☆ ᠵᠢᠯᠠᠮ·ᠮᠠᠠᠳᠤᠪᠠᠶᠠᠷ
ᠰᠢᠯᠦᠭ᠌ ᠴᠢ ᠮᠢᠨᠢ
ᠰᠢᠯᠦᠭ᠌ ᠴᠢ ᠮᠢᠨᠢ
ᠰᠢᠵᠢᠷ ᠠᠯᠳᠠᠨ ᠨᠠᠷᠠᠨ ᠰᠢᠭ
ᠰᠢᠳᠢᠳᠤ ᠳᠡᠭ᠍ᠷᠢ ᠶᠢᠨ ᠰᠠᠷᠠᠨ ᠰᠢᠭ
ᠰᠢᠷᠳᠠᠨ ᠳᠠᠯᠮᠢᠶᠠᠷᠠᠬᠤ ᠣᠳᠤᠳ ᠰᠢᠭ
ᠨᠠᠮ᠎ᠠ ᠶᠢ ᠭᠡᠢ᠌ᠭᠦᠯ
ᠨᠠᠷᠠᠨ ᠰᠠᠷᠠᠨ ᠬᠤᠶᠠᠷ ᠢ ᠣᠢ᠌ᠷᠠᠳᠤᠭᠤᠯᠤᠨ ᠪᠠᠢ᠌ᠵᠤ ᠭᠡᠢ᠌ᠭᠦᠯ
ᠨᠠᠢ᠌ᠷᠠᠭ ᠰᠢᠯᠦᠭ᠌ ᠤᠨ ᠣᠩᠭ᠋ᠤᠳ ᠢ ᠣᠷᠭᠢᠭᠤᠯᠤᠨ ᠪᠠᠢ᠌ᠵᠤ ᠭᠡᠢ᠌ᠭᠦᠯ
ᠰᠢᠯᠦᠭ᠌ ᠴᠢ ᠮᠢᠨᠢ᠂ ᠨᠠᠮ᠎ᠠ ᠶᠢ ᠭᠡᠢ᠌ᠭᠦᠯ
ᠰᠢᠯᠦᠭ᠌ ᠴᠢ ᠮᠢᠨᠢ
ᠰᠡᠳᠭᠢᠯ ᠢ ᠮᠢᠨᠢ ᠡᠵᠡᠮᠳᠡᠨ ᠪᠠᠢ᠌ᠵᠤ
ᠰᠠᠷᠠᠯ ᠢ ᠮᠢᠨᠢ ᠣᠷᠭᠤᠭᠤᠯᠤᠨ ᠪᠠᠢ᠌ᠵᠤ
ᠰᠢᠷᠡᠭᠡ ᠶᠢ ᠮᠢᠨᠢ ᠡᠯᠡᠭ᠍ᠳᠡᠭᠦᠯᠤᠨ ᠪᠠᠢ᠌ᠵᠤ
ᠰᠢᠯᠦᠭ᠌ ᠳᠦᠷᠦᠭᠦᠯ
ᠬᠤᠷᠢᠮ ᠶᠢᠡᠨ ᠭᠡᠭ᠍ᠰᠡᠨ ᠡᠳᠦᠷ ᠰᠢᠭ᠌ ᠵᠢᠷᠭᠠᠭᠤᠯᠤᠨ ᠪᠠᠢ᠌ᠵᠤ ᠳᠦᠷᠦᠭᠦᠯ
ᠭᠦᠤ ᠲᠡᠶ ᠪᠣᠯᠤᠭᠰᠠᠨ ᠡᠴᠢᠭᠡ ᠰᠢᠭ᠌ ᠪᠠᠶᠠᠰᠤᠭᠤᠯᠤᠨ ᠪᠠᠢ᠌ᠵᠤ ᠳᠦᠷᠦᠭᠦᠯ
ᠰᠢᠯᠦᠭ᠌ ᠴᠢ ᠮᠢᠨᠢ᠂ ᠰᠢᠯᠦᠭ᠌ ᠳᠦᠷᠦᠭᠦᠯ
ᠰᠢᠯᠦᠭ᠌ ᠴᠢ ᠮᠢᠨᠢ
ᠣᠯᠤᠰ ᠤᠨ ᠵᠠᠭᠠᠨ ᠰᠢᠭ
ᠣᠯᠠᠨ ᠮᠤᠷᠢᠳ ᠤᠨ ᠳᠦᠷᠦᠭᠦᠤ ᠰᠢᠭ᠌
ᠣᠠᠴᠠ ᠮᠡᠷᠭᠡᠨ ᠬᠠᠪᠣᠭᠠᠴᠢ ᠰᠢᠭ
ᠠᠷᠠᠤᠨ ᠢ ᠪᠠᠶᠠᠰᠬ᠎ᠠ
ᠠᠢ᠌ᠷᠠᠭ ᠴᠠᠭ᠎ᠠ ᠶᠢᠨ ᠳᠡᠭᠡᠵᠢ ᠪᠠᠷ ᠰᠥᠩᠨᠡᠭᠦᠯᠤᠨ ᠪᠠᠢ᠌ᠵᠤ ᠪᠠᠶᠠᠰᠬ᠎ᠠ
ᠣᠳᠤᠨ ᠮᠸᠲ᠋ᠠᠯ ᠤᠨ ᠳᠡᠮᠳᠡᠭ᠌ ᠶᠢᠡᠷ ᠱᠠᠩᠨᠠᠭᠤᠯᠤᠨ ᠪᠠᠢ᠌ᠵᠤ ᠪᠠᠶᠠᠰᠬ᠎ᠠ
ᠰᠢᠯᠦᠭ᠌ ᠴᠢ ᠮᠢᠨᠢ᠂ ᠠᠷᠠᠤᠨ ᠢ ᠪᠠᠶᠠᠰᠬ᠎ᠠ
ᠰᠤᠳᠤᠨ ᠣᠶᠠᠭᠠᠴᠢ ᠰᠢᠭ ᠮᠢᠯᠢᠶᠠᠯᠭᠠᠵᠤ᠂ ᠨᠠᠮ᠎ᠠ ᠶᠢ ᠪᠠᠰᠠ ᠪᠠᠶᠠᠰᠬ᠎ᠠ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3263
ᠴᠠᠭ᠄ 2009 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ