☆ ᠭᠠᠳᠠᠨ
ᠰᠢᠯᠦᠭ᠌ ᠬᠤᠶᠠᠷ ᠪᠠᠳᠠᠭ
ᠴᠠᠰᠤ
ᠮᠥᠯᠭᠦᠵᠤ ᠶᠠᠪᠣᠬᠤ ᠰᠢᠭ
ᠣᠯᠪᠣᠭ ᠴᠠᠭᠠᠨ ᠪᠢᠷᠠᠭᠤᠨ ᠳᠡᠭᠡᠷ᠎ᠡ
ᠮᠥᠷᠭᠦᠵᠤ ᠪᠠᠢ᠌ᠭ᠎ᠠ ᠰᠢᠭ
ᠠᠯᠠᠭ ᠱᠠᠭᠠᠵᠠᠭᠠᠢ ᠭᠡᠭᠢᠯᠵᠡᠵᠤ
ᠮᠠᠯᠴᠠᠢ᠌ᠮᠠ ᠴᠠᠭᠠᠨ
ᠠᠭᠤᠯᠠ ᠣᠢ ᠪᠠᠷ ᠱᠠᠭᠰᠢᠨ
ᠮᠦᠷ ᠬᠠᠯᠳᠠᠷ
ᠠᠢ᠌ᠯ ᠬᠤᠷᠤᠭ᠎ᠠ ᠶᠢ ᠳᠤᠭᠰᠢᠨ᠎ᠠ
ᠨᠠᠮᠤᠷ
ᠭᠡᠭᠡᠷ᠎ᠡ ᠶᠢᠨ ᠨᠠᠮᠤᠷ ᠭᠡᠩᠭᠡᠯᠵᠡᠭᠦᠯᠵᠤ ᠶᠠᠪᠤᠨ
ᠭᠡᠭᠡᠷ ᠬᠠᠳᠠᠷᠢᠶ᠎ᠠ ᠪᠠᠷ ᠵᠢᠷᠪᠢᠯᠵᠡᠭᠦᠯᠤᠨ ᠪᠠᠭᠤᠵᠤ
ᠬᠤᠷ ᠳᠠᠯ ᠬᠠᠯᠢᠭᠤᠷᠭᠠᠨ ᠣᠷᠤᠰᠬᠠᠵᠤ
ᠬᠤᠷ᠎ᠠ ᠲᠡᠶ ᠳᠡᠯᠡᠭᠡᠢ ᠱᠥᠭᠦᠷᠳᠡᠨ ᠵᠤᠭᠰᠤᠨ᠎ᠠ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2947
ᠴᠠᠭ᠄ 2009 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ