ ⁈ ᠳᠡᠭᠡᠪᠠᠯ ᠨᠢᠭᠡ ᠯᠠ ᠱᠠᠰᠢᠨ ᠰᠢᠳᠤᠵᠦ ᠪᠠᠢ᠌ᠭ᠎ᠠ ᠠᠷᠪᠢᠨ ᠣᠯᠠᠨ ᠭᠦᠷᠰᠢ ᠵᠡᠷᠭᠡᠯᠳᠡᠭᠡ ᠣᠯᠤᠰ ᠦᠨᠳᠦᠰᠦᠳᠠᠨ ᠶᠠᠭᠠᠭᠢᠭᠠᠤᠨ ᠬᠤᠭᠤᠷᠤᠠᠳᠤ ᠪᠠᠨ ᠬᠠᠢ᠌ᠯᠤᠵᠤ ᠤᠳᠳᠠᠭ ᠦᠭᠡᠶ ᠪᠣᠢ ⁈ ᠦᠨᠡᠨ ᠢ ᠭᠡᠯᠡᠪᠠᠯ᠂ ᠰᠢᠷ᠎ᠠ ᠶᠢᠨ ᠱᠠᠰᠢᠨ ᠢ ᠠᠩᠬ᠎ᠠ ᠰᠢᠳᠤᠵᠦ ᠡᠭᠢᠯᠡᠭ᠍ᠰᠡᠨ ᠠᠯᠳᠠᠨ ᠬᠠᠭᠠᠨ᠂ ᠴᠤᠭᠳᠤ ᠬᠠᠭᠠᠨ ᠨᠡᠷ ᠭᠡᠳᠡᠷᠭᠡᠨ ᠰᠢᠷ᠎ᠠ ᠶᠢᠨ ᠱᠠᠰᠢᠨ ᠢ ᠣᠰᠠᠳᠬᠠᠨ᠂ ᠣᠯᠠᠭᠠᠨ ᠪ ᠱᠠᠰᠢᠨ ᠢ ᠳᠡᠯᠭᠡᠷᠡᠭᠦᠯᠭᠦ ᠭᠡᠰᠡᠨ ᠣᠢ᠌ᠯᠠ ᠠᠵᠢᠯᠯᠠᠭ᠎ᠠ ᠶᠢ ᠪᠣᠳᠤᠭᠤᠰᠢᠳᠠᠢ ᠶᠤᠮ᠃ ᠮᠦᠨᠴᠦ ᠬᠤᠱᠤᠳ ᠠᠢ᠌ᠮᠠᠭ ᠤᠨ ᠪᠠᠢ᠌ᠪᠠᠭᠠᠰ ᠨᠡᠷ ᠰᠢᠷ᠎ᠠ ᠶᠢᠨ ᠱᠠᠰᠢᠨ ᠪ ᠲᠦᠯᠦᠭᠡ᠂ ᠠᠷᠪ ᠮᠤᠩᠭ᠋ᠤᠯ ᠪᠠ ᠦᠪᠣᠷ ᠮᠤᠩᠭ᠋ᠤᠯ ᠤᠨ ᠳᠦᠷᠪᠠᠨ ᠲᠦᠮᠡᠨ ᠮᠤᠩᠭ᠋ᠤᠯ ᠴᠡᠷᠢᠭ᠌ ᠢ ᠬᠦᠬᠡ‍ᠨᠠᠭᠤᠷ ᠳᠤ ᠭᠢᠳᠤᠵᠤ᠂ ᠰᠢᠷ᠎ᠠ ᠶᠢᠨ ᠱᠠᠰᠢᠨ ᠢ ᠲᠡᠳᠬᠦᠭᠡᠳ᠂ ᠮᠤᠩᠭ᠋ᠤᠯᠴᠤᠳ ᠢ ᠮᠥᠭᠦᠯ ᠤᠨ ᠵᠠᠮ ᠳ᠋ᠤ ᠣᠷᠤᠭᠤᠯᠤᠭᠰᠠᠨ ᠢ ᠪᠣᠳᠤᠭᠤᠰᠢᠳᠠᠢ ᠶᠤᠮ᠃ ᠰᠢᠷ᠎ᠠ ᠶᠢᠨ ᠱᠠᠰᠢᠨ ᠭᠡᠳᠡᠭ᠌ ᠡᠨᠡᠭᠦ ᠮᠠᠩᠭ᠋ᠤᠰ ᠮᠤᠩᠭ᠋ᠤᠯ ᠤᠨ ᠴᠢᠰᠤ ᠮᠢᠬ᠎ᠠ ᠶᠢ ᠢᠩᠭᠢᠵᠦ ᠢᠳᠡᠭᠡᠳ ᠣᠷᠤᠵᠤ ᠢᠷᠠᠯ᠎ᠠ᠃ ᠵᠠᠷᠢᠮ ᠭᠦᠮᠤᠨ ᠭᠡᠯᠡᠭᠦ ᠳᠡᠭᠡᠨ᠂ ᠰᠢᠷ᠎ᠠ ᠶᠢᠨ ᠱᠠᠰᠢᠨ ᠰᠢᠳᠦᠭ᠍ᠰᠡᠨ ᠡᠴᠡ ᠪᠣᠯᠵᠤ᠂ ᠮᠤᠩᠭ᠋ᠤᠯᠴᠤᠳ ᠡᠨᠤᠨᠭᠡᠭ᠌ ᠲᠦᠪᠡᠳ ᠤᠨ ᠭᠦᠨ ᠣᠬᠠᠭᠠᠨ᠂ ᠡᠮ ᠡᠮᠨᠡᠯᠭᠡ ᠵᠡᠷᠭᠡ ᠶᠢ ᠡᠵᠡᠮᠰᠢᠭᠡᠳ ᠰᠤᠶᠤᠯ ᠶᠢᠡᠨ ᠪᠠᠶᠠᠯᠢᠭᠵᠢᠭᠤᠯᠤᠨ᠂ ᠪᠣᠰᠤᠳ ᠦᠨᠳᠦᠰᠦᠳᠠᠨ ᠲᠡᠶ ᠰᠤᠶᠤᠯ ᠤᠨ ᠬᠠᠷᠢᠴᠠᠭ᠎ᠠ ᠪᠠᠢ᠌ᠭᠤᠯᠪᠠ᠃ ᠡᠨᠡ ᠪᠣᠯ ᠦᠨᠡᠯᠠᠰᠢ ᠦᠭᠡᠶ ᠳᠤᠮᠤ ᠣᠯᠵᠠ ᠭᠡᠨ᠎ᠡ᠃ ᠭᠡᠷᠪᠡ ᠳᠤᠬᠠᠢ ᠶᠢᠨ ᠦᠶᠡᠰ ᠮᠤᠩᠭ᠋ᠤᠯᠴᠤᠳ ᠣᠯᠠᠭᠠᠨ ᠪ ᠱᠠᠰᠢᠨ ᠰᠢᠳᠦᠭ᠍ᠰᠡᠨ ᠪᠣᠯ ᠡᠳᠡᠭᠡᠷ ᠠᠰᠢᠭ ᠳᠤᠰᠠ ᠡᠭᠦᠰᠭᠦ ᠦᠭᠡᠶ ᠭᠡᠵᠦ ᠤᠤ ⁈ ᠭᠡᠷᠪᠡ᠂ ᠾᠷᠢᠰᠲ᠋ᠤᠰ ᠱᠠᠰᠢᠨ ᠮᠠᠳᠦ ᠪᠣᠰᠤᠳ ᠱᠠᠰᠢᠨ ᠰᠢᠳᠦᠭ᠍ᠰᠡᠨ ᠪᠣᠯ ᠡᠢ᠌ᠮᠦ ᠠᠰᠢᠭ ᠳᠤᠰᠠ ᠡᠭᠦᠰᠭᠦ ᠦᠭᠡᠶ ᠭᠡᠵᠦ ᠤᠤ ⁈ ᠪᠦᠭᠡ ᠶᠢᠨ ᠱᠠᠰᠢᠨ ᠶᠢᠡᠨ ᠥᠭᠡᠷᠡᠴᠢᠯᠡᠨ ᠰᠠᠢ᠌ᠵᠢᠷᠠᠭᠤᠯᠤᠭᠠᠤᠨ ᠰᠢᠳᠦᠭ᠍ᠰᠡᠨ ᠪᠣᠯ ᠮᠤᠩᠭ᠋ᠤᠯᠴᠤᠳ ᠤᠨ ᠣᠤᠯ ᠤᠨ ᠭᠦᠨ ᠣᠬᠠᠭᠠᠨ ᠪᠠ ᠡᠮ ᠡᠮᠨᠡᠯᠭᠡ ᠵᠡᠷᠭᠡ ᠨᠢ ᠭᠦᠭ᠍ᠵᠢᠭᠦ ᠦᠭᠡᠶ ᠭᠡᠵᠦ ᠤᠤ ⁈ ᠰᠢᠷ᠎ᠠ ᠶᠢᠨ ᠱᠠᠰᠢᠨ ᠡᠴᠡ ᠪᠣᠯᠵᠤ᠂ ᠳᠤᠬᠠᠢ ᠶᠢᠨ ᠦᠶ᠎ᠡ ᠶᠢᠨ ᠵᠡᠭᠦᠨᠭᠠᠷ ᠬᠠᠭᠠᠠᠳᠤ ᠣᠯᠤᠰ ᠤᠨ ᠭᠠᠯᠳᠠᠨ ᠪᠣᠱᠤᠭᠳᠤ ᠬᠠᠭᠠᠨ ᠣᠶᠤᠨ ᠰᠠᠨᠠᠭᠠᠨ ᠪ ᠳᠠᠯ᠎ᠠ ᠪᠠᠷ ᠳᠠᠩᠭ᠋ᠤᠳ ᠳᠤ ᠳᠠᠯᠠᠢ ᠯᠠᠮ᠎ᠠ ᠳ᠋ᠤ ᠳᠠᠮ ᠶᠢᠡᠷ ᠵᠠᠭᠢᠷᠤᠭᠳᠠᠭᠠᠤᠨ᠂ ᠰᠢ᠌ᠤᠠᠪᠣᠷᠢᠳᠦ ᠪᠣᠳᠤᠯᠭ᠎ᠠ ᠪᠠᠨ ᠦᠪᠡᠷ ᠶᠢᠡᠨ ᠡᠵᠡᠨ ᠮᠠᠳᠠᠨ ᠳᠤᠭᠳᠠᠭᠠᠬᠤ ᠡᠷᠭᠡ ᠪᠠᠨ ᠠᠯᠳᠠᠵᠤ᠂ ᠬᠠᠯᠬ᠎ᠠ ᠳᠤ ᠳᠠᠭᠠᠷᠢᠨ ᠣᠷᠤᠭᠰᠠᠨ ᠶᠤᠮ᠃ ᠵᠠᠯᠭᠠᠭᠠᠤᠨ ᠪᠠᠰᠠ ᠳᠠᠯᠠᠢ ᠯᠠᠮ᠎ᠠ ᠶᠢᠨ ᠵᠠᠷᠯᠢᠭ ᠶᠢᠡᠷ ᠠᠷᠭ᠎ᠠ ᠪᠣᠰᠤ ᠦᠪᠡᠷ ᠤᠨ ᠰᠠᠨᠠᠭ᠎ᠠ ᠪᠠ ᠴᠡᠷᠢᠭ᠌ ᠤᠨ ᠶᠠᠪᠣᠳᠠᠯ ᠤᠨ ᠨᠠᠷᠢᠨ ᠲᠦᠯᠦᠪᠯᠡᠭᠡ ᠡᠴᠡ ᠪᠠᠨ ᠳᠠᠷᠰᠯᠠᠨ᠂ ᠳᠡᠢ᠌ᠯᠦᠭ᠍ᠳᠡᠭᠦ ᠪᠣᠳᠠᠳᠠᠢ ᠵᠢᠮ᠎ᠠ ᠶᠤᠰᠤ ᠪᠠᠨ ᠮᠠᠳᠠᠵᠦ ᠪᠠᠢ᠌ᠭᠠᠤᠨ᠂ ᠣᠭ ᠤᠨ ᠲᠦᠯᠦᠪᠯᠡᠭᠡᠨ ᠡᠴᠡ ᠪᠠᠨ ᠭᠤᠷᠪᠠᠨ ᠰᠠᠷ᠎ᠠ ᠣᠷᠢᠳᠠᠪᠴᠢᠯᠠᠨ ᠰᠤᠬᠤᠷ ᠪᠠᠯᠠᠢ ᠪᠠᠷ ᠦᠪᠣᠷ ᠮᠤᠩᠭ᠋ᠤᠯ ᠳ᠋ᠤ ᠴᠦᠮᠦᠷᠠᠨ ᠰᠢᠭᠢᠳᠴᠦ᠂ ᠮᠠᠠᠵᠤ ᠳ᠋ᠤ ᠢᠯᠠᠠᠠᠳᠠᠯ᠎ᠠ᠃ ᠳᠠᠯᠠᠢ ᠯᠠᠮ᠎ᠠ ᠶᠢᠨ ᠥᠭᠡ ᠰᠤᠨᠤᠰᠤᠭᠰᠠᠨ ᠡᠴᠡ ᠪᠣᠯᠵᠤ᠂ ᠳᠤᠷᠭᠤᠳᠴᠤᠳ ᠣᠭ ᠳᠤ ᠪᠠᠨ 1761 ᠣᠨ ᠳ᠋ᠤ ᠵᠡᠭᠦᠡᠰᠢ ᠪᠣᠴᠠᠴᠤ ᠢᠷᠡᠭᠦ ᠭᠡᠰᠡᠨ ᠭᠡᠷᠡᠭ᠌ ᠨᠢ 10 ᠵᠢᠯ ᠰᠠᠭᠠᠳᠠᠭᠰᠠᠨ ᠶᠤᠮ᠃ ᠳᠤᠷᠭᠤᠳᠴᠤᠳ ᠵᠡᠭᠦᠡᠰᠢ ᠪᠣᠴᠠᠵᠤ ᠢᠷᠡᠭᠦ ᠵᠠᠮ ᠳᠠᠭᠠᠨ᠂ ᠴᠠᠭᠠᠨ ᠰᠠᠷ᠎ᠠ ᠳ᠋ᠤ ᠨᠡᠭᠦᠪᠠᠯ ᠭᠡᠰᠢᠭ᠌ ᠳᠤ ᠬᠤᠤᠷ ᠲᠡᠶ ᠭᠡᠰᠡᠨ ᠮᠤᠬᠤᠷ ᠪᠢᠰᠢᠷᠠᠯ ᠳ᠋ᠤ ᠢᠳᠡᠭᠡᠵᠦ᠂ ᠬᠠᠰᠠᠭ ᠤᠨ ᠨᠤᠳᠤᠭ ᠳᠤ ᠬᠤᠶᠠᠷ ᠰᠠᠷ᠎ᠠ ᠥᠩᠭᠡᠷᠡᠦ ᠬᠤᠭᠤᠴᠠᠭ᠎ᠠ ᠪᠠᠢ᠌ᠷᠢᠰᠢᠭᠠᠤᠨ᠂ ᠬᠠᠰᠠᠭ ᠳᠤ ᠪᠦᠰᠡᠯᠡᠭ᠍ᠳᠡᠨ ᠬᠠᠷᠠᠰᠠᠯᠳᠠᠢ ᠪᠠᠷ ᠭᠢᠳᠤᠭᠳᠠᠭᠰᠠᠨ ᠭᠡᠭᠦ ᠮᠠᠳᠦ ᠪᠠᠷ ᠰᠢᠷ᠎ᠠ ᠶᠢᠨ ᠱᠠᠰᠢᠨ ᠳ᠋ᠤ ᠰᠥᠰᠦᠭᠯᠡᠨ ᠮᠤᠩᠬᠠᠷᠠᠭᠠᠤᠨ ᠳᠡᠨᠡᠭ᠍ᠰᠢᠷᠡᠭ᠍ᠰᠡᠨ ᠭᠡᠷᠡᠭ᠌ ᠤᠳ ᠢ ᠶᠠᠷᠢᠭᠠᠤᠨ ᠪᠠᠷᠠᠰᠢ ᠦᠭᠡᠶ᠃

ᠳᠡᠭᠡᠷᠡᠭᠢ ᠮᠠᠳᠦ ᠦᠨᠳᠦᠰᠦᠨ ᠵᠦᠷᠢᠶ᠎ᠠ ᠡᠴᠡ ᠪᠣᠰᠤᠩᠭᠢ ᠵᠦᠷᠢᠶ᠎ᠠ ᠶᠢ ᠨᠢ ᠬᠠᠷᠢᠴᠠᠭᠤᠯᠪᠠᠯ ᠶᠡᠭᠡ ᠲᠦᠯᠤᠪ ᠲᠡᠭᠡᠨ ᠳᠤᠤᠷᠠᠭᠢ ᠮᠠᠳᠦ ᠪᠠᠢ᠌ᠳᠠᠭ᠄

1᠂ ᠮᠤᠩᠭ᠋ᠤᠯᠴᠤᠳ ᠪᠣᠷᠬᠠᠨ ᠳᠡᠭ᠍ᠷᠢ ᠶᠢ ᠭᠦᠡᠳᠦᠳᠭᠡᠨ ᠪᠢᠰᠢᠷᠠᠵᠦ᠂ ᠴᠢᠳᠭᠦᠷ ᠰᠢᠮᠨᠤᠰ ᠡᠴᠡ ᠠᠶᠤᠳᠠᠭ᠂ ᠢᠪᠷᠠᠢ᠌ᠴᠤᠳ ᠪᠣᠷᠬᠠᠨ ᠳᠡᠭ᠍ᠷᠢ ᠡᠴᠡ ᠠᠶᠤᠵᠤ᠂ ᠴᠢᠳᠭᠦᠷ ᠰᠢᠮᠨᠤᠰ ᠢ ᠭᠦᠡᠳᠦᠳᠭᠡᠨ ᠪᠢᠰᠢᠷᠠᠨ᠎ᠠ᠃

2᠂ ᠮᠤᠩᠭ᠋ᠤᠯᠴᠤᠳ ᠭᠡᠷᠡᠯ ᠰᠠᠴᠤᠷᠠᠩᠭ᠋ᠤᠢ ᠳᠡᠦᠭᠡ ᠪᠠᠨ ᠡᠷᠭᠢᠴᠡᠭᠦᠯᠭᠦ ᠳᠤᠷᠠᠳᠠᠢ᠃ ᠢᠪᠷᠠᠢ᠌ᠴᠤᠳ ᠢᠷᠡᠭᠡᠳᠦᠢ ᠳ᠋ᠦ ᠠᠮᠵᠢᠯᠳᠠ ᠣᠯᠬᠤ ᠠᠷᠭ᠎ᠠ ᠵᠠᠮ ᠢ ᠶᠠᠷᠢᠯᠴᠠᠬᠤ ᠳᠤᠷᠠᠳᠠᠢ᠃

3᠂ ᠮᠤᠩᠭ᠋ᠤᠯᠴᠤᠳ ᠥᠩᠭᠡᠷᠡᠭ᠍ᠰᠡᠨ ᠳ᠋ᠤ ᠬᠠᠭᠠᠨ ᠪ ᠦᠷ᠎ᠡ ᠰᠦᠯᠵᠢᠯ ᠢ ᠬᠠᠮᠭᠠᠯᠠᠬᠤ ᠪᠠᠷ ᠥᠭᠦᠯᠴᠡᠵᠦ ᠪᠠᠢ᠌ᠭᠰᠠᠨ ᠶᠤᠮ᠃ ᠢᠪᠷᠠᠢ᠌ᠴᠤᠳ ᠥᠩᠭᠡᠷᠡᠭ᠍ᠰᠡᠨ ᠳ᠋ᠦ ᠨᠢᠭᠡ ᠪᠢᠴᠢᠬᠠᠨ ᠰᠤᠷᠭᠠᠭᠤᠯᠢ ᠪᠠᠨ ᠠᠪᠣᠷᠠᠬᠤ ᠪᠠᠷ ᠠᠮᠢ ᠨᠠᠰᠤ ᠪᠠᠨ ᠦᠷᠡᠭ᠍ᠳᠡᠭᠦᠯᠵᠦ ᠪᠠᠢ᠌ᠵᠠᠢ᠃

4᠂ ᠮᠤᠩᠭ᠋ᠤᠯᠴᠤᠳ ᠬᠠᠢ᠌ᠷ᠎ᠠ ᠪᠠ ᠬᠤᠷᠤᠰᠤᠯ ᠶᠢᠡᠨ ᠳᠤᠳᠤᠷ ᠶᠢᠡᠨ ᠨᠢᠭᠤᠬᠤ ᠳᠤᠷᠠᠳᠠᠢ᠃ ᠢᠪᠷᠠᠢ᠌ᠴᠤᠳ ᠬᠠᠢ᠌ᠷ᠎ᠠ ᠪᠠ ᠬᠤᠷᠤᠰᠤᠯ ᠶᠢᠡᠨ ᠪᠢᠴᠢᠵᠦ ᠭᠠᠷᠭᠠᠬᠤ ᠳᠤᠷᠠᠳᠠᠢ᠃

5᠂ ᠮᠤᠩᠭ᠋ᠤᠯᠴᠦᠳ 《ᠪᠠᠯᠭᠡ ᠶᠢᠨ ᠡᠷᠭᠡᠳᠡᠨ》 ᠶ᠋ᠢᠡᠨ ᠶᠠᠷᠢᠯᠴᠠᠬᠤ ᠳᠤᠷ᠎ᠠ ᠦᠭᠡᠶ᠂ ᠭᠡᠪᠠᠴᠦ ᠪᠣᠰᠤᠳ ᠤᠨ《ᠪᠠᠯᠭᠡ》 ᠶ᠋ᠢᠨ ᠬᠠᠮᠢᠶᠠᠳᠠᠢ ᠭᠡᠷᠡᠭ᠌ ᠢ ᠶᠠᠷᠢᠯᠴᠠᠬᠤ ᠳᠤᠷᠠᠳᠠᠢ᠃ ᠢᠪᠷᠠᠢ᠌ᠴᠤᠳ ᠮᠠᠬᠠᠪᠣᠤᠨ ᠤᠨ ᠱᠠᠭᠠᠷᠳᠠᠯᠭ᠎ᠠ ᠪᠠᠨ ᠶᠡᠭᠡᠳᠡ ᠭᠦᠡᠳᠦᠳᠭᠡᠨ᠎ᠡ᠂ ᠭᠡᠪᠠᠴᠦ ᠪᠣᠰᠤᠳ ᠤᠨ ᠪᠠᠯᠭᠡ ᠶᠢᠨ ᠬᠠᠮᠢᠶᠠᠳᠠᠢ ᠭᠡᠷᠡᠭ᠌ ᠢ ᠣᠢ᠌ᠰᠢᠶᠠᠬᠤ ᠦᠭᠡᠶ᠃

6᠂ ᠮᠤᠩᠭ᠋ᠤᠯᠴᠤᠳ ᠬᠠᠵᠠᠭᠤ ᠬᠠᠪᠢ ᠶᠢᠨ ᠭᠦᠮᠦᠰ ᠲᠡᠶ ᠪᠠᠨ ᠠᠳᠠᠯᠢ ᠪᠠᠷ ᠭᠡᠪ ᠶᠢᠡᠨ ᠰᠠᠭᠢᠵᠤ ᠠᠮᠢᠳᠤᠷᠠᠬᠤ ᠶᠢ ᠭᠦᠰᠡᠳᠡᠭ᠌᠃ ᠢᠪᠷᠠᠢ᠌ᠴᠤᠳ ᠣᠯᠠᠨ ᠡᠴᠡ ᠣᠠᠴᠠᠭᠠᠢ ᠪᠣᠯᠬᠤ ᠶᠢ ᠭᠦᠰᠡᠵᠦ᠂ ᠪᠠᠭ᠎ᠠ ᠡᠴᠡ ᠪᠠᠨ ᠠᠪᠣᠭᠠᠤᠨ ᠵᠤᠷᠢᠭᠳᠠᠢ ᠪᠠᠷ ᠭᠡᠨᠡᠨ ᠭᠡᠷᠡᠭ᠌ ᠭᠢᠭᠦ ᠶᠢ ᠴᠢᠬᠤᠯᠠᠴᠢᠯᠠᠨ᠎ᠠ᠃

7᠂ ᠮᠤᠩᠭ᠋ᠤᠯᠴᠤᠳ ᠦᠨᠳᠦᠰᠦᠳᠠᠨ ᠪ ᠪᠠᠨ ᠭᠠᠪᠢᠶᠠᠳᠤ ᠭᠦᠮᠦᠰ ᠪᠠ ᠡᠷᠭᠡ ᠵᠡᠷᠭᠡ ᠶᠢ ᠭᠡᠳᠦᠷᠡᠭᠦᠯᠤᠨ ᠮᠠᠭᠳᠠᠵᠤ ᠭᠡᠳᠦᠷᠭᠡᠢ ᠪᠢᠯᠳᠠᠤᠴᠢᠯᠠᠨ᠎ᠠ᠃ ᠢᠪᠷᠠᠢ᠌ᠴᠤᠳ ᠡᠳ᠋ ᠭᠦᠷᠦᠩᠭᠡ ᠪᠠ ᠡᠷᠳᠡᠮ ᠮᠡᠳᠡᠯᠭᠡ ᠶᠢᠨ ᠢᠳᠢ ᠴᠢᠳᠠᠯ ᠢ ᠭᠡᠳᠦᠷᠡᠭᠦᠯᠤᠨ ᠮᠠᠭᠳᠠᠵᠤ ᠪᠠᠢ᠌ᠳᠠᠭ᠃

8᠂ ᠮᠤᠩᠭ᠋ᠤᠯᠴᠤᠳ ᠪᠣᠰᠤᠳ ᠢ ᠭᠢᠯᠪᠠᠷᠬᠠᠨ ᠢᠳᠡᠭᠡᠵᠦ᠂ ᠠᠮᠠᠷᠬᠠᠨ ᠳᠠᠭᠠᠷᠠᠯᠴᠠᠳᠠᠭ ᠪᠦᠭᠡᠳ ᠮᠠᠭᠤᠳᠠᠯᠴᠠᠬᠤ ᠳᠤᠷ᠎ᠠ ᠦᠭᠡᠶ᠂ ᠮᠦᠨᠴᠦ ᠬᠤᠭᠤᠷᠤᠠᠳᠤ ᠪᠠᠨ ᠴᠤ ᠵᠦᠪ ᠶᠢᠡᠷ ᠦᠷᠢᠰᠦᠯᠳᠡᠭᠦ ᠡᠴᠡ ᠡᠮᠢᠶᠡᠳᠡᠭ᠌᠃ ᠢᠪᠷᠡᠢ᠌ᠴᠦᠳ ᠪᠣᠰᠤᠳ ᠢ ᠭᠢᠯᠪᠠᠷᠬᠠᠨ ᠢᠳᠡᠭᠡᠳᠡᠭ᠌ ᠦᠭᠡᠶ ᠪᠦᠭᠡᠳ ᠠᠮᠠᠷᠬᠠᠨ ᠳᠠᠭᠠᠷᠠᠯᠴᠠᠬᠤ ᠦᠭᠡᠶ ᠪᠠᠢ᠌ᠵᠤ᠂ ᠳᠠᠢ᠌ᠰᠤᠩᠨᠠᠯᠴᠠᠳᠠᠭ ᠳᠤᠷᠠᠳᠠᠢ᠂ ᠮᠦᠨᠴᠦ ᠳᠤᠳᠤᠷ ᠶᠢᠡᠨ ᠵᠦᠪ ᠶᠢᠡᠷ ᠦᠷᠢᠰᠦᠯᠳᠡᠭᠦ ᠶᠢ ᠲᠤᠢ᠌ᠯ ᠶᠢᠡᠷ ᠡᠷᠭᠢᠮᠨᠡᠳᠡᠭ᠌ ᠭᠡᠨ᠎ᠡ᠃

9᠂ ᠮᠤᠩᠭ᠋ᠤᠯᠴᠤᠳ ᠠᠮᠢᠳᠤᠷᠠᠯ ᠤᠨ ᠢᠭᠢᠷ ᠰᠢᠭᠢᠷ ᠭᠡᠷᠡᠭ᠌ ᠳᠤ ᠨᠠᠷᠢᠨ ᠭᠢᠨᠠᠮᠭᠠᠢ ᠬᠠᠠᠳᠤᠳᠠᠭ ᠪᠣᠯᠪᠠᠴᠤ ᠨᠠᠷᠢᠨ ᠶᠢᠡᠷ ᠰᠤᠳᠤᠯᠬᠤ ᠦᠭᠡᠶ᠃ ᠢᠪᠷᠠᠢ᠌ᠴᠤᠳ ᠠᠮᠢᠳᠤᠷᠠᠯ ᠤᠨ ᠢᠭᠢᠷ ᠰᠢᠭᠢᠷ ᠭᠡᠷᠡᠭ᠌ ᠢ ᠳᠠᠮᠠᠢ ᠬᠠᠢ᠌ᠬᠤᠷᠳᠠᠭ ᠦᠭᠡᠶ ᠪᠣᠯᠪᠠᠴᠤ ᠲᠤᠢ᠌ᠯ ᠤᠨ ᠨᠠᠷᠢᠨ ᠭᠢᠨᠠᠮᠭᠠᠢ ᠪᠠᠷ ᠰᠤᠳᠤᠯᠤᠯᠭ᠎ᠠ ᠭᠢᠳᠡᠭ᠌᠃

10.ᠮᠤᠩᠭ᠋ᠤᠯᠴᠤᠳ ᠨᠤᠶᠠᠨ ᠪᠣᠯᠵᠤ ᠪᠠᠶᠠᠵᠢᠳᠠᠭ ᠢᠯᠵᠢᠷᠠᠮᠠᠯ ᠳᠦᠷᠢᠮ ᠤᠨ ᠠᠷᠭ᠎ᠠ ᠶᠢ ᠪᠠᠬᠠᠷᠬᠠᠨ᠎ᠠ᠃ ᠢᠪᠷᠠᠢ᠌ᠴᠤᠳ ᠮᠥᠩᠭᠦ ᠵᠠᠷᠤᠵᠤ᠂ ᠭᠦᠮᠤᠨ ᠤ ᠭᠠᠷ ᠶᠢᠡᠷ ᠮᠤᠭᠠᠢ ᠪᠠᠷᠢᠭᠤᠯᠬᠤ ᠠᠷᠭ᠎ᠠ ᠶᠢ ᠪᠠᠬᠠᠷᠬᠠᠨ᠎ᠠ᠃

11᠂ ᠮᠤᠩᠭ᠋ᠤᠯᠴᠤᠳ ᠶᠤᠰᠤᠷᠬᠠᠭ ᠭᠢᠴᠢᠶᠡᠩᠭᠦᠢ ᠪᠠᠢ᠌ᠭᠰᠠᠨ ᠡᠴᠡ ᠪᠠᠨ ᠪᠣᠰᠤᠳ ᠳᠤ ᠳᠤᠷᠤᠮᠵᠢᠯᠠᠭᠳᠠᠪᠠᠯ ᠶᠡᠭᠡᠳᠡ ᠭᠤᠮᠤᠳᠠᠵᠤ ᠠᠭᠤᠷᠯᠠᠨ᠎ᠠ᠃ ᠢᠪᠷᠠᠢ᠌ᠴᠤᠳ ᠳᠡᠯᠭᠡᠭᠦᠦ ᠳᠡᠭᠡᠨ ᠭᠡᠳᠡᠷ ᠳᠤᠭᠰᠢᠨ ᠵᠠᠩ ᠲᠡᠶ ᠪᠦᠭᠡᠳ ᠦᠷᠢᠰᠦᠯᠳᠡᠭᠦ ᠳᠤᠷᠠᠳᠠᠢ ᠪᠠᠢ᠌ᠵᠤ᠂ ᠪᠣᠰᠤᠳ ᠳᠤ ᠳᠡᠢ᠌ᠯᠦᠭ᠍ᠳᠡᠨ ᠢᠯᠠᠭᠳᠠᠨ ᠳᠤᠷᠤᠮᠵᠢᠯᠠᠭᠳᠠᠪᠠᠯ ᠭᠡᠳᠡᠷᠭᠡᠨ ᠠᠮᠤᠷᠯᠢᠩᠭ᠋ᠤᠢ ᠪᠠᠷ ᠭᠦᠯᠢᠴᠡᠨ ᠳᠠᠰᠪᠣᠷᠢᠯᠠᠵᠦ ᠴᠢᠳᠠᠳᠠᠭ᠃

12᠂ ᠮᠤᠩᠭ᠋ᠤᠯᠴᠤᠳ ᠮᠠᠢ᠌ᠮᠠᠢ ᠭᠢᠭᠦ ᠶᠢ ᠮᠡᠭᠡᠯᠡᠭ᠍ᠴᠢ ᠶᠢᠨ ᠭᠡᠷᠡᠭ᠌᠂ ᠡᠡᠷᠭ᠎ᠠ ᠪᠠᠨ ᠪᠠᠷᠠᠭᠰᠠᠨ ᠭᠦᠮᠤᠨ ᠪ ᠭᠡᠷᠡᠭ᠌ ᠭᠡᠵᠦ ᠥᠵᠡᠭᠡᠳ ᠲᠤᠢ᠌ᠯ ᠶᠢᠡᠷ ᠵᠢᠭ᠍ᠰᠢᠨ᠎ᠡ᠃ ᠢᠪᠷᠠᠢ᠌ᠴᠤᠳ ᠮᠠᠢ᠌ᠮᠠᠢ ᠭᠢᠵᠦ ᠠᠰᠢᠭ ᠬᠤᠠᠵᠢᠬᠤ ᠶᠢ ᠣᠬᠠᠭᠠᠨ ᠪ ᠪᠠᠨ ᠭᠢᠷᠢ ᠪᠠᠷ ᠳᠡᠯᠡᠭᠡᠢ ᠶᠢᠨ ᠭᠡᠰᠢᠭ᠌ ᠭᠦᠷᠳᠡᠵᠦ ᠪᠠᠢ᠌ᠭ᠎ᠠ ᠲᠤᠢ᠌ᠯ ᠤᠨ ᠰᠠᠢ᠌ᠨ ᠭᠡᠷᠡᠭ᠌ ᠭᠡᠵᠦ ᠦᠵᠡᠨ᠎ᠠ᠃

13᠂ ᠮᠤᠩᠭ᠋ᠤᠯᠴᠤᠳ ᠤᠨ ᠠᠯᠵᠠᠭᠤ ᠵᠠᠯᠬᠠᠭᠤ ᠭᠦᠮᠤᠨ ᠨᠠᠯᠢᠶᠠᠤᠨ ᠳᠤᠭ᠎ᠠ ᠶᠢ ᠡᠵᠡᠯᠡᠳᠡᠭ᠌᠃ ᠢᠪᠷᠠᠢ᠌ᠴᠤᠳ ᠡᠴᠡ ᠠᠯᠵᠠᠭᠤ ᠵᠠᠯᠬᠠᠭᠤ ᠭᠦᠮᠦ ᠶᠢ ᠡᠷᠢᠵᠦ ᠣᠯᠬᠤ ᠳ᠋ᠤ ᠲᠤᠩ ᠪᠠᠷᠭᠡᠳᠡᠢ ᠭᠡᠨ᠎ᠡ᠃

14᠂ ᠮᠤᠩᠭ᠋ᠤᠯᠴᠤᠳ ᠠᠷᠢᠭᠢ ᠶᠢ ᠰᠡᠳᠭᠢᠯ ᠪᠠ ᠵᠢᠷᠤᠮ ᠶᠢᠡᠷ ᠪᠣᠳᠤᠵᠤ᠂ ᠵᠢᠷᠭᠠᠨ ᠴᠡᠩᠭᠡᠵᠤ ᠪᠠᠢ᠌ᠨ᠎ᠠ ᠭᠡᠳ ᠣᠤᠭᠤᠳᠠᠭ ᠪᠦᠭᠡᠳ ᠱᠠᠯ ᠰᠤᠭᠳᠤᠨ᠎ᠠ᠂ ᠢᠪᠷᠠᠢ᠌ᠴᠤᠳ ᠠᠷᠢᠭᠢ ᠶᠢ ᠴᠢᠳᠭᠦᠷ ᠤᠨ ᠬᠤᠤᠷ ᠲᠡᠶ ᠵᠣᠢ᠌ᠷᠯᠠᠨ ᠣᠤᠭᠤᠳᠠᠭ ᠪᠦᠭᠡᠳ ᠭᠡᠮᠵᠢᠶ᠎ᠡ ᠲᠡᠶ ᠣᠤᠭᠤᠳᠠᠭ ᠭᠡᠨ᠎ᠡ᠃

15᠂ ᠮᠤᠩᠭ᠋ᠤᠯᠴᠤᠳ ᠬᠠᠷᠢ ᠦᠨᠳᠦᠰᠦᠳᠠᠨ ᠲᠡᠶ ᠬᠠᠮᠢᠶ᠎ᠠ ᠨᠠᠮᠢᠶ᠎ᠠ ᠦᠭᠡᠶ ᠣᠷᠤᠭᠯᠠᠨ᠎ᠠ᠃ ᠢᠪᠷᠠᠢ᠌ᠴᠤᠳ ᠬᠠᠷᠢ ᠦᠨᠳᠦᠰᠦᠳᠠᠨ ᠲᠡᠶ ᠣᠷᠤᠭᠯᠠᠬᠤ ᠶᠢ ᠡᠷᠡᠰ ᠴᠡᠭᠡᠷᠯᠡᠨ᠎ᠡ᠃

16᠂ ᠮᠤᠩᠭ᠋ᠤᠯᠴᠤᠳ ᠳᠠᠮᠠᠢ ᠰᠤᠷᠤᠯᠴᠠᠬᠤ ᠳᠤᠷ᠎ᠠ ᠦᠭᠡᠶ᠂ ᠢᠪᠷᠠᠢ᠌ᠴᠤᠳ ᠶᠠᠮᠠᠷ ᠶᠠᠭᠤᠮ᠎ᠠ ᠭᠢᠵᠦ ᠪᠠᠢ᠌ᠯ᠎ᠠ ᠭᠡᠳ ᠡᠳᠦᠷ ᠪᠦᠷᠢ ᠵᠠᠪᠠᠯ ᠴᠠᠭ ᠭᠠᠷᠭᠠᠨ 12 ᠴᠠᠭ ᠳᠡᠦᠭᠡ ᠪᠠᠨ ᠴᠡᠭᠡᠵᠢᠯᠡᠳᠡᠭ᠌ ᠪᠦᠭᠡᠳ ᠭᠠᠷᠠᠭ ᠤᠨ ᠳᠠᠪᠤᠨ ᠪᠦᠷᠢ ᠵᠠᠪᠠᠯ ᠪᠦᠭᠦᠯᠢ ᠡᠳᠦᠷ ᠶᠢᠡᠷ ᠰᠤᠷᠤᠯᠴᠠᠬᠤ ᠶᠢᠨ ᠳᠠᠭᠠᠤ ᠠᠮᠠᠷᠠᠯᠳᠠ ᠠᠪᠳᠠᠭ ᠭᠡᠨ᠎ᠡ᠃

17᠂ ᠮᠤᠩᠭ᠋ᠤᠯᠴᠤᠳ ᠤᠨ ᠣᠯᠠᠩᠭᠢ ᠨᠢ ᠳᠤᠳᠤᠭᠠᠳᠤ ᠳᠠᠭᠠᠨ ᠴᠠᠭ ᠤᠨ ᠪᠣᠯᠵᠤᠭ᠎ᠠ ᠪᠣᠶᠤ ᠥᠭᠡ ᠳᠡᠭᠡᠨ ᠰᠠᠭᠤᠬᠤ ᠦᠭᠡᠶ᠂ ᠮᠦᠨᠴᠦ ᠡᠨᠡᠭᠦ ᠠᠳᠠᠭ ᠤᠨ ᠮᠠᠭᠤ ᠴᠢᠨᠠᠷ ᠢ ᠪᠠᠶ᠎ᠠ ᠪᠠᠨ ᠭᠠᠢ᠌ᠬᠠᠭᠤᠯᠵᠤ᠂ ᠬᠠᠷᠢᠯᠴᠠᠨ ᠳᠡᠭᠡᠷᠡᠯᠭᠡᠭᠦ ᠶᠢᠨ ᠠᠷᠭ᠎ᠠ ᠪᠠᠷᠢᠯ ᠭᠡᠵᠤ ᠥᠵᠡᠳᠡᠭ᠌᠃ ᠢᠪᠷᠠᠢ᠌ᠴᠤᠳ ᠤᠨ ᠣᠯᠠᠩᠭᠢ ᠨᠢ ᠳᠤᠳᠤᠭᠠᠳᠤ ᠳᠠᠭᠠᠨ ᠮᠢᠨᠦ᠋ᠲ ᠶᠢᠡᠷ ᠭᠡᠮᠵᠢᠨ ᠴᠠᠭ ᠪᠣᠯᠵᠤᠳᠠᠭ ᠪᠦᠭᠡᠳ ᠭᠡᠯᠡᠭ᠍ᠰᠡᠨ ᠥᠭᠡ ᠳᠡᠭᠡᠨ ᠰᠠᠭᠤᠬᠤ ᠶᠢ ᠠᠮᠢᠨ ᠲᠡᠶ ᠪᠠᠨ ᠠᠳᠠᠯᠢ ᠥᠵᠡᠳᠡᠭ᠌᠃

18.ᠮᠤᠩᠭ᠋ᠤᠯᠴᠤᠳ ᠣᠯᠠᠩᠭᠢ ᠳᠠᠭᠠᠨ ᠪᠦᠭᠡ ᠪᠠᠷᠢᠯᠳᠤᠬᠤ ᠵᠡᠷᠭᠡ ᠪᠠᠶ᠎ᠠ ᠶᠢᠨ ᠭᠦᠴᠤᠨ ᠢ ᠶᠡᠭᠡᠳᠡ ᠪᠢᠰᠢᠷᠳᠡᠭ᠌᠂ ᠢᠪᠷᠠᠢ᠌ᠴᠤᠳ ᠣᠯᠠᠩᠭᠢ ᠳᠠᠭᠠᠨ ᠨᠤᠮ ᠪᠢᠴᠢᠭ᠌ ᠴᠡᠭᠡᠵᠢᠯᠡᠭᠦ ᠴᠢᠳᠠᠪᠣᠷᠢ ᠪᠠ ᠠᠷᠭ᠎ᠠ ᠣᠬᠠᠭᠠᠨ ᠢ ᠶᠡᠭᠡᠳᠡ ᠪᠢᠰᠢᠷᠠᠨ᠎ᠠ᠃

ᠮᠤᠩᠭ᠋ᠤᠯᠴᠤᠳ ᠪᠠ ᠢᠪᠷᠠᠢ᠌ᠴᠤᠳ ᠤᠨ ᠠᠳᠠᠯᠢ ᠳᠠᠯ᠎ᠠ ᠄

1᠂ ᠮᠤᠩᠭ᠋ᠤᠯᠴᠤᠳ ᠢᠵᠠᠭᠤᠷ ᠳᠡᠦᠭᠡ ᠪᠠᠨ ᠳᠡᠮᠳᠡᠭᠯᠡᠭ᠍ᠰᠡᠨ 《ᠮᠤᠩᠭ᠋ᠤᠯ ᠤᠨ ᠨᠢᠭᠤᠴᠠ ᠳᠤᠪᠴᠢᠶᠠᠨ》 ᠲᠡᠶ ᠪᠠᠢ᠌ᠳᠠᠭ᠃ ᠢᠪᠷᠠᠢ᠌ᠴᠤᠳ ᠪᠠᠰᠠ ᠢᠵᠠᠭᠤᠷ ᠳᠡᠦᠭᠡ ᠪᠠᠨ ᠳᠡᠮᠳᠡᠭᠯᠡᠭ᠍ᠰᠡᠨ ᠦᠷᠭᠡᠨ ᠠᠭᠤᠯᠭ᠎ᠠ ᠲᠡᠶ 《ᠠᠷᠢᠭᠤᠨ ᠨᠤᠮ》 ᠲᠡᠶ ᠪᠠᠢ᠌ᠳᠠᠭ᠃

2᠂ ᠮᠤᠩᠭ᠋ᠤᠯᠴᠤᠳ ᠪᠠ ᠢᠪᠷᠠᠢ᠌ᠴᠤᠳ ᠠᠳᠠᠯᠢᠬᠠᠨ ᠶᠢᠡᠷ ᠡᠷᠡᠯᠭᠡᠭ᠌ ᠪᠠᠭᠠᠳᠤᠷᠯᠢᠭ ᠰᠦᠰᠦ ᠵᠤᠷᠢᠭ ᠲᠡᠶ ᠪᠠᠢ᠌ᠳᠠᠭ᠃

3 ᠮᠤᠩᠭ᠋ᠤᠯᠴᠤᠳ ᠪᠠ ᠢᠪᠷᠠᠢ᠌ᠴᠤᠳ ᠠᠳᠠᠯᠢᠬᠠᠨ ᠶᠢᠡᠷ ᠠᠠᠳᠠ ᠶᠢᠨ ᠵᠢᠷᠤᠮ ᠶᠢᠡᠨ ᠴᠢᠩᠳᠠᠯᠠᠨ ᠡᠷᠭᠢᠮᠯᠡᠳᠡᠭ᠌ ᠪᠦᠭᠡᠳ ᠭᠦᠮᠤᠨ ᠮᠠᠭᠤᠳᠠᠭᠰᠠᠨ ᠦᠶ᠎ᠡ ᠳ᠋ᠦ ᠬᠠᠷᠠᠮ ᠦᠭᠡᠶ ᠳᠤᠰᠠᠯᠠᠳᠠᠭ᠃ ᠮᠦᠨᠴᠦ ᠦᠰᠢᠶᠠᠳᠤᠨ ᠭᠦᠮᠤᠨ ᠮᠠᠭᠤᠳᠠᠭᠰᠠᠨ ᠦᠶ᠎ᠡ ᠳ᠋ᠦ ᠦᠰᠢᠶ᠎ᠡ ᠠᠪᠳᠠᠭ ᠦᠭᠡᠶ᠃ ᠪᠠᠭᠤᠷᠠᠢ ᠭᠦᠮᠦᠰ ᠳᠦ ᠶᠡᠭᠡᠷᠭᠡᠭ᠌ ᠠᠭᠠᠰᠢᠯᠠᠬᠤ ᠶᠢ ᠵᠢᠭ᠍ᠰᠢᠨ᠎ᠡ᠃ ᠭᠦᠴᠦᠷᠭᠡᠭ᠌ ᠨᠢ ᠭᠦᠴᠦᠷᠭᠡᠭ᠌ ᠲᠡᠶ ᠪᠠᠨ ᠦᠷᠢᠰᠦᠯᠳᠡᠭᠦ ᠶᠢ ᠡᠷᠭᠢᠮᠯᠡᠨ᠎ᠡ᠃

ᠮᠤᠩᠭ᠋ᠤᠯᠴᠤᠳ ᠪᠠ ᠢᠪᠷᠠᠢ᠌ᠴᠤᠳ ᠡᠢ᠌ᠮᠦ ᠶᠡᠭᠡ ᠵᠦᠷᠢᠶ᠎ᠠ ᠲᠡᠶ ᠪᠣᠯᠤᠭᠰᠠᠨ ᠶᠠᠪᠣᠳᠠᠯ ᠪᠣᠯ ᠳᠡᠦᠭᠡ᠂ ᠭᠠᠵᠠᠷ ᠣᠷᠤᠨ᠂ ᠱᠠᠰᠢᠨ ᠰᠢᠳᠦᠯᠭᠡ᠂ ᠰᠤᠶᠤᠯ ᠵᠡᠷᠭᠡ ᠣᠯᠠᠨ ᠨᠥᠭᠦᠴᠡᠯ ᠡᠴᠡ ᠰᠢᠯᠳᠠᠭᠠᠯᠠᠨ᠎ᠠ᠃

ᠪᠢ ᠢᠩᠭᠢᠵᠦ ᠢᠪᠷᠠᠢ᠌ᠴᠤᠳ ᠲᠡᠶ ᠳᠤᠮᠳᠠᠳᠤ ᠣᠯᠤᠰ ᠤᠨ ᠮᠤᠩᠭ᠋ᠤᠯ ᠢ ᠬᠠᠷᠢᠴᠠᠭᠤᠯᠵᠤ ᠪᠠᠢ᠌ᠭ᠎ᠠ ᠶᠠᠪᠣᠳᠠᠯ ᠪᠣᠯ ᠢᠪᠷᠠᠢ᠌ᠴᠤᠳ ᠢ ᠪᠦᠷᠢᠮᠦᠰᠤᠨ ᠰᠢᠳᠤᠵᠦ᠂ ᠬᠠᠷᠢ ᠪᠣᠰᠤᠳ ᠢ ᠡᠷᠭᠦᠵᠦ ᠪᠠᠢ᠌ᠭ᠎ᠠ ᠭᠡᠷᠡᠭ᠌ ᠪᠢᠰᠢ᠂ ᠬᠠᠷᠢᠨ ᠮᠠᠨ ᠪ ᠵᠠᠷᠢᠮ ᠨᠢᠭᠡ ᠨᠠᠵᠠᠭᠠᠢ ᠳᠠᠯ᠎ᠠ ᠪᠠ ᠳᠡᠭᠦᠨ ᠪ ᠡᠭᠦᠰᠦᠭ᠍ᠰᠡᠨ ᠰᠢᠯᠳᠠᠭᠠᠨ ᠢ ᠳᠠᠨᠢᠵᠤ᠂ ᠪᠣᠰᠤᠳ ᠤᠨ ᠵᠣᠢ᠌ᠯ ᠢ ᠠᠰᠢᠭᠯᠠᠨ ᠪᠠᠶ᠎ᠠ ᠳᠡᠭᠡᠨ ᠰᠠᠢ᠌ᠨ ᠭᠡᠷᠡᠭ᠌ ᠥᠢᠯᠡᠳᠦᠭᠡᠳ᠂ ᠳᠤᠮᠳᠡᠳᠤ ᠶᠢᠨ ᠦᠨᠳᠦᠰᠦᠳᠠᠨ ᠨᠤᠭᠦᠳ ᠮᠠᠠᠳᠤᠨ ᠭᠦᠭ᠍ᠵᠢᠪᠠᠯ᠂ ᠳᠤᠮᠳᠠᠳᠤ ᠣᠯᠤᠰ ᠡᠷᠳᠡᠭᠡᠨ ᠴᠡᠴᠡᠭᠯᠡᠨ ᠭᠦᠭ᠍ᠵᠢᠭᠦ ᠠᠭᠢᠴᠠ ᠶᠢ ᠣᠯᠠᠮ ᠳᠦᠷᠭᠡᠳᠭᠡᠨ᠎ᠡ ᠭᠡᠵᠦ ᠪᠣᠳᠤᠭᠰᠠᠨ ᠳ᠋ᠤ ᠣᠷᠤᠰᠢᠨ᠎ᠠ᠃

ᠵᠠ ︕ ᠠᠷᠪᠢᠨ ᠶᠠᠭᠤᠮ᠎ᠠ ᠶᠠᠷᠢᠵᠤ ᠡ᠊ᠨᠳᠡᠭᠦᠦ ᠪᠣᠷᠤᠭᠤ ᠭᠡᠯᠡᠭ᠍ᠰᠡᠨ ᠢ ᠮᠢᠨᠢ ᠵᠠᠰᠠᠵᠤ ᠵᠠᠯᠠᠷᠠᠭᠤᠯᠤᠨ ᠣᠩᠰᠢᠬᠤ ᠶᠢ ᠴᠢᠩ ᠰᠡᠳᠭᠢᠯ ᠡᠴᠡ ᠪᠠᠨ ᠭᠦᠰᠡᠵᠦ᠂ ᠭᠠᠳᠠᠭᠠᠳᠤ ᠶᠢᠨ ᠵᠣᠢ᠌ᠯ ᠳ᠋ᠤ ᠰᠢᠭᠦᠮᠵᠢᠯᠡᠯᠳᠡᠢ ᠣᠪᠣᠷ ᠶᠢᠡᠷ ᠬᠠᠠᠳᠤᠵᠤ᠂ ᠰᠠᠢ᠌ᠨ ᠶᠢᠡᠷ ᠨᠢ ᠳᠤᠯᠢ ᠪᠣᠯᠭᠠᠨ᠂ ᠰᠢᠭᠠᠷᠠᠤ ᠶᠢ ᠨᠢ ᠳᠠᠶᠠᠭᠳᠠᠬᠤ ᠳ᠋ᠤ ᠰᠠᠨᠠᠭᠤᠯᠭ᠎ᠠ ᠪᠣᠯᠭᠠᠪᠠ᠃


ᠲ᠋ᠤᠰ ᠵᠤᠬᠢᠶᠠᠯ ᠦᠪᠣᠷ ᠮᠤᠩᠭ᠋ᠤᠯ ᠤᠨ《ᠣᠷᠤᠭ ᠭᠡᠷ ᠪᠦᠯᠢ ᠨᠡᠢ᠌ᠭᠡᠮ》 ᠰᠠᠷ᠎ᠠ ᠶᠢᠨ ᠰᠡᠳᠭᠦᠯ ᠤᠨ 2003 ᠣᠨ ᠤ 9 ᠳ᠋ᠤᠭᠡᠷ ᠬᠤᠭᠤᠴᠠᠭᠠᠨ ᠳᠤ ᠨᠡᠢ᠌ᠳᠡᠯᠡᠭ᠍ᠳᠡᠪᠡ᠃ ᠳᠠᠷᠠᠭ᠎ᠠ ᠨᠢ 《ᠦᠪᠣᠷ ᠮᠤᠩᠭ᠋ᠤᠯ ᠤᠨ ᠰᠤᠷᠭᠠᠨ ᠭᠦᠮᠦᠵᠢᠯ》 ᠰᠠᠷ᠎ᠠ ᠶᠢᠨ ᠰᠡᠳᠭᠦᠯ ᠳᠤ〈ᠢᠪᠷᠠᠢ᠌ᠴᠤᠳ ᠢ ᠮᠤᠩᠭ᠋ᠤᠯᠴᠤᠳ ᠲᠡᠶ ᠪᠠᠨ ᠬᠠᠷᠢᠴᠠᠭᠤᠯᠤᠨ ᠬᠠᠭᠤᠴᠢᠯᠠᠬᠤ ᠨᠢ〉 ᠭᠡᠳᠡᠭ᠌ ᠭᠠᠷᠴᠠᠭ ᠶᠢᠡᠷ 2004᠂ 1 ᠳ᠋ᠤᠭᠠᠷ ᠲᠤ ᠪᠠ ᠦᠪᠣᠷ ᠮᠤᠩᠭ᠋ᠤᠯ ᠤᠨ《ᠬᠤᠨ ᠭᠠᠯᠠᠭᠤ》 ᠤᠳᠬ᠎ᠠ ᠣᠷᠠᠯᠢᠭ ᠤᠨ ᠰᠠᠷ᠎ᠠ ᠶᠢᠨ ᠰᠡᠳᠭᠦᠯ ᠤᠨ 2004᠂ 3 ᠳ᠋ᠤᠭᠠᠷ ᠬᠤᠭᠤᠴᠠᠭᠠᠨ ᠳᠤ《ᠢᠪᠷᠠᠢ᠌ᠴᠤᠳ ᠤᠨ ᠳᠤᠬᠠᠢ ᠵᠤᠭᠤᠭ ᠢ ᠮᠤᠩᠭ᠋ᠤᠯᠴᠤᠳ ᠲᠡᠶ ᠪᠠᠨ ᠬᠠᠷᠢᠴᠠᠭᠤᠯᠤᠨ ᠶᠠᠷᠢᠬᠤ ᠨᠢ》 ᠭᠡᠳᠡᠭ᠌ ᠭᠠᠷᠴᠠᠭ ᠶᠢᠡᠷ ᠳᠤᠰ ᠪᠦᠷᠢ ᠨᠡᠢ᠌ᠳᠡᠯᠡᠭ᠍ᠳᠡᠪᠡ᠃



ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠪᠠᠶᠠᠠᠭᠤᠤᠯ ᠵᠸᠤ ᠶᠢᠨ ᠮᠤᠩᠭ᠋ᠤᠯ ᠭᠡᠯᠡ ᠪᠠᠷ ᠺᠢᠨᠤ᠋ ᠳᠸᠯᠸᠢᠰ ᠵᠥᠴᠦᠭᠡ ᠣᠷᠴᠢᠭᠤᠯᠤᠨ ᠦᠢᠯᠡᠳᠬᠦ ᠳᠦᠪ

ᠵᠤᠬᠢᠶᠠᠭᠴᠢ᠄ ᠯᠢ᠊·ᠰᠠᠷᠵᠢᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 18983
ᠴᠠᠭ᠄ 2011 ᠤᠨ ᠤ 12 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ