ᠨᠡᠪᠲᠡᠷᠡᠨ ᠤᠷᠤᠬᠤ
ᠪᠦᠳᠤᠨ ᠳᠠᠯ᠎ᠠ ᠶᠢᠨ ᠵᠢᠷᠤᠭ ᠪᠣᠳᠤᠯ ᠤᠨ ᠥᠵᠦᠭᠦᠷ ᠣᠶᠠᠩᠭ᠋ᠠᠷᠠᠨ᠎ᠠ
᠊᠊᠊᠊᠊᠊᠊᠊᠊᠊᠊᠊᠊᠊᠊ ᠬᠤᠷᠴᠢᠨ ᠤ ᠣᠯᠤᠰ ᠤᠨ ᠳᠠᠰ ᠤᠨ ᠪᠠᠢ᠌ᠭᠠᠯᠢ ᠶᠢᠨ ᠬᠠᠮᠠᠭᠠᠯᠠᠯᠳᠠ ᠶᠢᠨ ᠣᠷᠤᠨ ᠳᠤ ᠪᠣᠯᠤᠭᠰᠠᠨ ᠲᠦᠰᠢᠶᠠᠳᠤ ᠶᠢᠨ ᠭᠡᠰᠡᠭ᠌ ᠵᠤᠬᠢᠶᠠᠯᠴᠢᠳ ᠤᠨ ᠨᠠᠢ᠌ᠷ ᠲᠤ ᠡᠷᠭᠦᠪᠠᠢ

          

ᠰᠤᠯᠤᠩᠭ᠋ᠠᠨ ᠳᠤᠯᠤᠭᠠᠨ ᠥᠩᠭᠡ

ᠰᠡᠳᠭᠢᠯ ᠤᠨ ᠥᠵᠦᠭᠦᠷ ᠡᠴᠡ ᠴᠤᠪᠣᠵᠤ

ᠰᠢᠨᠠᠵᠠᠮ ᠵᠥᠭ᠌ ᠳᠠᠮᠠᠤᠯᠠᠵᠤ ᠶᠠᠪᠣᠯ᠎ᠠ

ᠰᠥᠰᠦᠭ᠌ ᠤᠨ ᠮᠢᠨᠢ ᠣᠯᠠᠨ ᠰᠠᠭᠢᠭᠤᠰᠤ

ᠨᠤᠮᠢᠨ ᠳᠤᠯᠭᠢᠶ᠎ᠠ ᠬᠠᠶᠠᠯᠠᠵᠤ

ᠮᠤᠷᠢᠨ ᠳᠠᠯ᠎ᠠ ᠡᠴᠡ ᠮᠦᠰᠢᠶᠠᠵᠤ ᠣᠭᠳᠤᠯ᠎ᠠ


ᠬᠤᠷᠢᠨ ᠵᠢᠯ ᠤᠨ ᠡᠮᠦᠨᠡᠭᠢ ᠳᠤᠷᠠᠳᠬᠠᠯ ᠤᠳ

ᠰᠠᠨᠠᠭᠠᠨ ᠤ ᠥᠵᠦᠭᠦᠷ ᠡᠴᠡ ᠣᠷᠭᠤᠵᠤ ᠪᠠᠢ᠌ᠯ᠎ᠠ

ᠬᠤᠭᠤᠰᠤᠳᠠᠭᠰᠠᠨ ᠣᠯᠠᠨ ᠭᠤᠨᠢᠶᠠᠯ ᠤᠳ

ᠳᠠᠢ᠌ᠪᠣᠰᠢᠷᠠᠯ ᠳᠡᠭᠦᠵᠤ ᠪᠠᠶᠠᠰᠴᠤ ᠶᠠᠪᠣᠯ᠎ᠠ

ᠵᠢᠰᠤ ᠪᠦᠳᠤᠨ ᠪᠠᠢ᠌ᠭᠠᠯᠢ ᠪᠠᠨ

ᠵᠢᠷᠦᠭᠡᠨ ᠳᠠᠯ᠎ᠠ ᠳᠤ ᠪᠠᠨ ᠱᠤᠭᠤᠵᠤ ᠠᠪᠣᠯ᠎ᠠ


ᠬᠤᠷᠴᠢᠨ ᠤ ᠡᠯᠢᠭᠡᠨ ᠳᠤ ᠵᠠᠶᠠᠭᠠᠭᠰᠠᠨ ᠡᠴᠡ

ᠰᠢᠷᠬᠠᠳᠤᠯ ᠦᠭᠡᠶ ᠳᠠᠯ᠎ᠠ ᠮᠢᠨᠢ ᠦᠯᠠᠳᠠᠵᠠᠢ

ᠬᠠᠰᠠᠷ ᠤᠨ ᠨᠤᠳᠤᠭ ᠲᠤ ᠳᠦᠷᠦᠭ᠍ᠰᠡᠨ ᠤ ᠣᠴᠢᠷ

ᠰᠡᠳᠭᠢᠯ ᠶᠢᠡᠷ ᠶᠢᠡᠨ ᠳᠠᠨ ᠳᠤ ᠰᠥᠭᠦᠷᠡᠵᠡᠢ

ᠬᠠᠭᠤᠴᠢᠨ ᠵᠡᠭᠦᠳᠤ ᠪᠠᠨ ᠳᠡᠷᠭᠡᠯᠰᠢᠭᠦᠯᠵᠤ

ᠰᠥᠰᠦᠭ᠌ ᠶᠢᠡᠷ ᠶᠢᠡᠨ ᠪᠢ ᠮᠦᠷᠭᠦᠵᠡᠢ


ᠣᠤᠭᠠᠯ ᠨᠤᠳᠤᠭ ᠤᠨ ᠰᠢᠷᠤᠢ ᠥᠨᠦᠷᠳᠦᠭᠦᠯᠵᠤ

ᠪᠣᠭᠤᠳᠠᠢ ᠶᠢᠨ ᠳᠠᠯ᠎ᠠ ᠴᠡᠯᠭᠡᠷᠯᠡᠨ᠎ᠡ

ᠵᠡᠭᠡᠰᠤ ᠬᠤᠯᠤᠰᠤ ᠥᠪᠴᠢᠷᠭᠡᠵᠤ

ᠵᠡᠷᠭᠡᠯᠭᠡᠨ ᠭᠡᠮᠡᠷ ᠡ᠊ᠨᠳᠡᠭᠦᠷᠡᠮᠡᠷ

ᠵᠡᠷᠯᠢᠭ᠌ ᠪᠣᠭᠤᠳᠠᠢ ᠬᠠᠯᠢᠭᠤᠷᠠᠭᠠᠤᠨ

ᠵᠠᠮᠴᠢᠨ ᠤ ᠳᠠᠷᠢᠶ᠎ᠠ ᠶᠢ ᠢᠴᠢᠭᠡᠮᠡᠷ

ᠳᠤᠯᠭᠢᠶ᠎ᠠ ᠨᠢ ᠨᠤᠮᠢᠨ ᠶᠢᠡᠷ ᠦᠶᠡᠯᠵᠢᠵᠤ

ᠮᠠᠠᠵᠤ ᠶᠢᠨ ᠵᠢᠩᠰᠠ ᠶᠢ ᠭᠤᠳᠤᠭᠠᠮᠠᠷ

ᠨᠠᠭᠤᠷ ᠨᠢ ᠭᠦᠭᠡ ᠪᠠᠷ ᠴᠡᠩᠭᠡᠷᠯᠡᠵᠤ

ᠮᠤᠩᠭ᠋ᠤᠯᠴᠤᠳ ᠤᠨ ᠪᠣᠳᠤᠯ ᠢ ᠣᠭᠢᠶᠠᠮᠠᠷ ᠁


ᠮᠤᠷᠢᠨ ᠳᠠᠯ᠎ᠠ ᠶᠢᠨ ᠭᠦᠨ ᠡᠴᠡ

ᠪᠣᠭᠤᠷᠤᠯ ᠳᠡᠦᠭᠡ ᠰᠤᠨᠤᠷᠳᠠᠵᠤ

ᠮᠤᠷᠢᠳᠠᠢ ᠶᠠᠪᠣᠭᠰᠠᠨ ᠣᠯᠠ ᠮᠦᠷ ᠤᠳ

ᠪᠣᠳᠤᠯ ᠤᠨ ᠴᠠᠭᠠᠨ᠎ᠠ ᠡᠴᠡ ᠪᠦᠷᠳᠦᠯᠵᠡᠨ᠎ᠡ

ᠠᠮᠢᠯᠠᠯ ᠤᠨ ᠥᠩᠭᠡ ᠪᠢᠯᠬᠠᠭᠤᠯᠵᠤ

ᠡᠯᠢᠭᠡᠨ ᠳᠠᠯ᠎ᠠ ᠳᠤ ᠮᠢᠨᠢ ᠦᠶᠡᠯᠵᠠᠨ᠎ᠠ

ᠠᠶᠠᠨ ᠤ ᠮᠢᠨᠢ ᠳᠦᠷᠦᠭᠡ ᠶᠢ ᠴᠢᠩᠭ᠋ᠠᠯᠠᠵᠤ

ᠠᠯᠤᠰ ᠤᠨ ᠪᠣᠳᠤᠯ ᠢ ᠮᠢᠨᠢ ᠭᠦᠪᠴᠢᠯᠡᠭ᠍ᠰᠡᠨ ᠶᠤᠮ


ᠵᠠᠭᠤᠷᠮᠠᠭ ᠵᠠᠶᠠᠭᠠᠨ ᠤ ᠢᠴᠢᠭᠦᠷᠢ ᠣᠭᠢᠶᠠᠵᠤ

ᠵᠡᠭᠦᠨ ᠰᠤᠪᠣᠷᠭ᠎ᠠ ᠰᠦᠨᠳᠠᠷᠯᠠᠨ᠎ᠠ

ᠵᠡᠷᠭᠡᠯᠭᠡᠨ ᠮᠢᠷᠠᠯᠵᠠᠭᠰᠠᠨ ᠭᠤᠪᠢ ᠭᠦᠡᠳᠡᠢ ᠪᠠᠷ

ᠵᠡᠭᠡᠷ᠎ᠡ ᠵᠦᠷ᠎ᠡ ᠳᠠᠭᠰᠢᠬᠤ ᠬᠠᠷᠠᠭᠳᠠᠨ᠎ᠠ

ᠭᠦᠪᠠᠭᠡ ᠨᠢ ᠬᠠᠷᠠᠭᠳᠠᠬᠤ ᠦᠭᠡᠶ ᠳᠠᠯ᠎ᠠ ᠶᠢᠨ ᠳᠡᠭ᠍ᠷᠢ ᠳᠤ

ᠨᠡᠭᠦᠳᠡᠯ ᠤᠨ ᠰᠢᠪᠠᠭᠤᠳ ᠤᠨ ᠳᠠᠭᠤᠨ ᠳᠠᠰᠤᠷᠠᠬᠤ ᠦᠭᠡᠶ

ᠭᠦᠰᠡᠯ ᠨᠤᠭᠤᠭᠠᠨ ᠬᠠᠮᠠᠭᠠᠯᠠᠭᠴᠢᠳ ᠤᠨ ᠦᠷᠦᠭᠡᠨ ᠳᠤ

ᠠᠷᠠᠯᠳᠤ ᠬᠤᠭᠤᠷ ᠤᠨ ᠠᠶ᠎ᠠ ᠥᠨᠦᠴᠢᠷᠡᠭᠦ ᠦᠭᠡᠶ

ᠭᠡᠭᠡᠷ᠎ᠡ ᠳᠠᠯ᠎ᠠ ᠳᠤ ᠭᠡᠳᠦᠭᠦᠯᠡ ᠰᠠᠭᠤᠬᠤ ᠳᠤ ᠪᠠᠨ

ᠠᠷᠠᠤᠨ ᠤᠨ ᠳᠠᠭᠤᠤ ᠣᠷᠮᠠᠰ ᠬᠠᠷᠢᠭᠤᠯᠬᠤ ᠦᠭᠡᠶ

ᠳᠤᠷᠠᠨ ᠤ ᠬᠠᠷᠠᠭ᠎ᠠ ᠳᠠᠯ᠎ᠠ ᠡᠴᠡ ᠪᠠᠨ ᠵᠠᠢ᠌ᠳᠠᠬᠤ ᠦᠭᠡᠶ ᠳᠤᠯᠢᠳᠠᠵᠤ

ᠣᠩᠭ᠋ᠤᠨ ᠪᠠᠢ᠌ᠭᠠᠯᠢ ᠳᠤ ᠪᠠᠨ ᠵᠠᠢ ᠦᠭᠡᠶ ᠠᠭᠤᠰᠤᠨ᠎ᠠ

ᠣᠭᠳᠠᠷᠭᠤᠢ ᠳᠤ ᠨᠢᠰᠭᠦ ᠰᠢᠪᠠᠭᠤᠳ ᠶᠢᠡᠨ ᠳᠠᠭᠤᠤ ᠪᠠᠷ ᠨᠢ ᠵᠢᠰᠤᠯᠠᠵᠤ

ᠣᠰᠤᠨ ᠳᠤ ᠨᠢ ᠱᠤᠩᠪᠠᠬᠤ ᠵᠢᠷᠭᠠᠬᠠᠢ ᠪᠠᠨ ᠳᠤᠭᠠᠯᠠᠨ ᠪᠦᠷᠢᠦᠡᠭᠡᠵᠤ

ᠵᠡᠭᠦᠳᠤ ᠴᠤ ᠶᠤᠮᠰᠢᠭ ᠵᠡᠷᠭᠡᠯᠭᠡᠨ ᠴᠤ ᠶᠤᠮᠰᠢᠭ

ᠵᠡᠭᠦᠨ ᠰᠤᠪᠣᠷᠭ᠎ᠠ ᠰᠦᠨᠳᠠᠷᠯᠠᠨ᠎ᠠ ᠡ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ