ᠨᠡᠪᠲᠡᠷᠡᠨ ᠤᠷᠤᠬᠤ
ᠵᠠᠯᠠᠭᠤ ᠨᠠᠰᠤ ᠪᠠᠨ ᠳᠤᠷᠠᠰᠤᠨ᠎ᠠ

ᠵᠠᠯᠠᠭᠤᠰ ᠤᠨ ᠭᠦᠭ᠍ᠵᠢᠯᠳᠦᠭᠦ ᠶᠢ ᠠᠵᠢᠬᠤ ᠪᠦᠷᠢ

ᠵᠢᠷᠭᠠᠯᠳᠠᠢ ᠢᠨᠢᠶᠡᠭᠦ ᠶᠢ ᠨᠢ ᠰᠤᠨᠤᠰᠬᠤ ᠪᠦᠷᠢ

ᠵᠢᠪᠠᠷ ᠰᠢᠭ ᠳᠠᠭᠠᠷᠢᠭᠰᠠᠨ ᠵᠠᠯᠠᠭᠤ ᠨᠠᠰᠤ ᠮᠢᠨᠢ

ᠵᠢᠭᠠᠭᠰᠠᠨ ᠶᠤᠮᠰᠢᠭ ᠥᠵᠡᠭ᠍ᠳᠡᠳᠡᠭ᠌ ᠶᠤᠮ ᠪᠠᠢ᠌ᠨ᠎ᠠ

ᠨᠠᠷᠠ ᠲᠡᠶ ᠡᠳᠦᠷ ᠨᠠᠷᠭᠢᠭᠰᠠᠨ ᠮᠢᠨᠢ

ᠨᠠᠭᠠᠳᠤᠮ ᠠᠬᠠᠳᠤᠭᠠᠤᠨ ᠭᠡᠷᠡᠯᠳᠦᠭ᠍ᠰᠡᠨ ᠮᠢᠨᠢ

ᠰᠠᠷᠠ ᠲᠡᠶ ᠰᠦᠨᠢ ᠪᠠᠷ ᠠᠮᠠᠷᠠᠭᠯᠠᠭᠰᠠᠨ ᠮᠢᠨᠢ

ᠰᠠᠷᠬᠤᠤᠨ ᠭᠡᠳᠦᠷᠡᠭᠡᠤᠨ ᠵᠤᠪᠠᠭᠰᠠᠨ ᠮᠢᠨᠢ

ᠶᠠᠭᠠᠭᠢᠬᠤ ᠶᠢᠨ ᠠᠷᠭ᠎ᠠ ᠦᠭᠡᠶ ᠦᠨᠦᠳᠤᠷ

ᠶᠠᠪᠣᠳᠠᠯ ᠪᠦᠭᠦᠨ ᠮᠢᠨᠢ ᠳᠤᠳᠤᠷᠠᠳᠠᠭ ᠪᠠᠢ᠌ᠨ᠎ᠠ

ᠶᠠᠮᠤᠨ ᠡᠴᠡ ᠪᠠᠭᠤᠯᠭᠠᠭᠰᠠᠨ  ᠪᠢᠴᠢᠭ᠌ ᠰᠢᠭ᠌

ᠶᠠᠪᠣᠵᠤ ᠭᠢᠭ᠍ᠰᠡᠨ ᠢ ᠮᠢᠨᠢ ᠪᠠᠢ᠌ᠴᠠᠭᠠᠳᠠᠭ ᠪᠠᠢ᠌ᠨ᠎ᠠ

ᠭᠦᠮᠤᠨ ᠪᠦᠭᠦᠨ ᠢ ᠭᠦᠭ᠍ᠰᠡᠭᠡᠳᠡᠭ᠌ ᠳᠡᠷᠡᠭᠦ

ᠭᠦᠰᠡᠯ ᠳᠤᠷᠠᠯᠠᠯ ᠤᠨ ᠣᠩᠭ᠋ᠤᠨ ᠨᠠᠰᠤ

ᠭᠡᠦᠭᠡᠤᠨ ᠵᠠᠩ ᠡᠴᠡ ᠮᠢᠨᠢ ᠱᠠᠳᠤ ᠳᠠᠪᠠᠭᠤᠯᠤᠭᠰᠠᠨ

ᠭᠦᠴᠤᠨ ᠶᠡᠭᠡᠳᠡᠢ ᠠᠷᠳᠠᠭ ᠦᠶ᠎ᠡ

ᠳᠠᠭᠢᠵᠤ ᠢᠷᠡᠭ᠍ᠰᠡᠨ ᠰᠢᠭ᠌ ᠡᠳᠦᠢ ᠳᠤ ᠬᠠᠷᠢᠨ

ᠠᠭᠢᠬᠤ ᠨᠠᠰᠤ ᠶᠢ ᠮᠢᠨᠢ ᠳᠡᠩᠰᠡᠭᠦ ᠶᠤᠮ ᠪᠠᠢ᠌ᠨ᠎ᠠ

ᠰᠠᠭᠢᠵᠤ ᠶᠠᠪᠣᠭᠰᠠᠨ ᠶᠤᠰᠤ ᠶᠢ ᠮᠢᠨᠢ

ᠪᠠᠭᠢᠬᠤ ᠳᠤᠰᠤᠮ ᠶᠢᠡᠨ ᠰᠢᠯᠭᠠᠳᠠᠭ ᠶᠤᠮ ᠪᠠᠢ᠌ᠨ᠎ᠠ

ᠭᠡᠭᠡᠷ᠎ᠡ ᠶᠢᠨ ᠭᠦᠢᠯᠡᠰᠤ ᠰᠢᠭ᠌ ᠰᠢᠯᠤᠰᠤ ᠬᠤᠷᠠᠭᠤᠯᠤᠭᠰᠠᠨ

ᠭᠡᠯᠡ ᠣᠭᠢᠶᠠᠭᠰᠠ ᠵᠠᠯᠠᠭᠤ ᠨᠠᠰᠤ

ᠭᠡᠨ ᠨᠢᠭᠡ ᠨᠢ ᠴᠤ ᠳᠠᠷᠠ ᠦᠶ᠎ᠡ ᠳᠡᠭᠡᠨ

ᠭᠡᠪ ᠠᠯᠳᠠᠭᠰᠠᠨ ᠵᠠᠯᠠᠭᠤ ᠨᠠᠰᠤ

ᠣᠴᠢᠷ ᠪᠦᠭᠦᠨ ᠢ ᠠᠰᠬᠠᠨ ᠪᠣᠳᠤᠳᠠᠭ

ᠣᠷᠭ᠎ᠠ ᠶᠢᠨ ᠡᠰᠢ ᠰᠢᠭ᠌ ᠰᠢᠯᠤᠭᠤᠨ ᠨᠠᠰᠤ

ᠣᠯᠤᠰ ᠤᠨ ᠶᠠᠪᠣᠳᠠᠯ ᠳᠤ ᠰᠠᠨᠠᠭ᠎ᠠ ᠪᠣᠯᠬᠤ ᠦᠭᠡᠶ

ᠣᠷᠭᠤᠭ᠎ᠠ ᠮᠤᠳᠤ ᠰᠢᠭ ᠴᠠᠪᠠᠷ ᠨᠠᠰᠤ

ᠳᠤᠷᠠᠯᠠᠭᠰᠠᠨ ᠪᠦᠭᠦᠨ ᠶᠢᠡᠨ ᠠᠮᠢᠠᠴᠢᠯᠠᠵᠤ ᠰᠠᠨᠠᠳᠠᠭ

ᠳᠤᠠᠳᠠᠭᠤᠷ ᠰᠠᠪᠠ ᠰᠢᠭ ᠴᠠᠯᠭᠢᠮᠳᠠᠭᠠᠢ ᠨᠠᠰᠤ

ᠳᠤᠭᠤᠯᠤᠭᠰᠠᠨ ᠶᠠᠪᠣᠭᠰᠠᠨ ᠶᠢᠡᠨ ᠡᠷᠭᠢᠵᠤ ᠬᠠᠷᠠᠳᠠᠭ ᠦᠭᠡᠶ

ᠳᠠᠤᠯᠠᠢ ᠶᠢᠨ ᠪᠦᠵᠦᠩ ᠰᠢᠭ᠌ ᠳᠡᠭ᠍ᠵᠢᠨ ᠨᠠᠰᠤ

ᠪᠣᠯᠬᠤ ᠦᠭᠡᠶ ᠭᠡᠰᠡᠨ ᠢ ᠨᠢ ᠳᠠᠭᠤᠷᠢᠶᠠᠬᠤ ᠳᠤᠷᠠᠳᠠᠢ

ᠪᠣᠯᠴᠢᠮ ᠦᠭᠡᠶ ᠰᠠᠮᠵᠠ ᠰᠢᠭ ᠨᠠᠰᠤ

ᠪᠣᠳᠤᠭᠰᠠᠨ ᠴᠢᠭ᠌ ᠲᠡᠭᠡᠨ ᠭᠠᠷᠤᠭᠠᠤᠨ ᠭᠦᠶ‍ᠦᠳᠡᠭ᠌

ᠪᠣᠷᠪᠢ ᠰᠢᠷᠣᠢ᠌ᠳᠠᠬᠤ ᠦᠭᠡᠶ ᠰᠢᠷᠦᠭᠦᠨ ᠨᠠᠰᠤ

ᠶ‍ᠢᠰᠤ ᠶᠢᠨ ᠭᠤᠤᠯ ᠳᠤ ᠴᠤ ᠪᠠᠩᠵᠠᠯ ᠡᠮᠦᠰᠦᠮᠡᠷ

ᠡᠪᠠᠳᠭᠦ ᠶᠢ ᠮᠡᠳᠡᠭᠦ ᠦᠭᠡᠶ ᠦᠯᠴᠢᠷ ᠨᠠᠰᠤ

ᠬᠠᠯᠠᠭᠤᠨ ᠵᠤᠨ ᠶᠢᠡᠷ ᠴᠤ ᠰᠢᠭᠦᠷ ᠪᠠᠷᠢᠬᠤ ᠦᠭᠡᠶ

ᠬᠠᠷᠠᠯᠠᠬᠤ ᠶᠢ ᠮᠡᠳᠡᠭᠦ ᠦᠭᠡᠶ ᠮᠦᠯᠴᠢᠷ ᠨᠠᠰᠤ

ᠭᠠᠩ ᠳᠠᠬ᠎ᠠ ᠲᠡᠶ ᠱᠠᠬᠠᠢ ᠪᠠᠷ ᠰᠦᠨᠢᠵᠢᠨ

ᠭᠠᠵᠠᠷ ᠢ ᠳᠤᠪᠰᠢᠭᠰᠠᠨ ᠪᠦᠵᠢᠭ᠌ ᠤᠨ ᠨᠠᠰᠤ

ᠭᠠᠯ ᠴᠤᠭ ᠲᠡᠶ ᠬᠠᠢ᠌ᠷ᠎ᠠ ᠶᠢᠨ ᠢᠯᠴᠢ ᠪᠠᠷ

ᠭᠠᠳᠠᠨ᠎ᠠ ᠬᠤᠨᠤᠭᠰᠠᠨ ᠢᠨᠠᠭ ᠤᠨ ᠨᠠᠰᠤ

ᠣᠪᠣᠭᠠᠨ ᠨᠠᠢ᠌ᠷ ᠤᠨ ᠣᠷᠤᠯᠳᠤᠭᠠᠨ ᠮᠤᠷᠢ ᠰᠢᠭ

ᠣᠷᠤᠨ ᠳᠠᠭᠠᠨ ᠳᠤᠭᠳᠠᠬᠤ ᠦᠭᠡᠶ ᠭᠡᠢ᠌ᠷᠡᠭᠡᠤ ᠨᠠᠰᠤ

ᠤᠶᠤᠨᠪᠢᠯᠢᠭ᠌ ᠤᠨ ᠳᠠᠭᠤᠤ ᠶᠢ ᠰᠤᠨᠤᠰᠤᠭᠠᠤᠨ

ᠣᠢ᠌ᠴᠢᠵᠤ ᠶᠠᠪᠣᠭᠰᠠᠨ ᠱᠥᠭᠦᠷᠭᠡᠢ ᠨᠠᠰᠤ

ᠭᠡᠪᠠᠢ  ᠭᠡᠦᠭᠡᠨ ᠤ ᠭᠡᠵᠢᠭᠡᠨ ᠪᠣᠭᠤᠯᠳᠠ ᠰᠢᠭ

ᠭᠡᠭᠡᠭᠡᠤᠨ ᠶᠠᠪᠣᠭᠰᠠᠨ ᠵᠠᠯᠠᠭᠤ ᠨᠠᠰᠤ ᠮᠢᠨᠢ

ᠭᠡᠭᠦ ᠮᠠᠳᠤ ᠭᠡᠵᠤ ᠵᠢᠱᠢᠶ᠎ᠠ ᠥᠵᠡᠭᠦᠯᠵᠤ

ᠭᠡᠳᠡᠭᠡᠯᠡᠭᠡᠤᠨ ᠶᠠᠪᠣᠭᠰᠠᠨ ᠵᠠᠯᠠᠭᠤ ᠨᠠᠰᠤ ᠮᠢᠨᠢ

ᠦᠨᠡᠳᠤ ᠠᠷᠢᠭᠢᠨ ᠪᠦᠭᠯᠡᠭᠡ ᠠᠪᠣᠭᠰᠠᠨ ᠰᠢᠭ

ᠥᠨᠦᠰᠳᠡᠭᠡᠤᠨ ᠢᠷᠡᠭ᠍ᠰᠡᠨ ᠵᠠᠯᠠᠭᠤ ᠨᠠᠰᠤ ᠮᠢᠨᠢ

ᠦᠨᠡᠨ ᠠᠮᠳᠠ ᠶᠢ ᠨᠢ ᠣᠯᠬᠤ ᠡᠴᠡ ᠡᠮᠦᠨ᠎ᠡ

ᠦᠭᠡᠶ ᠪᠣᠯᠤᠭᠰᠠᠨ ᠵᠠᠯᠠᠭᠤ ᠨᠠᠰᠤ ᠮᠢᠨᠢ

ᠥᠵᠡᠭᠦ ᠨᠤᠮ ᠤᠨ ᠡᠮᠦᠨᠡᠭᠢ ᠳᠤᠪᠴᠢ ᠰᠢᠭ

ᠥᠭᠦᠯᠡᠪᠦᠷᠢ ᠰᠢᠭ᠌ ᠯᠠ ᠵᠠᠯᠠᠭᠤ ᠨᠠᠰᠤ ᠮᠢᠨᠢ

ᠥᠤᠷ ᠶᠢᠡᠷ ᠵᠡᠭᠦᠳᠦᠯᠡᠭ᠍ᠰᠡᠨ ᠠᠮᠳᠠᠳᠤ ᠵᠡᠭᠦᠳᠤ ᠰᠢᠭ᠌

ᠥᠷᠭᠦᠭᠡᠤᠨ ᠶᠠᠪᠣᠭᠰᠠᠨ ᠵᠠᠯᠠᠭᠤ ᠨᠠᠰᠤ ᠮᠢᠨᠢ

ᠣᠴᠢ ᠥᠰᠦᠷᠭᠡᠨ ᠨᠤᠴᠤᠵᠤ ᠪᠠᠢ᠌ᠭᠠᠤᠨ

ᠣᠳᠤᠭ᠎ᠠ ᠰᠢᠭ ᠵᠠᠮᠬᠠᠷᠠᠭᠰᠠᠨ  ᠵᠠᠯᠠᠭᠤ ᠨᠠᠰᠤ ᠮᠢᠨᠢ

ᠣᠢ᠌ᠯ ᠳᠠᠳᠠᠨ ᠡᠷᠭᠢᠯᠳᠦᠵᠤ ᠠᠪᠣᠭᠠᠤᠨ

ᠠᠭᠤᠷ ᠰᠢᠭ ᠰᠠᠷᠨᠢᠭᠰᠠᠨ ᠵᠠᠯᠠᠭᠤ ᠨᠠᠰᠤ ᠮᠢᠨᠢ

ᠭᠦᠭ᠌ ᠨᠡᠢ᠌ᠯᠡᠭ᠍ᠰᠡᠨ ᠭᠦᠭ᠍ᠵᠢᠮ ᠶᠤᠮᠰᠢᠭ

ᠭᠦᠭᠡᠷᠦᠵᠤ ᠯᠠ ᠶᠠᠪᠣᠭᠰᠠᠨ ᠵᠠᠯᠠᠭᠤ ᠨᠠᠰᠤ ᠮᠢᠨᠢ

ᠭᠦᠷᠦᠰᠤ ᠳᠠᠷᠤᠭᠰᠠᠨ ᠴᠠᠰᠤ ᠯᠠ ᠶᠤᠰᠢᠭ

ᠬᠠᠢ᠌ᠯᠤᠭᠠᠤᠨ ᠶᠠᠪᠣᠭᠰᠠᠨ ᠵᠠᠯᠠᠭᠤ ᠨᠠᠰᠤ ᠮᠢᠨᠢ

ᠴᠡᠴᠡᠭ᠌ ᠡᠷᠭᠢᠮ᠎ᠡ ᠰᠠᠢ᠌ᠬᠠᠨ ᠵᠢᠰᠤᠨ ᠳᠤ

ᠴᠡᠭᠡᠷ ᠠᠯᠳᠠᠨ ᠬᠤᠷᠭᠤᠳᠠᠭ᠎ᠠ ᠦᠭᠡᠶ

ᠴᠡᠩᠭᠡᠯ ᠤᠨ ᠳᠠᠭᠤᠨ᠂ ᠪᠠᠶᠠᠷ ᠤᠨ ᠬᠤᠠᠳᠠᠭ᠎ᠠ ᠳᠤ

ᠴᠢᠨᠤᠷᠠᠵᠤ ᠣᠯᠠᠢ᠌ᠨ ᠰᠤᠭᠳᠤᠭᠤᠷᠠᠭ᠎ᠠ ᠦᠭᠡᠶ

ᠣᠷᠤᠰᠬᠠᠯ ᠳᠠᠭᠠᠭᠰᠠᠨ ᠬᠤᠪᠴᠠᠰᠤ ᠵᠠᠰᠠᠯ ᠤᠨ

ᠣᠷᠬᠠᠨ ᠳᠤ ᠣᠨᠠᠵᠤ ᠣᠶᠠᠭᠳᠠᠭ᠎ᠠ ᠦᠭᠡᠶ

ᠣᠯᠤᠰ ᠤᠨ ᠦᠭ‍ᠭᠦᠭ᠍ᠰᠡᠨ ᠡᠪᠯᠡᠯ ᠤᠨ ᠰᠦᠯᠳᠡ ᠳᠤ

ᠣᠷᠠᠢ ᠬᠠᠰᠭᠢᠷᠤᠨ ᠴᠢᠷᠦᠭ᠍ᠳᠡᠭᠡ ᠦᠭᠡᠶ

ᠪᠦᠭ‍ᠬᠦᠵᠤ ᠪᠠᠢ᠌ᠭᠰᠠᠨ ᠣᠯᠠᠨ ᠰᠠᠭᠠᠤᠨ ᠲᠤ

ᠭᠦᠯ ᠠᠯᠳᠠᠵᠤ ᠣᠢ᠌ᠴᠢᠭ᠎ᠠ ᠦᠭᠡᠶ

ᠪᠦᠰᠡᠯᠡᠵᠤ ᠢᠷᠡᠭ᠍ᠰᠡᠨ ᠢᠷᠭᠡᠨ ᠰᠤᠶᠤᠯ ᠳᠤ

ᠭᠡᠯᠡ ᠠᠯᠳᠠᠵᠤ ᠠᠭᠤᠰᠤᠭ᠎ᠠ ᠦᠭᠡᠶ

ᠣᠳᠬᠤ ᠶᠤᠰᠤᠳᠠᠢ ᠵᠠᠯᠠᠭᠤ ᠨᠠᠰᠤ ᠮᠢᠨᠢ

ᠣᠯᠪᠣᠭ ᠣᠷᠭᠢᠨ ᠵᠠᠢ᠌ᠯᠠᠭᠰᠠᠨ ᠶᠤᠮ ᠪᠠᠢ᠌ᠨ᠎ᠠ

ᠣᠷᠴᠢᠯᠠᠩ ᠤᠨ ᠵᠢᠮ᠎ᠠ ᠨᠠᠮ᠎ᠠ ᠶᠢ ᠮᠦᠨ

ᠣᠰᠤᠯᠳᠠᠯ ᠦᠭᠡᠶ ᠳᠠᠭᠠᠷᠢᠭᠰᠠᠨ ᠶᠤᠮ ᠪᠠᠢ᠌ᠨ᠎ᠠ

ᠵᠠᠯᠠᠭᠤ ᠨᠠᠰᠤ ᠮᠢᠨᠢ ᠪᠣᠴᠠᠨ ᠣᠬᠤᠷᠢᠵᠤ

ᠵᠢᠭᠠᠯ ᠪᠣᠯᠴᠢᠬᠠᠬᠤ ᠳᠤ ᠪᠢ ᠳᠤᠷ᠎ᠠ ᠦᠭᠡᠶ

ᠵᠢᠭᠠᠬᠠᠨ ᠳᠡᠭᠡᠭ᠍ᠰᠢ ᠪᠠᠨ ᠥᠭ᠍ᠰᠦᠵᠤ ᠶᠠᠪᠣᠭᠠᠤᠨ

ᠵᠠᠭ ᠭᠡᠭᠦ ᠳ᠋ᠤᠨᠢ ᠪᠠᠰᠠ ᠳᠤᠷ᠎ᠠ ᠦᠭᠡᠶ

ᠭᠡᠳᠡᠯ᠎ᠡ ᠶᠠᠷᠤᠨᠢ ᠵᠠᠯᠠᠭᠤ ᠨᠠᠰᠤ ᠮᠢᠨᠢ

ᠭᠡᠨᠡᠳᠲᠡ ᠮᠡᠳᠡᠭᠦ ᠳᠤ ᠠᠯᠠᠭ᠎ᠠ ᠪᠠᠢ᠌ᠨ᠎ᠠ

ᠭᠡᠵᠢᠭᠡ ᠠᠯᠠᠭᠰᠢᠭᠰᠠᠨ ᠡᠪᠦᠭᠡᠨ ᠢ ᠣᠷᠭᠢᠭᠠᠤᠨ

ᠭᠡᠮ ᠦᠭᠡᠶ ᠶᠠᠪᠣᠵᠤ ᠠᠷᠢᠯᠤᠭᠰᠠᠨ ᠪᠠᠢ᠌ᠨ᠎ᠠ

ᠠᠶ᠎ᠠ ᠮᠢᠨᠤ ᠵᠠᠯᠠᠭᠤ ᠨᠠᠰᠤ ᠮᠢᠨᠢ

ᠠᠯᠠᠭ ᠦᠭᠡᠶ ᠭᠡᠨᠡᠨ ᠨᠠᠰᠤ ᠮᠢᠨᠢ

ᠠᠷᠤ ᠳᠤ ᠪᠣᠢ ᠦᠦ ᠡᠮᠦᠨ᠎ᠡ ᠪᠣᠢ ᠦᠦ

ᠠᠷᠢᠭᠢᠨ ᠳᠤ ᠪᠣᠢ ᠤᠤ ᠲ᠋ᠠᠮᠠᠭᠢᠨ ᠳᠤ ᠪᠣᠢ ᠦᠦ︖

ᠠᠭᠠᠰᠢ ᠮᠠᠭᠤᠳᠠᠢ ᠭᠡᠤᠨ ᠥᠪᠠᠷᠳᠡᠭᠡᠨ ᠴᠢ

ᠠᠶᠠᠷᠯᠠᠭᠠᠤᠨ ᠨᠠᠳᠠ ᠡᠴᠡ ᠰᠠᠯᠤᠭᠰᠠᠨ ᠭᠡᠵᠤ ᠦᠦ︖

ᠪᠠᠭᠠᠰᠢ ᠶᠡᠭᠡᠳᠡᠢ ᠭᠡᠤᠨ ᠪᠣᠷᠬᠠᠨ ᠪᠠᠭᠰᠢ

ᠪᠠᠯᠯᠠᠭᠠᠤᠨ ᠨᠠᠳᠠ ᠡᠴᠡ ᠬᠠᠶᠠᠭᠰᠠ ᠭᠡᠵᠤ ᠦᠦ︖

ᠵᠠ ᠣᠳᠤ ᠠᠷᠭ᠎ᠠ ᠦᠭᠡᠶ ᠴᠢ

ᠵᠠᠢ᠌ᠳᠠᠭᠠᠤᠨ ᠨᠢᠭᠡᠨᠲᠡ ᠶᠠᠪᠣᠭᠰᠠᠨ ᠶᠤᠮ ᠪᠠᠢ᠌ᠨ᠎ᠠ

ᠵᠠᠶᠠᠭ᠎ᠠ ᠪᠠᠷ ᠪᠣᠯᠬᠤ ᠦᠭᠡᠶ ᠬᠤᠷᠸ᠎ᠠ ᠨᠠᠮ᠎ᠠ ᠶᠢ

ᠵᠠᠬᠠᠰ ᠤᠨ ᠡᠩᠨᠡᠭᠡᠨ ᠳᠤ ᠳᠦᠯᠭᠢᠭ᠍ᠰᠡᠨ ᠶᠤᠮ ᠪᠠᠢ᠌ᠨ᠎ᠠ

ᠨᠠᠷ᠎ᠠ ᠮᠡᠳᠡᠭᠦᠯᠭᠦ ᠰᠥᠢᠦᠡᠭᠡᠯ ᠢ ᠭᠦᠷᠳᠡᠯ᠎ᠡ

ᠨᠢᠭᠡᠨᠲᠡ ᠳᠠᠳᠠ ᠳᠤᠰᠢᠶᠠᠭᠰᠠᠨ ᠶᠤᠮ ᠪᠠᠢ᠌ᠨ᠎ᠠ

ᠡᠷ᠎ᠡ ᠪᠠᠶ᠎ᠠ ᠶᠢᠨ ᠮᠢᠨᠢ ᠳᠠᠮᠢᠷ ᠢ ᠬᠠᠷᠢᠨ

ᠡᠷᠭᠢᠭᠦᠯᠦᠭᠡᠤᠨ ᠣᠷᠤᠨ ᠳ᠋ᠤᠨᠢ ᠠᠪᠣᠭᠰᠠᠨ ᠶᠤᠮ ᠪᠠᠢ᠌ᠨ᠎ᠠ᠃

ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3241
ᠴᠠᠭ᠄ 2008 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ