ᠨᠡᠪᠲᠡᠷᠡᠨ ᠤᠷᠤᠬᠤ
ᠤᠶ‍ᠠᠡᠭᠭ᠎ᠡ ᠶᠢᠨ ᠨᠤᠭᠤᠯᠤᠭ᠎ᠠ ᠲᠡᠶ ᠦᠯᠵᠡᠢ᠌ᠮᠦ᠋ᠷᠡᠨ
᠊᠊᠊᠊᠊᠊᠊᠊᠊᠊᠊᠊ ᠦᠯᠵᠡᠢ᠌ᠮᠦ᠋ᠷᠡᠨ ᠰᠤᠮᠤ ᠶᠢᠨ ᠠᠩᠬᠠᠳᠠᠭᠴᠢ ᠣᠳᠠᠭᠠᠨ ᠤ ᠮᠠᠯᠴᠢᠨ ᠳᠠᠷᠢᠶ‍ᠠᠴᠢᠨ ᠤ ᠰᠤᠶ‍ᠤᠯ ᠣᠷᠠᠯᠢᠭ ᠤᠨ ᠨᠠᠢ᠌ᠷ ᠲᠤ

ᠦᠯᠵᠡᠢ᠌᠌ᠮᠦ᠋ᠷᠡᠨ ᠦᠶᠡᠯᠵᠠᠨ ᠣᠷᠤᠰᠤᠨ᠎ᠠ

ᠥᠯᠢᠭᠡᠷ ᠳᠤᠮᠤᠭ ᠶᠢᠡᠷ ᠭᠡᠭᠡᠯᠵᠡᠨ ᠣᠷᠤᠰᠤᠨ᠎ᠠ

ᠦᠨᠳᠦᠰᠦᠳᠠᠨ ᠤ ᠪᠠᠭᠠᠳᠤᠷ ᠭᠠᠳᠠ ᠮᠠᠢ᠌᠌ᠷᠠᠨ ᠤ

ᠥᠷᠡᠭ᠍ᠳᠡᠭ᠍ᠰᠡᠨ ᠳᠤᠬᠤᠢ᠌ ᠪᠠᠷ ᠣᠭᠢᠯᠠᠨ ᠣᠷᠤᠰᠤᠨ᠎ᠠ᠃

ᠦᠯᠵᠡᠢ᠌᠌ᠮᠦ᠋ᠷᠡᠨ ᠮᠢᠷᠠᠯᠵᠠᠨ ᠣᠷᠤᠰᠤᠨ᠎ᠠ

ᠥᠯᠢᠭᠡᠷ ᠬᠤᠯᠪᠣᠭ᠎ᠠ ᠪᠠᠷ ᠭᠦᠩᠭᠢᠨᠡᠨ ᠣᠷᠤᠰᠤᠨ᠎ᠠ ᠂

ᠳᠠᠭᠤᠤᠷᠢᠯᠢ᠌ᠬ ᠤᠨ ᠳᠠᠷᠬᠠᠨ ᠮᠤᠤᠦ᠌ᠭᠢᠨ ᠤ

《 ᠳᠠᠮᠤᠷ ᠪᠣᠬ᠎ᠠ 》 ᠪᠠᠷ ᠮᠥᠭᠡᠷᠡᠨ ᠣᠷᠤᠰᠤᠨ᠎ᠠ᠃

ᠦᠯᠵᠡᠢ᠌᠌ᠮᠦ᠋ᠷᠡᠨ ᠢ᠌ᠷᠠᠯᠵᠠᠨ ᠣᠷᠤᠰᠤᠨ᠎ᠠ

ᠦᠨᠡᠳᠤ ᠰᠤᠶᠤᠯ ᠶᠢᠡᠷ ᠭᠢᠯᠠᠯᠵᠠᠨ ᠣᠷᠤᠰᠤᠨ᠎ᠠ

ᠣᠳᠤᠮᠳᠤ ᠮᠤᠩᠭ᠋ᠤᠯ ᠤᠨ ᠣᠬᠠᠭ᠎ᠠ ᠳᠠᠮᠢᠷ ᠶᠢᠡᠷ

ᠠᠭᠤᠳᠠᠮ ᠳᠠᠯ᠎ᠠ ᠪᠠᠷ ᠳᠠᠶᠠᠯᠵᠠᠨ ᠣᠷᠤᠰᠤᠨ᠎ᠠ ᠃

ᠦᠯᠵᠡᠢ᠌᠌ᠮᠦ᠋ᠷᠡᠨ ᠪᠦᠵᠢᠭ᠍ᠯᠡᠨ ᠣᠷᠤᠰᠤᠨ᠎ᠠ

ᠣᠶᠠᠩᠭ᠋᠎ᠠ ᠰᠢᠯᠦᠭ᠌ ᠲᠡᠶ ᠳᠠᠭᠤᠯᠠᠨ ᠣᠷᠤᠰᠤᠨ᠎ᠠ

ᠣᠷᠠᠯᠢᠭ ᠤᠨ ᠨᠠᠢ᠌᠌ᠷ ᠤᠨ ᠡᠭᠡᠰᠢᠭ᠌ ᠢ ᠭᠦᠭ᠍ᠯᠡᠵᠤ

ᠠᠭᠤᠯᠠ ᠬᠠᠩᠭ᠋ᠠᠢ᠌ ᠪᠠᠷ ᠳᠤᠪᠳᠤᠯᠤᠨ ᠣᠷᠤᠰᠤᠨ᠎ᠠ᠃

ᠦᠯᠵᠡᠢ᠌᠌ᠮᠦ᠋ᠷᠡᠨ ᠨᠠᠮᠤᠭᠤᠬᠠᠨ ᠣᠷᠤᠰᠤᠨ᠎ᠠ

ᠥᠯᠦᠭᠡᠢ᠌ ᠲᠡᠶ ᠭᠡᠦᠭᠡᠤᠨ ᠢ ᠪᠦᠪᠠᠢ᠌᠌ᠯᠠᠨ ᠣᠷᠤᠰᠤᠨ᠎ᠠ

ᠦᠯᠵᠡᠢ᠌᠌ᠮᠦ᠋ᠷᠡᠨ ᠳᠤᠯᠭᠢᠨ ᠣᠷᠤᠰᠤᠨ᠎ᠠ

ᠦᠰᠢᠶ᠎ᠠ ᠲᠡᠶ ᠭᠦᠮᠤᠨ ᠢ ᠵᠢᠪᠪᠦᠭᠦᠯᠤᠨ ᠣᠷᠤᠰᠤᠨ᠎ᠠ᠃

ᠦᠯᠵᠡᠢ᠌᠌ᠮᠦ᠋ᠷᠡᠨ ᠮᠤᠷᠤᠢ᠌ ᠣᠷᠤᠰᠤᠨ᠎ᠠ

ᠦᠨᠡᠨ ᠢ ᠵᠤᠷᠢᠭᠠᠤᠨ ᠠᠰᠬᠠᠨ ᠣᠷᠤᠰᠤᠨ᠎ᠠ

ᠡᠳᠦᠷ ᠣᠷᠤᠰᠤᠨ᠎ᠠ ᠦᠳᠡᠰᠢ᠌ ᠣᠷᠤᠰᠤᠨ᠎ᠠ

ᠦᠨᠦᠳᠤᠷ ᠣᠷᠤᠰᠤᠨ᠎ᠠ ᠢ᠌ᠷᠡᠭᠡᠳᠦᠢ᠌ ᠣᠷᠤᠰᠤᠨ᠎ᠠ ᠃

ᠦᠯᠵᠡᠢ᠌᠌ᠮᠦ᠋ᠷᠡᠨ ᠊᠊᠊᠊᠊᠊᠊᠊᠊᠊

ᠡᠩᠭᠡ ᠳᠠᠢ᠌᠌ᠪᠣᠩ ᠤᠨ ᠴᠠᠭᠠᠨ ᠮᠦᠷᠠᠨ

ᠡᠷᠭᠡ ᠵᠢᠷᠭᠠᠯ ᠤᠨ ᠣᠯᠠᠭᠠᠨ ᠮᠦᠷᠠᠨ

ᠡᠭᠡ ᠪᠠᠢ᠌᠌ᠭᠠᠯᠢ᠌ ᠶᠢᠨ ᠰᠦᠨ ᠮᠦᠷᠠᠨ

ᠡᠷᠡᠨ ᠵᠠᠭᠤᠨ ᠤ ᠨᠤᠭᠤᠭᠠᠨ ᠮᠦᠷᠠᠨ

ᠦᠯᠵᠡᠢ᠌᠌ᠮᠦ᠋ᠷᠡᠨ ᠊᠊᠊᠊᠊᠊᠊᠊᠊᠊

ᠣᠶᠠᠩᠭ᠋᠎ᠠ ᠶᠢᠨ ᠨᠤᠭᠤᠯᠤᠭ᠎ᠠ ᠲᠡᠶ ᠮᠤᠩᠭ᠋ᠤᠯ ᠮᠦᠷᠠᠨ

ᠰᠤᠯᠤᠩᠭ᠋᠎ᠠ ᠶᠢᠨ ᠭᠦᠭᠦᠷᠭᠡ ᠲᠡᠶ ᠮᠢᠨᠤ ᠮᠦᠷᠠᠨ

ᠳᠠᠶᠤᠩᠭ᠋᠎ᠠ ᠶᠢᠨ ᠵᠢᠭᠦᠷ ᠲᠡᠶ ᠭᠠᠵᠠᠷ ᠤᠨ ᠮᠦᠷᠠᠨ

ᠠᠶᠤᠩᠭ᠋᠎ᠠ ᠶᠢᠨ ᠴᠤᠤᠷᠢᠶ᠎ᠠ ᠲᠡᠶ ᠳᠡᠭ᠍ᠷᠢ᠌ ᠶᠢᠨ ᠮᠦᠷᠠᠨ ᠁


ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 2723
ᠴᠠᠭ᠄ 2007 ᠤᠨ ᠤ 03 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ