☆ ᠪᠠᠶᠠᠭᠤᠳ ᠳᠡᠭᠦᠦᠵᠢᠶᠠᠭᠠ
ᠮᠥᠩᠭᠡᠷᠡᠵᠤ ᠶᠠᠪᠣᠨ᠎ᠠ
《ᠪᠣᠷᠬᠠᠨ ᠰᠡᠳᠭᠢᠯᠳᠤ ᠡᠵᠢ 》
ᠪᠣᠳᠤᠯᠭᠠᠨ ᠤ ᠭᠦᠰᠢᠭᠡᠨ ᠳᠤ ᠡᠵᠢ ᠶᠢ ᠮᠢᠨᠢ ᠳᠤᠳᠤᠷᠠᠭᠤᠯᠤᠨᠠ᠂
ᠪᠣᠷᠵᠢᠭᠢᠨ ᠤ ᠬᠣᠢ᠌ᠴᠢᠰ ᠳᠡᠭ᠍ᠷᠢ ᠶᠢᠨ ᠮᠢᠨᠢ ᠬᠤᠭᠤᠯᠠᠢ
ᠪᠦᠮᠪᠦᠷᠢᠭᠦᠯᠤᠨ ᠪᠦᠮᠪᠦᠷᠢᠭᠦᠯᠤᠨ ᠨᠢᠯᠪᠣᠰᠤ ᠶᠢ ᠣᠷᠤᠰᠤᠭᠤᠯᠤᠨᠠ᠃
ᠪᠣᠭᠤᠷᠤᠯ ᠬᠤᠷᠸ᠎ᠠ ᠳᠤ ᠡᠵᠢ ᠭᠦᠮᠤᠨ ᠮᠥᠩᠭᠡᠷᠡᠭᠦ ᠥᠭᠡᠢ
ᠪᠣᠰᠢᠭᠤᠬᠠᠨ ᠵᠠᠪᠳᠤᠵᠤ ᠠᠴᠢᠯᠠᠵᠤ ᠶᠠᠪᠣᠶ᠎ᠠ ᠡᠵᠢ ᠶᠢ ᠪᠠᠨ᠃
ᠨᠠᠰᠤᠨ ᠳᠤ ᠪᠠᠨ ᠰᠤᠨᠤᠰᠤᠭᠠᠤᠨ ᠬᠠᠨᠤᠰᠢ ᠦᠭᠡᠶ ᠡᠨᠡ ᠳᠠᠭᠤᠨ ᠤ ᠥᠭᠡ
ᠨᠠᠮᠤᠷ ᠤᠨ ᠨᠠᠮᠤᠷ ᠲᠤ ᠪᠠᠨ ᠴᠡᠯᠭᠡᠷᠡᠵᠤ ᠶᠠᠪᠣᠨ᠎ᠠ᠂
ᠨᠠᠮᠵᠢᠭᠤᠨ ᠰᠡᠳᠭᠢᠯ ᠢ ᠮᠢᠨᠢ ᠣᠶᠠᠰᠬᠠᠭᠰᠠᠨ ᠡᠨᠡ ᠠᠶᠠᠰ
ᠨᠠᠷᠠᠯᠠᠭ ᠬᠤᠷᠸ᠎ᠠ ᠳᠤ ᠮᠥᠩᠭᠡᠷᠡᠵᠤ ᠶᠠᠪᠣᠨ᠎ᠠ᠃
《ᠵᠢᠷᠦᠭᠡᠨ ᠤ ᠡᠷᠢᠯ》
ᠵᠡᠭᠦᠳᠤᠨ ᠤ ᠶᠢᠷᠳᠢᠠᠴᠤ ᠳᠤ ᠡᠵᠢ ᠲᠡᠶ ᠮᠢᠨᠢ ᠵᠤᠯᠭᠠᠭᠤᠯᠤᠨ᠎ᠠ᠂
ᠵᠢᠩᠭᠢᠨᠠᠮ᠎ᠠ ᠴᠢᠩᠭᠢᠨᠠᠮ᠎ᠠ ᠰᠠᠷᠵᠢᠮ᠎ᠠ ᠶᠢᠨ ᠮᠢᠨᠢ ᠬᠤᠭᠤᠯᠠᠢ
ᠵᠢᠭ᠍ᠳᠡᠯᠡᠭᠦᠯᠤᠨ ᠵᠢᠭ᠍ᠳᠡᠯᠡᠭᠦᠯᠤᠨ ᠨᠢᠯᠪᠣᠰᠤ ᠶᠢ ᠮᠢᠨᠢ ᠳᠤᠰᠤᠯᠤᠭᠤᠯᠤᠨᠠ᠃
ᠵᠢᠰᠦᠯᠢᠭ᠌ ᠬᠤᠷᠸ᠎ᠠ ᠳᠤ ᠡᠵᠢ ᠭᠦᠮᠤᠨ ᠮᠥᠩᠭᠡᠷᠡᠭᠦ ᠥᠭᠡᠢ
ᠵᠢᠷᠭᠠᠯ ᠡᠳ᠋ᠯᠡᠭᠦᠯᠵᠤ ᠪᠠᠶᠠᠰᠤᠭᠤᠯᠵᠤ ᠶᠠᠪᠣᠶ᠎ᠠ ᠡᠵᠢ ᠶᠢ ᠪᠠᠨ᠂
ᠵᠥᠩᠳᠡᠭᠡᠨ ᠳᠤᠭᠤᠯᠤᠭᠠᠤᠨ ᠬᠠᠨᠤᠰᠢ ᠦᠭᠡᠶ ᠡᠨᠡ ᠳᠠᠭᠤᠨ ᠤ ᠥᠭᠡ
ᠵᠠᠭᠤᠨ ᠡᠷᠢᠨ ᠳᠤ ᠨᠤᠭᠤᠭᠠᠷᠠᠵᠤ ᠶᠠᠪᠣᠨ᠎ᠠ᠂
ᠵᠢᠷᠦᠭᠡ ᠰᠡᠳᠭᠢᠯ ᠢ ᠮᠢᠨᠢ ᠴᠢᠪᠬᠠᠳᠠᠭᠰᠠᠨ ᠡᠨᠡ ᠠᠶᠠᠰ
ᠽᠠᠠᠪᠣᠯᠢᠩ ᠳᠤ ᠮᠥᠩᠭᠡᠷᠡᠵᠤ ᠶᠠᠪᠣᠨ᠎ᠠ᠃
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ ᠳᠡᠭᠦᠦᠵᠢᠶᠠᠭᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ