☆ ᠤᠯᠠᠭᠠᠨᠭᠡᠷᠡᠯ
ᠳᠡᠮᠡᠭᠡ
ᠳᠠᠯ᠎ᠠ ᠶᠢᠨ ᠣᠷᠳᠤ ᠠᠶᠠᠨ ᠢ
ᠪᠦᠭᠡᠯᠡᠨ ᠪᠠᠢ᠌ᠵᠤ ᠲ᠋ᠤᠪᠴᠢᠯᠠᠳᠠᠭ ᠳᠡᠮᠡᠭᠡ
ᠳᠠᠷᠭᠤᠨ ᠨᠠᠮᠤᠷ ᠤᠨ ᠰᠦᠷ ᠢ
ᠪᠦᠭᠦᠨ ᠳᠡᠭᠡᠷ᠎ᠡ ᠪᠠᠨ ᠰᠡᠭ᠍ᠰᠡᠷᠡᠳᠡᠭ᠌ ᠳᠡᠮᠡᠭᠡ
ᠳᠠᠰᠤᠮ ᠠᠳᠠᠯᠢ ᠰᠠᠯᠠ ᠶᠢ
ᠳᠠᠪᠠᠭ ᠶᠢᠡᠷ ᠶᠢᠡᠨ ᠳᠤᠭᠤᠯᠳᠠᠭ ᠳᠡᠮᠡᠭᠡ
ᠳᠠᠴᠢᠷ ᠴᠦᠯ ᠭᠤᠪᠢ ᠳᠤ
ᠳᠠᠭᠠᠳᠠᠢ᠌ᠬᠠᠨ ᠪᠠᠢ᠌ᠷᠰᠢᠳᠠᠭ ᠳᠡᠮᠡᠭᠡ
ᠳᠠᠰᠭᠢ ᠪᠣᠳᠠ ᠬᠠᠳᠠᠭᠤ ᠪᠦᠭᠦᠨ ᠢ
ᠬᠠᠳᠠᠷᠢᠭᠠᠤᠨ ᠢᠳᠡᠰᠢᠯᠡᠳᠡᠭ᠌ ᠳᠡᠮᠡᠭᠡ
ᠳᠠᠩ ᠬᠤᠮ ᠠᠴᠢᠶᠠᠨ ᠳᠠᠭᠠᠨ
ᠬᠠᠰᠢᠷ ᠵᠢᠦᠡᠭᠦᠳᠡᠭ᠌ ᠳᠡᠮᠡᠭᠡ
ᠲᠦᠮᠡᠨ ᠣᠨ ᠤ ᠬᠠᠷᠠᠭᠠᠨ ᠳᠤ
ᠵᠢᠩ ᠤᠨ ᠴᠤᠪᠤᠭ᠎ᠠ ᠲ᠋ᠡᠦᠭᠡᠯᠡᠭ᠍ᠰᠡᠨ ᠳᠡᠮᠡᠭᠡ
ᠲᠦᠷᠦ ᠬᠤᠪᠢᠷᠠᠭᠰᠠᠨ ᠦᠨᠦᠳᠤᠷ
ᠵᠢᠩ ᠳᠡᠭᠡᠷ᠎ᠡ ᠳᠠᠳᠠᠭᠤᠯᠤᠭᠰᠠᠨ ᠳᠡᠮᠡᠭᠡ
ᠬᠤᠨᠢᠴᠢᠨ ᠠᠪᠣ ᠶᠢᠨ ᠦᠶ᠎ᠡ ᠳᠤ
ᠳᠦᠰᠢᠭ᠌ ᠭᠡᠰᠢᠭ᠌ ᠶᠡᠭᠡᠳᠡᠢ ᠳᠡᠮᠡᠭᠡ
ᠬᠤᠨᠢ ᠪᠠᠨ ᠳᠠᠭᠠᠭᠠᠴᠢᠯᠠᠭᠤᠯᠤᠭᠰᠠᠨ ᠦᠨᠦᠳᠤᠷ
ᠳᠡᠷᠭᠡ ᠮᠤᠲ᠋ᠤᠷ ᠶᠢᠡᠷ ᠰᠤᠯᠢᠭᠳᠠᠭᠰᠠᠨ ᠳᠡᠮᠡᠭᠡ
ᠠᠷᠪᠠᠨ ᠬᠤᠶᠠᠷ ᠵᠢᠯ ᠢ
ᠪᠠᠶ᠎ᠠ ᠳᠡᠭᠡᠨ ᠬᠠᠳᠠᠭᠠᠯᠠᠭᠰᠠᠨ ᠳᠡᠮᠡᠭᠡ
ᠠᠯᠠᠭ ᠬᠤᠷᠸ᠎ᠠ ᠡᠴᠡ ᠠᠶᠠᠯᠠᠭᠰᠠᠤᠨ ᠢ
ᠪᠠᠶ᠎ᠠ ᠪᠠᠷ ᠶᠢᠡᠨ ᠡᠭᠦᠷᠴᠤ ᠵᠠᠯᠠᠭᠰᠠᠨ ᠳᠡᠮᠡᠭᠡ
ᠭᠢᠯᠭᠠᠰᠤ ᠭᠦᠷᠡᠩ ᠵᠤᠭᠳᠤᠷ ᠶᠢᠡᠷ
ᠠᠪᠣ ᠳᠡᠭᠡᠰᠤ ᠡᠷᠴᠢᠯᠡᠳᠡᠭ᠌ ᠳᠡᠮᠡᠭᠡ
ᠭᠦᠪᠭᠦᠷ ᠭᠦᠷᠡᠩ ᠨᠤᠤᠰᠤ ᠪᠠᠷ ᠨᠢ
ᠡᠵᠢ ᠦᠷ᠎ᠡ ᠪᠠᠨ ᠳᠤᠯᠠᠭᠠᠯᠠᠳᠠᠭ ᠳᠡᠮᠡᠭᠡ
ᠢᠩᠭᠡ ᠪᠣᠳᠤᠭᠤᠨ ᠤ ᠪᠣᠢ᠌ᠯᠠᠭᠠᠨ ᠳᠤ
ᠪᠦᠳᠤᠨ ᠬᠤᠷᠸ᠎ᠠ ᠣᠶᠠᠰᠳᠠᠭ ᠳᠡᠮᠡᠭᠡ
ᠢᠰᠡᠭᠡᠢ ᠳᠤᠭᠤᠷᠭᠠᠳᠠᠨ ᠤ ᠨᠡᠭᠦᠳᠡᠯ ᠳᠤ
ᠪᠣᠶᠠᠨ ᠵᠠᠶᠠᠭ᠎ᠠ ᠳᠡᠯᠡᠭᠦ ᠳᠡᠮᠡᠭᠡ᠃
ᠵᠤᠬᠢᠶᠠᠭᠴᠢ᠄ ᠤᠯᠠᠭᠠᠨᠭᠡᠷᠡᠯ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄
ᠰᠢᠯᠦᠭᠳᠠᠷᠤᠮ᠄ 5125
ᠴᠠᠭ᠄ 2008 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ