ᠨᠡᠪᠲᠡᠷᠡᠨ ᠤᠷᠤᠬᠤ
ᠪᠠᠭ᠎ᠠ ᠨᠠᠰᠤᠨ ᠳᠠᠭᠠᠨ ᠪᠢ ᠬᠠᠢ᠌ᠷᠠᠳᠠᠢ
᠊᠊᠊᠊᠊᠊᠊᠊᠊᠊᠊᠊᠊᠊᠊ ᠦᠰᠪᠦᠷᠢ ᠨᠠᠰᠤᠨ ᠤ ᠳᠤᠷᠠᠰᠤᠮᠵᠢ ᠦᠨᠢ ᠮᠥᠩᠭᠡ ᠶᠢᠨ ᠵᠤᠭᠤᠭ

ᠠᠷᠤᠭ ᠡᠭᠦᠷᠴᠤ

ᠠᠷᠭᠠᠯ ᠳᠡᠭᠦᠳᠡᠭ᠌

ᠠᠯᠢᠶᠠᠬᠠᠨ ᠨᠠᠰᠤᠨ ᠳᠠᠭᠠᠨ ᠪᠢ ᠬᠠᠢ᠌ᠷᠠᠳᠠᠢ︕

ᠠᠴᠢᠶᠠᠨ ᠤ ᠳᠡᠷᠭᠡ ᠡᠴᠡ ᠰᠡᠭᠦᠯᠳᠡᠨ ᠴᠠᠷᠠᠭᠠᠯᠠᠵᠤ

ᠠᠢ᠌ᠯ ᠤᠨ ᠠᠪᠣ ᠪᠠᠷ ᠵᠠᠩᠨᠠᠭᠤᠯᠵᠤ ᠶᠠᠪᠣᠭᠰᠠᠨ

ᠠᠯᠳᠠᠷᠠᠢ᠌ᠬᠠᠨ ᠦᠶ᠎ᠡ ᠳᠡᠭᠡᠨ ᠪᠢ ᠬᠠᠢ᠌ᠷᠠᠳᠠᠢ︕


ᠪᠣᠷᠭᠠᠰᠤ ᠵᠠᠢ᠌ᠳᠠᠯᠠᠵᠤ

ᠪᠣᠵᠢᠭᠢᠨᠠᠭᠤᠯᠵᠤ ᠭᠦᠶ‍ᠦᠳᠡᠭ᠌

ᠪᠣᠯᠪᠠᠷᠠᠢ᠌ᠬᠠᠨ ᠨᠠᠰᠤᠨ ᠳᠠᠭᠠᠨ ᠪᠢ ᠬᠠᠢ᠌ᠷᠠᠳᠠᠢ︕

ᠪᠣᠳᠠ ᠳᠠᠷᠠᠯᠠᠵᠤ

ᠪᠣᠳᠤᠯᠭ᠎ᠠ ᠪᠣᠯᠤᠨ ᠭᠡᠪᠳᠡᠳᠡᠭ᠌

ᠪᠣᠷᠤᠭᠵᠢᠭᠤᠬᠠᠨ 《ᠵᠡᠭᠦᠳᠤᠨ》ᠳ᠋ᠡᠭᠡᠨ ᠪᠢ ᠬᠠᠢ᠌ᠷᠠᠳᠠᠢ︕


ᠦᠷᠤᠮ᠎ᠠ 《ᠬᠤᠯᠠᠭᠠᠢ᠌ᠯᠠᠵᠤ》

ᠦᠯ ᠶᠢᠡᠨ ᠳᠠᠷᠤᠳᠠᠭ

ᠥᠰᠪᠦᠷᠢᠭᠡᠨ ᠨᠠᠰᠤᠨ ᠳᠠᠭᠠᠨ ᠪᠢ ᠬᠠᠢ᠌ᠷᠠᠳᠠᠢ︕

ᠡᠳᠦᠷ ᠡᠳᠦᠷ

ᠥᠭᠡᠳᠡᠯᠡᠵᠤ ᠳᠠᠪᠰᠢᠳᠠᠭ

ᠥᠯᠵᠡᠢ᠌ᠳᠡᠢ᠌ᠭᠡᠨ ᠮᠦᠴᠡ ᠳᠡᠭᠡᠨ ᠪᠢ ᠬᠠᠢ᠌ᠷᠠᠳᠠᠢ︕᠁


ᠪᠠᠭ᠎ᠠ ᠨᠠᠰᠤᠨ ᠳᠠᠭᠠᠨ ᠪᠢ ᠬᠠᠢ᠌ᠷᠠᠳᠠᠢ︕

ᠪᠠᠭᠰᠢ ᠪᠠᠷ ᠵᠢᠮᠡᠯᠡᠭᠦᠯᠵᠤ ᠴᠢᠭᠢᠳᠡᠭᠦᠯᠳᠡᠭ᠌

ᠳᠦᠷᠢᠮ ᠦᠭᠡᠶ ᠵᠠᠩ ᠰᠠᠳᠭᠢᠴᠠ ᠳᠡᠭᠡᠨ ᠬᠠᠢ᠌ᠷᠠᠳᠠᠢ︕

《ᠪᠠᠷᠠᠭ᠎ᠠ᠂ ᠳᠡᠷᠭᠡ》 ᠪᠠᠨ ᠡᠪᠳᠡᠯᠡᠵᠤ ᠨᠤᠷᠠᠭᠠᠳᠠᠭ

ᠳᠦᠷᠰᠦ ᠦᠭᠡᠶ ᠣᠢ᠌ᠯᠠ ᠠᠵᠢᠯᠯᠠᠭ᠎ᠠ ᠳᠠᠭᠠᠨ ᠬᠠᠢ᠌ᠷᠠᠳᠠᠢ︕᠁


2010.03.27. ᠬᠦᠬᠡᠬᠤᠲᠠᠨ᠎ᠡ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 03 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ