ᠨᠡᠪᠲᠡᠷᠡᠨ ᠤᠷᠤᠬᠤ
ᠨᠤᠳᠤᠭ ᠤᠨ ᠳᠦᠡᠳᠦᠭᠡᠷ ᠥᠭᠡᠭᠦᠨ ᠴᠢᠯᠠᠭᠤ

ᠨᠢᠰᠤᠩᠬᠠᠢ ᠪᠠᠯᠴᠢᠷ ᠦᠶ᠎ᠡ ᠡᠴᠠ ᠨᠤᠳᠤᠭ ᠤᠨ ᠭᠡᠭᠡᠷ᠎ᠡ ᠳᠠᠯ᠎ᠠ ᠪᠠᠷ ᠬᠠᠶᠠ ᠨᠢᠭᠡ ᠭᠡᠯᠪᠠᠷᠢ ᠨᠢ ᠲᠦᠰᠳᠠᠢ ᠳᠤᠮᠤ ᠪᠠᠭ᠎ᠠ ᠨᠢ ᠠᠳᠠᠯᠢ ᠦᠭᠡᠶ ᠥᠭᠡᠭᠦᠨ ᠴᠢᠯᠠᠭᠤ ᠳᠦᠠᠳᠣᠢ᠌ᠨ ᠴᠠᠢ᠌ᠯᠵᠠᠭᠠᠤᠨ ᠬᠠᠷᠠᠭᠠᠨ ᠳᠤ ᠮᠢᠨᠢ ᠶᠠᠭᠠᠭᠢᠭᠠᠤᠨ ᠴᠤ ᠬᠠᠮᠢᠭ᠎ᠠ ᠬᠤᠯᠠ ᠶᠢᠨ ᠭᠠᠵᠠᠷ ᠡᠴᠠ ᠳᠤᠷᠤᠯᠵᠠᠭᠠᠤᠨ ᠡᠭᠡᠯᠢ ᠳᠤᠯᠭᠠᠨ ᠬᠠᠷᠠᠭᠳᠠᠬᠤ ᠭᠡᠵᠤ ᠭᠡᠴᠡᠭᠦᠤ ᠶ‍ᠦᠮ ᠪᠢᠯᠠ ᠳ᠋ᠠ᠂ ᠨᠠᠷᠠ ᠰᠠᠯᠭᠢᠨ ᠴᠢᠷᠠᠢ᠌ᠴᠢᠯᠠᠭᠰᠠᠨ ᠪᠠᠢ᠌ᠭᠠᠯᠢ ᠶᠢᠨ ᠥᠭ᠍‍ᠭᠢᠶᠡᠮᠦᠷ ᠬᠠᠢ᠌ᠷ᠎ᠠ ᠳᠤ ᠳᠡᠭᠡᠵᠤ ᠯᠠ ᠪᠣᠢ ᠪᠣᠯᠵᠤ ᠦᠰᠳᠡᠭ᠌ ᠡᠴᠠ ᠯᠠ ᠳᠡᠭᠡᠵᠤ ᠪᠠᠢ᠌ᠭᠰᠠᠨ ᠴᠤ ᠪᠢᠯᠢᠤ᠃ ᠨᠤᠳᠤᠭ ᠲᠤ ᠮᠢᠨᠢ ᠤᠢ᠌ᠷ᠎ᠡ ᠳᠤ ᠠᠭᠤᠯᠠ ᠠᠯᠠᠭ᠎ᠠ ᠪᠣᠯᠬᠤᠷ ᠯᠠ ᠨᠤᠭᠤᠭᠠᠨ ᠳᠠᠯ᠎ᠠ ᠶᠢᠨ ᠡᠩᠭᠡᠷ ᠬᠤᠷᠮᠤᠢ ᠳᠤ ᠴᠠᠭᠠᠨ ᠡᠭᠦᠯᠡ ᠭᠡᠮᠡᠷ᠂ ᠳᠠᠯ᠎ᠠ ᠰᠠᠷᠠ ᠳᠡᠭ᠍ᠷᠢ ᠡᠴᠠ ᠪᠠᠭᠤᠪᠠᠤ ᠭᠡᠯᠳᠡᠢ ᠴᠠᠢ᠌ᠯᠵᠠᠨ ᠬᠠᠶᠠ ᠳᠤ ᠪᠠᠨ ᠳᠠᠰᠤᠷᠠᠨ ᠦᠯᠡᠳᠡᠭ᠍ᠰᠡᠨ ᠬᠤᠨᠢ ᠢᠮᠠᠭ᠎ᠠ ᠭᠡᠮᠡᠷ ᠭᠦᠮᠤᠨ ᠳᠤ ᠠᠠᠳᠠᠭᠤ ᠰᠠᠷᠠᠯ ᠦᠭ‍ᠭᠦ ᠶᠢ ᠶᠠᠭᠠᠭᠢᠶ᠎ᠠ ᠭᠡᠭᠦ ᠪᠣᠢ᠃ ᠬᠠᠢ᠌ᠷ᠎ᠠ ᠳᠦᠭᠦᠭᠡᠷᠴᠤ᠂ ᠪᠠᠶ᠎ᠠ ᠪᠠᠨ ᠮᠠᠳᠠᠵᠤ ᠡᠭᠢᠯᠡᠭᠦ ᠪᠠᠷ ᠬᠤᠪᠢᠨ ᠳᠤ ᠮᠢᠨᠢ ᠨᠤᠳᠤᠭ ᠤᠨ ᠴᠢᠯᠡᠭᠤ ᠡᠷᠳᠡᠨᠢ ᠪᠣᠯᠵᠤ ᠴᠠᠢ᠌ᠯᠵᠠᠨ ᠡᠭᠡ ᠪᠠᠢ᠌ᠭᠠᠯᠢ ᠶᠢᠨ ᠢᠨᠢᠶᠠᠳᠤ ᠪᠣᠯᠵᠤ ᠴᠠᠯᠭᠢᠯᠠᠳᠠᠭ ᠪᠣᠯᠵᠤ ᠪᠢᠯᠠ᠃

ᠣᠳᠤ ᠪᠣᠳᠤᠬᠤ ᠳᠤ ᠴᠢᠯᠠᠭᠤ ᠦᠰᠴᠤ ᠯᠠ᠂ ᠪᠢ ᠴᠤ ᠳᠦᠴᠢᠨ ᠤ ᠳᠦᠷᠦᠭᠡ ᠶᠢ ᠰᠢᠭᠦᠷᠦᠭ᠍ᠰᠡᠨ ᠬᠠᠩᠭ᠋ᠠᠯ ᠡᠷ᠎ᠡ ᠶᠢᠨ ᠳᠤᠭ᠎ᠠ ᠳᠤ ᠣᠷᠤᠪᠠ᠃ ᠭᠡᠭᠦ ᠳᠤ ᠪᠠᠨ ᠵᠠᠷᠢᠮ ᠳᠤ ᠪᠠᠨ ᠪᠢ ᠮᠦᠨ ᠴᠤ ᠴᠢᠯᠠᠭᠤ ᠪᠢᠳᠠ ᠬᠤᠶᠠᠷ ᠭᠡᠵᠤ ᠪᠦᠷ ᠡᠭᠡ ᠪᠠᠢ᠌ᠭᠠᠯᠢ ᠶᠢᠨ ᠶᠢᠡᠨ ᠳᠦᠷᠤᠳᠠᠰᠤ᠂ ᠡᠭᠡᠯᠢᠳᠤ ᠨᠤᠳᠤᠭ ᠶᠢᠡᠨ ᠵᠤᠯᠵᠠᠭ᠎ᠠ ᠭᠡᠭᠦ ᠪᠣᠳᠤᠯ ᠣᠷᠤᠬᠤ ᠶᠤᠮ᠃ ᠴᠠᠰᠤ ᠴᠠᠭᠠᠨ ᠡᠪᠦᠯ ᠤᠨ ᠰᠢᠭᠤᠷᠭ᠎ᠠ᠂ ᠪᠦᠭ᠍ᠴᠢᠮ᠎ᠡ ᠬᠠᠯᠠᠭᠤᠨ ᠵᠤᠨ ᠤ ᠡᠳᠦᠷ᠂ ᠪᠤᠯᠵᠦᠮᠦᠷ ᠰᠢᠪᠠᠭᠤᠨ ᠤ ᠣᠶᠠᠩᠭ᠋ᠠᠨ ᠵᠢᠷᠭᠢᠶᠠᠨ᠂ ᠠᠭᠠᠳᠠᠷ ᠪᠣᠷᠤᠭᠠᠨ ᠤ ᠴᠢᠳᠬᠤᠯᠤᠮ᠎ᠠ ᠥᠶᠡᠷᠯᠡᠯ᠂ ᠪᠦᠷᠭᠦᠭ᠌ ᠰᠦᠨᠢ ᠣᠳᠤᠳ ᠤᠨ ᠳᠤᠷᠮᠤᠯᠵᠭᠠᠨ ᠁ ᠡᠨᠡ ᠪᠦᠭᠦᠨ ᠪᠦᠷ ᠳᠠᠨ ᠤ ᠠᠮᠢ ᠨᠠᠰᠤᠨ ᠤ ᠭᠡᠷᠡᠴᠢ ᠢᠮ᠂ ᠠᠯᠳᠠᠨ ᠭᠡᠪᠳᠡᠷᠢ ᠶᠢᠨ ᠴᠢᠨᠢ ᠰᠦᠨ ᠢᠷᠦᠭᠡᠯ ᠪᠣᠯᠵᠤ ᠬᠤᠴᠤᠷᠬᠤ ᠳᠤ ᠳᠠ ᠶᠠᠭᠠᠭᠢᠭᠠᠤᠨ ᠳᠡᠭᠡᠵᠤ ᠯᠠ ᠡᠵᠡᠨ ᠣᠪᠣᠷ ᠶᠢᠡᠷ᠂ ᠡᠯᠢᠭᠡᠰᠡᠭ᠌ ᠳᠦᠷᠢ ᠪᠠᠷ᠂ ᠡᠷᠡᠮᠡᠭᠡᠢ ᠰᠦᠰᠦ ᠣᠷᠭᠤᠵᠤ ᠲᠦᠯᠵᠢᠨ ᠣᠶᠠᠬᠠᠨ ᠮᠠᠯᠠᠮᠢ ᠳᠤ ᠪᠠᠨ ᠰᠡᠳᠭᠢᠯ ᠶᠢᠡᠨ ᠵᠢᠷᠤᠵᠤ ᠯᠠ ᠬᠠᠢ᠌ᠷ᠎ᠠ ᠪᠠᠨ ᠮᠠᠨᠠᠬᠤ ᠶᠤᠮ ᠪᠢᠯᠠ ︖

ᠥᠭᠡᠭᠦᠨ ᠴᠢᠯᠠᠭᠤ ᠳᠠ ᠭᠡᠵᠤ ᠨᠡᠷᠡᠯᠭᠡᠭ᠌ ᠲᠤ ᠪᠠᠨ ᠪᠦᠷᠳᠣᠢ᠌ᠵᠤ ᠭᠡᠯᠪᠠᠷᠢᠴᠢ ᠦᠵᠠᠯ ᠳᠤ ᠳᠦᠭᠡᠷᠢᠭᠡ ᠦᠭᠡᠶ᠂ ᠰᠢᠨᠤᠯ ᠳᠤ ᠪᠠᠨ ᠦᠷᠢᠳᠤᠵᠤ ᠠᠷᠰᠢ ᠶᠢᠨ ᠣᠷᠳᠤᠨ ᠳᠤ ᠪᠠᠨ ᠢᠯᠵᠠᠷᠠᠭ᠎ᠠ ᠦᠭᠡᠶ᠂ ᠭᠡᠷᠭᠡᠮ ᠳᠤ ᠪᠠᠨ ᠡᠷᠳᠥᠢᠵᠤ ᠨᠤᠶᠠᠠᠴᠢ ᠦᠵᠠᠯ ᠳᠤ ᠢᠯᠵᠠᠷᠠᠭ᠎ᠠ ᠦᠭᠡᠶ᠂ ᠭᠠᠵᠠᠷ ᠨᠤᠳᠤᠭ ᠶᠢᠡᠨ ᠬᠠᠢ᠌ᠷᠠᠯᠠᠬᠤ ᠪᠠᠷ ᠶᠢᠡᠨ ᠬᠠᠢ᠌ᠷᠠᠯᠠᠨ᠂ ᠭᠠᠯᠠᠭᠤᠨ ᠳᠠᠭᠤᠨ ᠶᠢᠡᠨ ᠴᠢᠩᠨᠠᠬᠤ ᠪᠠᠷ ᠶᠢᠡᠨ ᠴᠢᠩᠨᠡᠵᠤ᠂ ᠳᠡᠯᠡᠭᠡᠢ ᠶᠢᠨ ᠦᠷᠤᠴᠠᠨ ᠳᠤ ᠵᠢᠷᠭᠠᠵᠤ ᠰᠠᠭᠤᠨ᠎ᠠ᠃ ᠶᠠᠭᠠᠭᠢᠭᠠᠤᠨ ᠭᠡᠳ ᠪᠣᠳᠤᠭᠰᠠᠨ ᠳᠠᠭᠠᠨ ᠦᠦ ︖ ᠶᠠᠭ ᠵᠠᠩ ᠨᠢ ᠳᠠᠢ᠌ᠮᠤ ᠦᠦ ︖ ᠵᠤᠯ ᠵᠢᠷᠭᠠᠯ ᠤᠨ ᠭᠦᠰᠡᠯ ᠵᠡᠭᠦᠳᠤ ᠪᠠᠨ ᠨᠡᠭᠡᠮᠡᠯᠯᠡᠵᠤ ᠯᠠ ᠦᠰᠤᠨ᠎ᠡ᠃ ᠵᠡᠭᠦᠳᠤ ᠭᠦᠰᠡᠯ ᠤᠨ ᠡᠷᠢᠯᠴᠢᠨ ᠶᠢᠡᠨ ᠬᠠᠷᠠᠵᠤ ᠯᠠ ᠴᠡᠭᠡᠯᠵᠡᠨ᠎ᠡ᠃

ᠬᠠᠵᠠᠭᠤ ᠳ᠋ᠠᠭᠢ ᠬᠠᠩᠬᠤᠯᠤᠭᠤᠨ ᠴᠡᠴᠡᠭ᠌ ᠶᠢᠡᠨ ᠠᠳᠠᠭᠠᠷᠬᠠᠵᠤ ᠡᠪᠳᠡᠭᠡ ᠦᠭᠡᠶ᠂ ᠬᠠᠯᠠᠭᠤᠨ ᠡᠯᠢᠭᠡᠨ ᠤ ᠳᠤᠭᠳᠤᠯᠤᠯ ᠳᠤ ᠬᠠᠢ᠌ᠯᠵᠤ ᠡᠪᠭᠡᠷᠡᠭᠡ ᠥᠭᠡᠢ᠂ ᠬᠠᠷᠠᠬᠤ ᠳᠤ ᠴᠢ᠂ ᠪᠢ ᠨᠢᠭᠡ ᠨᠢᠭᠡ ᠪᠠᠨ ᠮᠡᠳᠡᠳᠡᠭ᠌ ᠳᠤᠳᠤᠭᠠᠳᠤ ᠭᠡᠯᠡᠨ ᠤ ᠮᠢᠨᠢ ᠴᠤᠭᠢᠯᠭ᠎ᠠ ᠲᠡᠶ ᠬᠠᠮ ᠰᠠᠷᠠᠯ ᠪᠣᠯᠳᠠᠭ ᠨᠢ ᠬᠠᠴᠢᠨ ᠶᠤᠮ ᠭᠡᠯᠡᠢ᠃ ᠶᠠᠭᠠᠭᠢᠭᠠᠤᠨ ᠶᠤᠮ ᠭᠡᠭᠦ ᠶᠢ ᠣᠯᠠᠨ ᠰᠡᠳᠭᠢᠳᠡᠭ᠌ ᠭᠦᠮᠤᠨ ᠴᠢᠮ᠎ᠠ ᠶᠢ ᠭᠡᠳᠥᠢᠨᠡᠢ ᠴᠠᠭᠠᠨ ᠴᠤᠬᠤᠢ ᠪᠣᠯᠳᠠᠯ᠎ᠠ ᠰᠢᠷᠭᠠᠭᠠᠵᠤ ᠦᠨᠡᠨ ᠢ ᠨᠢ ᠳᠤᠳᠤᠯᠠᠵᠤ᠂ ᠵᠦᠪ ᠢ ᠴᠢᠨᠢ ᠡᠷᠢᠳᠡᠭ᠌ ᠪᠠᠢ᠌ᠭᠰᠠᠨ ᠨᠢ ᠦᠨᠡᠠᠳᠠᠢ ᠪᠠᠢ᠌ᠵᠤ ᠪᠢᠯᠠ᠃

ᠨᠤᠳᠤᠭ ᠤᠨ ᠭᠦᠮᠤᠨ ᠵᠠᠷᠢᠮ ᠨᠢ ᠬᠠᠳᠠᠮᠯᠠᠵᠤ᠂ ᠵᠠᠷᠢᠮ ᠨᠢ ᠬᠤᠯᠠ ᠶᠢᠨ ᠭᠠᠵᠠᠷ ᠰᠠᠭᠤᠷᠢᠯᠠᠵᠤ᠂ ᠵᠠᠷᠢᠮ ᠨᠢ ᠡᠷᠳᠡᠮ ᠰᠤᠶᠤᠯ ᠤᠨ ᠠᠶᠠᠨ ᠳᠤ ᠶᠠᠪᠣᠵᠤ᠂ ᠵᠠᠷᠢᠮ ᠨᠢ ᠭᠠᠮᠰᠢᠭ ᠡᠴᠠ ᠵᠠᠢ᠌ᠯᠠᠨ ᠭᠦᠴᠤᠨ ᠤ ᠠᠵᠢᠯ ᠭᠢᠭᠦ ᠪᠠᠷ ᠨᠤᠳᠤᠭ ᠵᠠᠢ᠌ᠳᠠᠭᠤ ᠶᠠᠪᠣᠵᠠᠢ᠃ ᠠᠮᠢᠳᠤᠷᠠᠯ ᠤᠨ ᠡᠷᠭᠡ ᠪᠠᠷ ᠣᠷᠴᠢᠯᠠᠩ ᠤᠨ ᠵᠠᠢ ᠳᠤ ᠶᠠᠭᠠᠭᠢᠯ᠎ᠠ ᠭᠡᠯ᠎ᠡ ᠴᠤ ᠨᠢᠭᠡ ᠪᠣᠳᠤᠬᠤ ᠳᠤ ᠡᠭᠡ ᠭᠡᠯᠡᠨ ᠤ ᠮᠢᠨᠢ ᠴᠠᠭᠠᠨ ᠳᠤᠯᠤᠭᠠᠢ ᠮᠠᠳᠤ ᠨᠤᠳᠤᠭ ᠤᠨ ᠭᠦᠷᠦᠰᠤᠨ᠎ᠡ ᠡᠴᠢᠭᠡ ᠶᠢᠨ ᠰᠤᠷᠭᠠᠯ ᠮᠠᠳᠤ ᠥᠨᠦᠭᠡᠨ ᠳᠤ ᠡᠭᠡ ᠭᠡᠯᠡᠨ ᠤ ᠴᠠᠭᠠᠨ ᠳᠤᠯᠤᠭᠠᠢ ᠮᠠᠳᠤ ᠢᠯᠵᠠᠷᠠᠰᠢ ᠦᠭᠡᠶ ᠵᠢᠯ ᠤᠨ ᠳᠦᠷᠪᠠᠨ ᠣᠯᠠᠷᠢᠯ ᠳᠤ ᠮᠥᠩᠭᠡ ᠬᠠᠢ᠌ᠷ᠎ᠠ ᠶᠢᠨ ᠰᠤᠪᠢᠩ ᠶᠢᠡᠷ ᠨᠠᠢ᠌ᠷᠠᠭ ᠤᠨ ᠰᠡᠳᠭᠢᠯ ᠭᠡᠮᠡᠷ ᠭᠢᠯᠠᠯᠵᠠᠨ ᠬᠠᠷᠠᠭᠳᠠᠨ᠎ᠠ ᠪᠢᠯᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤᠨ ᠤ ᠵᠡᠭᠦᠨ ᠳᠠᠪᠢᠨ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 66085
ᠴᠠᠭ᠄ 2014 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ