☆ ᠯᠢ ᠭᠡᠷᠡᠯ
ᠰᠡᠳᠭᠢᠯ ᠳᠤ ᠣᠢ᠌ᠷᠠᠬᠠᠨ ᠮᠤᠩᠭ᠋ᠤᠯ ᠪᠠᠭ᠎ᠠ ᠰᠤᠷᠭᠠᠭᠤᠯᠢ ᠮᠢᠨᠢ
ᠨᠠᠷᠢᠳ ᠤᠨ ᠭᠤᠤᠯ ᠤᠨ ᠭᠦᠪᠠᠭᠡᠨ ᠳ᠋ᠤ
ᠨᠠᠷᠠᠯᠠᠭ ᠨᠤᠳᠤᠭ ᠤᠨ ᠡᠯᠢᠭᠡᠨ ᠳᠤ
ᠨᠢ᠋ᠮᠠᠨ ᠵᠥᠭ᠌ ᠡᠴᠡ ᠴᠤᠭᠯᠠᠷᠠᠭᠰᠠᠨ
ᠨᠠᠷᠮᠠᠢ ᠮᠤᠩᠭ᠋ᠤᠯ ᠦᠷᠡᠰ ᠶᠢᠡᠨ
ᠨᠠᠷᠠᠨ ᠤ ᠠᠯᠳᠠᠨ ᠰᠠᠴᠤᠷᠠᠭ ᠶᠢᠡᠷ
ᠨᠠᠢ᠌ᠳᠠᠯ ᠭᠦᠰᠡᠯ ᠲᠡᠶ ᠪᠣᠢ᠌ᠵᠢᠭᠤᠯᠵᠤ ᠶᠠᠪᠣᠭ᠎ᠠ
ᠰᠡᠳᠭᠢᠯ ᠳᠤ ᠣᠢ᠌ᠷᠠᠬᠠᠨ
ᠮᠤᠩᠭ᠋ᠤᠯ ᠪᠠᠭ᠎ᠠ ᠰᠤᠷᠭᠠᠭᠤᠯᠢ ᠮᠢᠨᠢ
ᠪᠣᠰᠤᠭ᠎ᠠ ᠮᠤᠩᠭ᠋ᠤᠯ ᠭᠡᠯᠡ ᠪᠠᠷ ᠶᠢᠡᠨ
ᠪᠣᠯᠪᠠᠷᠠᠢ ᠣᠶᠤᠨ ᠢ ᠨᠢ ᠣᠮᠳᠠᠯᠠᠨ
ᠪᠠᠭᠠᠳᠤᠷ ᠮᠤᠩᠭ᠋ᠤᠯ ᠵᠤᠷᠢᠭ ᠶᠢᠡᠷ
ᠪᠠᠯᠴᠢᠷ ᠰᠡᠳᠭᠢᠯ ᠢ ᠨᠢ ᠭᠦᠪᠴᠢᠯᠡᠵᠤ
ᠪᠣᠮᠠᠨ ᠤ ᠳᠤᠮᠳᠠ ᠭᠢᠯᠠᠷᠠᠵᠤ ᠶᠠᠪᠣᠬᠤ
ᠪᠣᠯᠪᠠᠰᠤᠨ ᠵᠢᠦᠡᠭᠦᠯᠳᠡᠨ ᠢ ᠭᠦᠮᠦᠵᠢᠭᠦᠯᠵᠤ ᠶᠠᠪᠣᠭ᠎ᠠ
ᠰᠡᠳᠭᠢᠯ ᠳᠤ ᠣᠢ᠌ᠷᠠᠬᠠᠨ
ᠮᠤᠩᠭ᠋ᠤᠯ ᠪᠠᠭ᠎ᠠ ᠰᠤᠷᠭᠠᠭᠤᠯᠢ ᠮᠢᠨᠢ
ᠠᠷᠢᠭᠤᠨ ᠴᠢᠭᠡᠴᠢ ᠶᠢ ᠡᠷᠭᠢᠮᠯᠡᠳᠡᠭ᠌
ᠠᠷᠠᠳᠴᠢᠯᠠᠯ ᠣᠳᠤᠮᠰᠢᠯ ᠲᠡᠶ
ᠠᠯᠵᠢᠶᠠᠯ ᠵᠦᠳᠡᠷᠡᠯ ᠡᠴᠡ ᠵᠢᠷᠦᠭᠡᠰᠢᠶᠡᠳᠡᠭ᠌ ᠦᠭᠡᠶ
ᠣᠢ᠌ᠯᠠᠰᠴᠢ ᠠᠷᠢᠭᠤᠨ ᠵᠠᠩᠰᠢᠯ ᠲᠡᠶ
ᠰᠢᠨ᠎ᠠ ᠡᠷᠡᠨ ᠤ ᠪᠣᠱᠤᠭᠠᠨ ᠳᠤ
ᠰᠢᠵᠢᠷ ᠭᠡᠷᠡᠯ ᠶᠢᠡᠨ ᠰᠠᠴᠤᠷᠠᠭᠤᠯᠵᠤ ᠶᠠᠪᠣᠭ᠎ᠠ
ᠰᠡᠳᠭᠢᠯ ᠳᠤ ᠣᠢ᠌ᠷᠠᠬᠠᠨ
ᠮᠤᠩᠭ᠋ᠤᠯ ᠪᠠᠭ᠎ᠠ ᠰᠤᠷᠭᠠᠭᠤᠯᠢ ᠮᠢᠨᠢ︕
ᠬᠠᠶᠢᠭ᠄ ᠨᠢ᠋ᠮᠠᠨ ᠤ ᠮᠤᠩᠭ᠋ᠤᠯ ᠪᠠᠭ᠎ᠠ ᠰᠤᠷᠭᠠᠭᠤᠯᠢ
ᠵᠤᠬᠢᠶᠠᠭᠴᠢ᠄ ᠯᠢ ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2009 ᠤᠨ ᠤ 06 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ