☆ ᠪᠣᠤ ᠶᠢᠨ ᠱᠠᠨ
ᠡᠨ ᠬᠨ ᠭᠦᠢ
ᠤᠬᠰᠠᠭ᠎ᠠ ᠤᠪᠤᠭ ᠢ ᠴᠢᠨᠢ ᠭᠡᠪᠳᠡᠰᠢ ᠪᠣᠯᠭᠠᠭᠠᠤᠨ
ᠥᠷᠡᠵᠢᠵᠤ ᠳᠠᠭᠢᠭᠠᠤᠨ ᠳᠦᠷᠦᠭᠡᠳ ᠪᠠᠢ᠌ᠠᠠᠤ ᠳᠤ
ᠡᠷᠦᠭᠡ ᠡᠡᠮᠡ ᠶᠢᠨ ᠭᠢᠨ ᠳᠠᠩᠰᠠ ᠨᠢ ᠪᠣᠯᠤᠭᠠᠤᠨ
ᠡᠳᠦᠷ ᠳᠤᠳᠤᠮ ᠵᠤᠵᠠᠭᠠᠷᠠᠭᠠᠤᠨ ᠯᠠ ᠪᠠᠢ᠌ᠨ᠎ᠠ —
ᠡᠨ ᠬᠨ ᠭᠦᠢ᠂ ᠡᠨ ᠬᠨ ᠭᠦᠢ
ᠥᠡᠳᠦᠰᠦᠳᠡᠨ ᠤ ᠪᠣᠳᠤᠯᠭ᠎ᠠ ᠠᠭᠤᠵᠢᠭᠤ ᠶᠤᠮ ᠡ︕
ᠥᠭᠡ ᠭᠡᠯᠡ ᠶᠢ ᠴᠢᠨᠢ ᠱᠤᠰᠢᠭ᠎ᠠ ᠪᠣᠯᠭᠠᠭᠠᠤᠨ
ᠡᠭᠦᠳᠡᠨ ᠳᠡᠭᠡᠷ᠎ᠡ ᠪᠠᠨ ᠡᠯᠭᠦᠭᠡᠳ ᠪᠠᠢ᠌ᠠᠠᠤ ᠳᠤ
ᠥᠩᠭᠡ ᠶᠢᠨ ᠳᠤᠷᠭ᠎ᠠ ᠲᠡᠶ ᠰᠠᠴᠤᠭ ᠨᠢ ᠪᠣᠯᠤᠭᠠᠤᠨ
ᠥᠭᠡᠳᠡ ᠤᠷᠤᠭᠤ ᠭᠡᠢ᠌ᠰᠦᠭᠡᠳ ᠯᠠ ᠪᠠᠢ᠌ᠨ᠎ᠠ —
ᠡᠨ ᠬᠨ ᠭᠦᠢ᠂ ᠡᠨ ᠬᠨ ᠭᠦᠢ
ᠥᠰᠦᠭ᠌ ᠪᠢᠴᠢᠭ᠌ ᠴᠢᠯᠦᠭᠡᠳᠡᠢ ᠶᠤᠮ ᠡ︕
ᠭᠠᠵᠠᠷ ᠨᠤᠳᠤᠭ ᠢ ᠴᠢᠨᠢ ᠭᠠᠷᠤᠯᠳᠠ ᠪᠣᠯᠭᠠᠭᠠᠤᠨ
ᠭᠠᠳᠠᠠᠠᠰᠢ ᠪᠠᠨ ᠳᠤᠳᠤᠠᠠᠰᠢ ᠪᠠᠨ ᠳᠡᠭᠡᠰᠦᠯᠡᠭᠡᠳ ᠪᠠᠢ᠌ᠠᠠᠤ ᠳᠤ
ᠭᠠᠷ ᠤᠨ ᠬᠤᠷᠤᠭᠤᠨ ᠤ ᠭᠢᠨ ᠤᠷᠦᠮ ᠨᠢ ᠪᠣᠯᠤᠭᠠᠤᠨ
ᠭᠠᠯ ᠭᠠᠷᠳᠠᠯ᠎ᠠ ᠤᠯᠠᠢ᠌ᠭᠠᠳ ᠯᠠ ᠪᠠᠢ᠌ᠨ᠎ᠠ —
ᠡᠨ ᠬᠨ ᠭᠦᠢ᠂ ᠡᠨ ᠬᠨ ᠭᠦᠢ
ᠡᠡᠪᠦ ᠶᠢᠨ ᠨᠤᠳᠤᠭ ᠠᠭᠤᠳᠠᠮ ᠶᠤᠮ ᠡ︕
ᠡᠪᠦᠭᠡ ᠳᠡᠭᠡᠳᠦᠰ ᠢ ᠴᠢᠨᠢ ᠡᠡᠷᠢᠭᠢ ᠨᠡᠷᠡᠭᠡᠳ
ᠡᠳᠦᠷ ᠰᠦᠨᠢ ᠥᠭᠡᠢ ᠨᠠᠢ᠌ᠷᠯᠠᠭᠠᠤᠨ ᠪᠠᠢ᠌ᠠᠠᠤ ᠳᠤ
ᠥᠪᠠᠷ ᠶᠢᠡᠨ ᠪᠢᠳᠠ ᠭᠷᠠᠳᠦ᠋ᠰ ᠨᠢ ᠪᠣᠯᠤᠭᠠᠤᠨ
ᠥᠡᠳᠡᠢ᠌ᠨ ᠥᠡᠳᠡᠢ᠌ᠨ ᠪᠣᠴᠠᠯᠤᠭᠠᠤᠨ ᠯᠠ ᠪᠠᠢ᠌ᠨ᠎ᠠ —
ᠡᠨ ᠬᠨ ᠭᠦᠢ᠂ ᠡᠨ ᠬᠨ ᠭᠦᠢ
ᠠᠭᠤᠤ ᠮᠤᠩᠭ᠋ᠤᠯ ᠤᠨ ᠥᠷᠡᠰ ᠶᠤᠮ ᠡ︕
ᠭᠡᠰᠢᠭ᠍ᠳᠡᠨ ᠬᠤᠰᠢᠭᠤᠨ ᠤ ᠪᠢᠷᠠᠭᠤ ᠮᠤᠩᠭ᠋ᠤᠯ ᠳᠤᠮᠳᠠᠳᠤ ᠰᠤᠷᠭᠠᠭᠤᠯᠢ ᠪᠣᠤ ᠶᠢᠨ ᠱᠠᠨ
ᠵᠤᠬᠢᠶᠠᠭᠴᠢ᠄ ᠪᠣᠤ ᠶᠢᠨ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2658
ᠴᠠᠭ᠄ 2009 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ