☆ ᠭᠠᠩᠭ᠋᠎ᠠ
ᠴᠣᠢ᠌ᠨᠤᠮ ᠳᠤ ᠳᠠᠭᠤᠯᠠᠬᠤ ᠪᠦᠦᠪᠠᠢ
ᠵᠠᠶᠠᠭ᠎ᠠ ᠴᠢᠮᠢ᠋ᠢ ᠳᠦᠷᠦᠭᠦᠯᠦᠭ᠍ᠰᠡᠨ ᠶᠤᠮ ᠭᠡᠨ᠎ᠡ ᠯᠠᠢ
ᠵᠤᠪᠠᠭᠠᠨ ᠪᠠᠢ᠌ᠵᠤ ᠥᠰᠭᠡᠭ᠍ᠰᠡᠨ ᠶᠤᠮ ᠭᠡᠨ᠎ᠡ ᠯᠠᠢ
ᠵᠥᠭᠡᠷ ᠵᠥᠭᠡᠷ᠂ ᠠᠮᠤᠭᠤᠯᠠᠩᠬᠠᠨ ᠨᠣᠢ᠌ᠷᠰᠤᠭᠠᠷᠠᠢ
ᠵᠢᠷᠭᠠᠯ ᠤᠨ ᠡᠮᠭᠦ ᠨᠢ ᠠᠮᠳᠠᠳᠠᠢ ᠶᠤᠮ ︕
ᠰᠢᠯᠦᠭ᠌ ᠢ ᠴᠢ ᠳᠦᠷᠦᠭᠦᠯᠦᠭ᠍ᠰᠡᠨ ᠶᠤᠮ ᠭᠡᠨ᠎ᠡ ᠯᠠᠢ
ᠰᠦᠨᠠᠰᠤ ᠪᠠᠨ ᠳᠤᠳᠤᠷ᠎ᠠ ᠨᠢ ᠰᠢᠩᠭᠡᠭᠡᠭ᠍ᠰᠡᠨ ᠶᠤᠮ ᠭᠡᠨ᠎ᠡ ᠯᠠᠢ
ᠠᠶᠠᠳᠠ ᠠᠶᠠᠳᠠ᠂ ᠳᠠᠢ᠌ᠪᠣᠩᠬᠠᠨ ᠨᠣᠢ᠌ᠷᠰᠤᠭᠠᠷᠠᠢ
ᠠᠯᠳᠠᠷ ᠤᠨ ᠴᠢᠮᠭᠢ ᠨᠢ ᠭᠦᠴᠦᠳᠡᠢ ᠶᠤᠮ ︕
ᠳᠠᠮᠤᠷ ᠴᠢᠷᠠᠢ ᠲᠡᠶ ᠣᠷᠴᠢᠯᠠᠩ ᠶᠤᠮ ᠭᠡᠨ᠎ᠡ ᠯᠠᠢ
ᠳᠠᠩᠬᠠᠢ ᠴᠢ ᠮᠢᠨᠢ ᠵᠥᠳᠡᠷᠡᠭ᠍ᠰᠡᠨ ᠶᠤᠮ ᠭᠡᠨ᠎ᠡ ᠯᠠᠢ
ᠳᠠᠷᠤᠤ ᠳᠠᠷᠤᠤ᠂ ᠳ᠋ᠸᠪᠠᠵᠠᠨ ᠳᠡᠭᠡᠨ ᠵᠡᠭᠦᠳᠦᠯᠡᠭᠡᠷᠡᠢ
ᠳᠠᠭᠢᠭᠠᠤᠨ ᠴᠢᠮᠢ᠋ᠢ ᠭᠡᠨ ᠴᠤ ᠳᠦᠢᠪᠠᠭᠡᠭᠦ ᠦᠭᠡᠶ ︕
ᠵᠤᠬᠢᠶᠠᠭᠴᠢ ᠶᠢᠨ ᠬᠠᠶᠢᠭ ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ
ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ