ᠨᠡᠪᠲᠡᠷᠡᠨ ᠤᠷᠤᠬᠤ
ᠥᠪᠥᠷ ᠮᠤᠩᠭᠤᠯ ᠤᠨ ᠤᠷᠠᠨ ᠵᠤᠬᠢᠶᠠᠯ ᠤᠨ ᠤᠳᠤᠬᠢ ᠵᠠᠷᠢᠮ ᠢᠯᠡᠷᠡᠯ ᠤᠨ ᠲᠤᠬᠠᠢ

ᠣᠷᠠᠨ ᠵᠤᠬᠢᠶᠠᠯ ᠪᠣᠯ ᠠᠬᠤᠢ ᠠᠮᠢᠳᠤᠷᠠᠯ ᠤᠨ ᠳᠤᠰᠬᠠᠯ ᠮᠦᠨ᠃ ᠣᠷᠠᠨ ᠵᠤᠬᠢᠶᠠᠯ ᠤᠨ ᠠᠭᠤᠯᠭ᠎ᠠ ᠭᠡᠯᠪᠠᠷᠢ ᠶᠢᠨ ᠬᠤᠪᠢᠷᠠᠯ ᠭᠦᠭ᠍ᠵᠢᠯ ᠨᠢ ᠴᠤ ᠰᠢᠭᠤᠳ ᠪᠣᠶᠤ ᠳᠠᠮ ᠶᠢᠡᠷ ᠨᠡᠢ᠌ᠭᠡᠮ ᠤᠨ ᠬᠤᠪᠢᠷᠠᠯ ᠭᠦᠭ᠍ᠵᠢᠯ᠂ ᠳᠤᠬᠠᠢ᠌ᠯᠠᠪᠠᠯ ᠠᠵᠤ ᠠᠬᠤᠢ᠂ ᠣᠯᠤᠰ ᠲᠦᠷᠦ᠂ ᠦᠨᠳᠦᠰᠦᠳᠠᠨ ᠤ ᠠᠷᠠᠤᠨ ᠲᠦᠮᠡᠨ ᠤ ᠡᠷᠭᠡ ᠴᠢᠯᠦᠭᠡ᠂ ᠰᠤᠶᠤᠯ ᠭᠦᠮᠦᠵᠢᠯ᠂ ᠦᠵᠡᠯ ᠳᠠᠨᠢᠯᠳᠠ ᠶᠢᠨ ᠬᠤᠪᠢᠷᠠᠯ ᠭᠦᠭ᠍ᠵᠢᠯ ᠡᠴᠡ ᠰᠢᠯᠳᠠᠭᠠᠯᠠᠭᠳᠠᠳᠠᠭ᠃ ᠣᠷᠠᠨ ᠵᠤᠬᠢᠶᠠᠯ ᠳᠤ ᠳᠤᠰᠬᠠᠭᠳᠠᠭᠰᠠᠨ ᠵᠠᠷᠢᠮ ᠠᠭᠤᠯᠭ᠎ᠠ ᠨᠢ ᠳᠤᠬᠠᠢ ᠶᠢᠨ ᠴᠠᠭ ᠦᠶ᠎ᠡ ᠶᠢᠨ ᠠᠬᠤᠢ ᠠᠮᠢᠳᠤᠷᠠᠯ ᠤᠨ ᠰᠢᠭᠤᠳ ᠳᠦᠷᠰᠦᠯᠡᠭ᠍ᠳᠡᠭᠦᠨ ᠪᠠᠢ᠌ᠬᠤ ᠳᠤ ᠵᠠᠷᠢᠮ ᠠᠭᠤᠯᠭ᠎ᠠ ᠪᠠ ᠭᠡᠯᠪᠠᠷᠢ ᠶᠢᠨ ᠳᠠᠯ᠎ᠠ ᠶᠢᠨ ᠢᠯᠠᠷᠠᠯ ᠪᠠᠢ᠌ᠳᠠᠯ ᠨᠢ ᠵᠤᠭᠢᠬᠤ ᠴᠠᠭ ᠬᠤᠭᠤᠴᠠᠭ᠎ᠠ ᠪᠣᠶᠤ ᠪᠣᠰᠤᠳ ᠦᠵᠡᠯ ᠣᠬᠠᠮᠰᠠᠷ ᠤᠨ ᠳᠠᠪᠬᠤᠷᠭ᠎ᠠ ᠪᠠᠷ ᠳᠠᠮᠵᠢᠭᠰᠠᠨ ᠳᠠᠮ ᠳᠤᠰᠬᠠᠯ ᠪᠠᠢ᠌ᠳᠠᠭ᠃ ᠳᠦᠭᠦᠮ ᠵᠢᠱᠢᠶ᠎ᠠ ᠳᠤᠷᠠᠤᠠᠪᠠᠯ᠄ ᠣᠯᠠᠨ ᠤ ᠮᠡᠳᠡᠭᠡᠵᠢ ᠪᠠᠷ ᠳᠤᠮᠳᠠᠳᠤ ᠣᠯᠤᠰ ᠲᠤ ᠨᠢᠭᠡᠨ ᠦᠶ᠎ᠡ ᠥᠷᠨᠢᠭ᠍ᠰᠡᠨ 《ᠰᠢᠷᠬ᠎ᠠ ᠰᠤᠷᠪᠢ ᠶᠢᠨ ᠣᠷᠠᠨ ᠵᠤᠬᠢᠶᠠᠯ》 ᠪᠣᠯ 《ᠰᠤᠶᠤᠯ ᠤᠨ ᠬᠤᠪᠢᠰᠬᠠᠯ》 ᠊ᠤᠨ ᠲᠦᠷᠦᠳᠠᠰᠤ ᠮᠦᠨ᠃ ᠭᠡᠪᠠᠴᠤ ᠡᠨᠡ ᠨᠢ 《ᠰᠤᠶᠤᠯ ᠤᠨ ᠬᠤᠪᠢᠰᠬᠠᠯ》 ᠥᠩᠭᠡᠷᠡᠭᠡᠤᠨ ᠪᠠᠷᠤᠭ ᠠᠷᠪᠠᠭᠠᠤᠨ ᠵᠢᠯ ᠪᠣᠯᠤᠭᠰᠠᠨ ᠤ ᠳᠠᠷᠠᠭ᠎ᠠ ᠰᠠ‍‌ᠶᠢ ᠥᠷᠨᠢᠭ᠍ᠰᠡᠨ ᠶᠤᠮ᠃ ᠡᠭᠦᠨ ᠳᠤ 《ᠰᠤᠶᠤᠯ ᠤᠨ ᠬᠤᠪᠢᠰᠬᠠᠯ》 ᠭᠡᠭᠦ ᠳᠡᠦᠭᠡᠨ ᠳᠤ ᠦᠭᠡᠶ ᠳᠤᠮᠤ ᠭᠦᠳᠡᠯᠭᠡᠭᠡᠨ ᠭᠦᠷᠦᠰᠤ ᠰᠢᠷᠤᠢ ᠨᠢ ᠪᠣᠯᠤᠭᠰᠠᠨ ᠡᠴᠠ ᠭᠠᠳᠠᠨ᠎ᠠ ᠪᠠᠰᠠ᠂ ᠡᠭᠦᠳᠡ ᠪᠠᠨ ᠨᠡᠭᠡᠭᠡᠵᠤ ᠴᠢᠯᠦᠭᠡᠳᠡᠢ ᠶᠠᠪᠣᠯᠴᠠᠭᠰᠠᠨ ᠡᠴᠠ ᠭᠦᠮᠦᠰ ᠣᠷᠤᠰᠢᠬᠤ ᠭᠡᠯᠪᠠᠷᠢ ᠪᠠᠨ ᠳᠠᠭᠢᠨ ᠳᠠᠨᠢᠭᠰᠠᠨ᠂ ᠭᠦᠮᠦᠡᠴᠢ ᠴᠢᠨᠠᠷ ᠤᠨ ᠢᠯᠡᠷᠡᠭᠦᠯᠦᠯ᠂ ᠦᠨᠳᠦᠰᠦᠳᠠᠨ ᠶᠠᠰᠤᠳᠠᠨ ᠤ ᠰᠤᠶᠤᠯ ᠠᠷᠠᠠᠰᠢᠨ ᠤ ᠳᠤᠬᠠᠢ ᠳᠠᠭᠢᠨ ᠳᠠᠨᠢᠯᠳᠠ ᠵᠡᠷᠭᠡ ᠠᠬᠤᠢ ᠪᠠ ᠦᠵᠡᠯ ᠣᠬᠠᠮᠰᠠᠷ ᠤᠨ ᠣᠯᠠᠨ ᠳᠠᠯ᠎ᠠ ᠶᠢᠨ ᠪᠣᠳᠤᠯᠢᠶᠠᠠᠳᠤ ᠪᠠᠢ᠌ᠳᠠᠯ ᠡᠴᠠ ᠰᠢᠯᠳᠠᠭᠠᠯᠠᠭᠳᠠᠭᠰᠠᠨ ᠶᠤᠮ᠃ ᠡᠢ᠌ᠮᠤ ᠡᠴᠡ ᠣᠷᠠᠨ ᠵᠤᠬᠢᠶᠠᠯ ᠤᠨ ᠬᠤᠪᠢᠷᠠᠯ ᠭᠦᠭ᠍ᠵᠢᠯ ᠪᠠ ᠶᠠᠮᠠᠷ ᠨᠢᠭᠡᠨ ᠢᠯᠠᠷᠠᠯ ᠪᠠᠢ᠌ᠳᠠᠯ᠂ ᠵᠢᠴᠢ ᠢᠷᠡᠭᠡᠳᠦᠢ ᠶᠢᠨ ᠬᠠᠠᠳᠤᠰᠢ ᠵᠡᠷᠭᠡ ᠶᠢ ᠠᠵᠢᠬᠤ ᠳᠤ ᠪᠠᠨ ᠳᠡᠭᠦᠨ ᠤ ᠦᠪᠡᠷ ᠤᠨ ᠳᠤᠳᠤᠭᠠᠳᠤ ᠵᠢᠮ᠎ᠠ ᠬᠠᠤᠯᠢ ᠶᠢ ᠪᠠᠷᠢᠮᠳᠠᠯᠠᠵᠤ ᠪᠦᠭᠦ ᠳᠠᠯ᠎ᠠ ᠪᠠᠷ ᠵᠤᠭᠢᠬᠤ ᠥᠷᠭᠡᠴᠡ ᠲᠡᠶ ᠪᠠᠷ ᠠᠵᠢᠭᠯᠠᠨ ᠰᠢᠡᠵᠢᠭᠦ ᠭᠡᠷᠡᠭ᠍ᠳᠡᠢ᠃ ᠦᠪᠣᠷ ᠮᠤᠩᠭ᠋ᠤᠯ ᠣᠷᠠᠨ ᠵᠤᠬᠢᠶᠠᠯ ᠤᠨ ᠣᠳᠤᠭᠢ ᠵᠠᠷᠢᠮ ᠢᠯᠠᠷᠠᠯ ᠪᠠ ᠬᠠᠠᠳᠤᠰᠢ ᠶᠢᠨ ᠳᠤᠬᠠᠢ ᠳᠦᠭᠦᠮ ᠠᠵᠢᠭᠯᠠᠪᠠᠯ ᠳᠤᠤᠷ᠎ᠠ ᠮᠠᠳᠤ ᠭᠡᠳᠤᠨ ᠵᠣᠢ᠌ᠯ ᠢ ᠳᠤᠷᠠᠤᠠᠴᠤ ᠪᠣᠯᠤᠮᠠᠷ ᠪᠠᠢ᠌ᠨ᠎ᠠ᠃

ᠨᠢᠭᠡ᠂ ᠦᠪᠣᠷ ᠮᠤᠩᠭ᠋ᠤᠯ ᠣᠷᠠᠨ ᠵᠤᠬᠢᠶᠠᠯ ᠨᠢ ᠪᠣᠳᠤᠯᠭᠠᠰᠢᠷᠠᠯ ᠤᠨ ᠳᠠᠭᠠᠤ ᠦᠨᠳᠦᠰᠦᠳᠠᠨ ᠤ ᠠᠬᠤᠢ ᠠᠮᠢᠳᠤᠷᠠᠯ ᠪᠠ ᠬᠤᠪᠢ ᠵᠠᠶᠠᠭᠠᠨ ᠳᠤ ᠳᠤᠩᠭ᠋ᠠᠭᠠᠯᠳᠠ ᠭᠢᠵᠤ ᠣᠶᠠᠷᠠᠭᠤᠨ ᠴᠢᠮᠪᠠᠢ ᠭᠤᠨᠢᠭᠳᠤ ᠭᠤᠸ᠎ᠠ ᠰᠠᠢ᠌ᠬᠠᠨ ᠢ ᠪᠦᠳᠦᠭᠡᠭᠦ ᠪᠠᠷ ᠴᠢᠬᠤᠯᠠ ᠨᠢᠭᠡᠨ ᠣᠠᠴᠠᠯᠢᠭ ᠶᠢᠡᠨ ᠪᠣᠯᠭᠠᠬᠤ ᠬᠠᠠᠳᠤᠰᠢ ᠲᠡᠶ ᠪᠣᠯᠵᠤ ᠪᠣᠢ᠃ ᠦᠨᠡᠨ ᠳᠤ ᠪᠠᠨ ᠦᠪᠣᠷ ᠮᠤᠩᠭ᠋ᠤᠯᠴᠤᠳ ᠦᠪᠡᠷ ᠤᠨ ᠣᠷᠤᠰᠢᠨ ᠳᠤᠭᠳᠠᠨᠢᠵᠤ ᠪᠣᠢ ᠣᠠᠴᠠᠭᠠᠢ ᠣᠷᠴᠢᠨ ᠳᠤᠭᠤᠷᠢᠨ ᠠᠠ᠎ ᠳᠡᠦᠭᠡ ᠶᠢᠨ ᠭᠦᠭ᠍ᠵᠢᠯ ᠤᠨ ᠣᠠᠴᠠᠭᠠᠢ ᠴᠠᠭ ᠦᠶ᠎ᠡ ᠡᠴᠡ ᠪᠣᠯᠵᠤ᠂ ᠢᠯᠠᠩᠭ᠋ᠤᠶ᠎ᠠ ᠣᠷᠴᠢᠮ ᠤᠨ ᠠᠷᠪᠠᠭᠠᠤᠨ ᠵᠢᠯ ᠳᠤ᠂ ᠨᠤᠳᠤᠭ ᠲᠡᠶ᠂ ᠰᠤᠶᠤᠯ ᠲᠡᠶ᠂ ᠭᠦᠮᠤᠨ ᠲᠡᠶ ᠪᠠᠨ ᠡᠯᠡᠰᠦᠷᠭᠡᠭ᠍ᠵᠢᠵᠤ ᠡᠯᠡᠭ᠍ᠳᠡᠵᠤ ᠳᠠᠮᠳᠤᠷᠠᠪᠠ᠃ ᠮᠤᠩᠭ᠋ᠤᠯᠴᠤᠳ ᠤᠨ ᠠᠮᠢ ᠭᠤᠤᠯ ᠨᠢ ᠪᠣᠯᠤᠭᠰᠠᠭᠠᠷ ᠢᠷᠡᠭ᠍ᠰᠡᠨ ᠪᠠᠢ᠌ᠭᠠᠯᠢ ᠠᠬᠤᠢ᠂ ᠣᠯᠠᠨ ᠵᠠᠭᠤᠨ ᠵᠢᠯ ᠶᠢᠡᠷ ᠪᠦᠳᠦᠭᠡᠭ᠍ᠳᠡᠵᠤ ᠣᠯᠠᠮᠵᠢᠯᠠᠵᠤ ᠢᠷᠡᠭ᠍ᠰᠡᠨ ᠠᠮᠢᠳᠤᠷᠠᠬᠤᠢ ᠶᠢᠨ ᠠᠷᠭ᠎ᠠ ᠭᠡᠯᠪᠠᠷᠢ᠂ ᠵᠠᠩ ᠠᠷᠠᠠᠰᠢᠨ᠂ ᠰᠡᠳᠭᠢᠭᠦᠢ ᠶᠢᠨ ᠭᠡᠯᠪᠠᠷᠢ᠂ ᠦᠪ ᠰᠤᠶᠤᠯ᠂ ᠥᠭᠡ ᠭᠡᠯᠡ᠂ ᠥᠰᠦᠭ᠌ ᠪᠢᠴᠢᠭ᠌᠂ ᠴᠢᠨᠠᠭᠰᠢᠳᠠ ᠦᠷ᠎ᠡ ᠭᠡᠦᠭᠡᠤᠨ ᠤᠨ ᠭᠢᠨᠢ ᠬᠤᠪᠢ ᠢᠷᠡᠭᠡᠳᠦᠢ ᠵᠡᠷᠭᠡ ᠡᠨᠡ ᠪᠦᠭᠦᠨ ᠨᠢ ᠶᠠᠭᠤ ᠬᠠᠶ‍ᠢ ᠦᠭᠡᠶ ᠮᠥᠷᠭᠦᠯᠳᠡ ᠳᠤ ᠣᠴᠠᠷᠠᠵᠤ᠂ ᠮᠤᠩᠭ᠋ᠤᠯᠴᠤᠳ ᠤᠨ ᠣᠶᠤᠨ ᠰᠠᠨᠠᠭᠠᠨ ᠤ ᠭᠦᠨ ᠳᠤ ᠭᠦᠡᠳᠤ ᠨᠦᠰᠠᠷ ᠳᠤᠩᠰᠤᠯᠤᠯᠳᠠ ᠡᠭᠦᠰᠭᠡᠵᠤ᠂ ᠡᠮᠵᠡᠭᠯᠡᠯ ᠭᠤᠨᠢᠭᠯᠠᠯ ᠤᠨ ᠭᠠᠰᠢᠭᠤᠨ ᠰᠡᠭᠦᠷᠡᠰᠤ ᠶᠢ ᠴᠤᠤᠷᠢᠶᠠᠳᠤᠭᠤᠯᠪᠠ᠃

ᠣᠷᠠᠨ ᠵᠤᠬᠢᠶᠠᠯ ᠪᠣᠯ ᠣᠶᠤᠨ ᠤ ᠪᠦᠳᠦᠭᠡᠭ᠍ᠳᠡᠭᠦᠨ ᠮᠦᠨ᠂ ᠰᠢᠯᠢᠳᠡᠭ᠌ ᠰᠠᠢ᠌ᠨ ᠣᠷᠠᠨ ᠵᠤᠬᠢᠶᠠᠯ ᠤᠨ ᠪᠦᠳᠦᠭᠡᠯ ᠨᠢ ᠳᠤᠬᠠᠢ ᠶᠢᠨ ᠦᠨᠳᠦᠰᠦᠳᠠᠨ ᠤ ᠠᠷᠠᠤᠨ ᠲᠦᠮᠡᠨ ᠤ ᠣᠶᠤᠨ ᠰᠠᠨᠠᠭᠠᠨ ᠤ ᠭᠦᠨ ᠳᠠᠪᠬᠤᠷᠭ᠎ᠠ ᠶᠢ ᠠᠭᠤᠳᠠᠯᠵᠤ ᠴᠢᠳᠠᠭᠰᠠᠨ ᠪᠦᠭᠡᠤᠨ ᠡᠭᠦᠨ ᠶᠢᠡᠷ ᠶᠢᠡᠨ ᠵᠢᠩᠭᠢᠨᠢ ᠦᠨ᠎ᠡ ᠴᠠᠨ᠎ᠠ ᠪᠠᠨ ᠪᠦᠷᠢᠯᠳᠦᠭᠦᠯᠵᠤ ᠣᠩᠰᠢᠭᠴᠢᠳ ᠤᠨ ᠰᠠᠤᠠᠭᠢᠯ ᠤᠨ ᠭᠦᠪᠴᠢ ᠶᠢ ᠳᠤᠩᠰᠤᠯᠭᠠᠳᠠᠭ᠃ ᠮᠠᠨ ᠤ ᠨᠠᠯᠢᠶᠠᠤᠨ ᠣᠯᠠᠨ ᠵᠤᠬᠢᠶᠠᠯᠴᠢᠳ ᠦᠨᠳᠦᠰᠦᠳᠠᠨ ᠤ ᠪᠠᠨ ᠳᠡᠦᠭᠡ ᠠᠬᠤᠢ᠂ ᠭᠦᠮᠤᠨ ᠪᠠᠢ᠌ᠭᠠᠯᠢ ᠶᠢᠨ ᠶᠢᠡᠨ ᠳᠤᠬᠠᠢ ᠰᠢᠨ᠎ᠡ ᠣᠢ᠌ᠯᠠᠭᠠᠭᠳᠠᠬᠤᠨ᠂ ᠭᠦᠨ ᠪᠣᠳᠤᠯᠭ᠎ᠠ ᠲᠡᠶ ᠪᠠᠷ ᠨᠠᠷᠢᠨ ᠳᠤᠩᠭ᠋ᠠᠭᠠᠯᠳᠠ ᠭᠢᠵᠤ ᠡᠮᠵᠡᠭ᠌ ᠣᠶᠠᠷᠠᠭᠤᠨ᠂ ᠭᠦᠡᠳᠤ ᠴᠢᠮᠪᠠᠢ ᠪᠦᠭᠡᠤᠨ ᠰᠦᠷ ᠵᠢᠪᠬᠤᠭ᠎ᠠ ᠲᠡᠶ ᠳᠦᠷᠢ ᠨᠤᠭᠦᠳ ᠪᠠ ᠭᠦᠨ ᠳᠤᠳᠤᠭᠠᠳᠤᠯᠢᠭ᠂ ᠣᠯᠠᠨ ᠳᠡᠭ᠍ᠳᠡᠷᠯᠢᠭ᠌ ᠪᠦᠭᠡᠤᠨ ᠢᠯᠠ ᠳᠣᠢ᠌ᠯᠰᠢᠷᠠᠭᠰᠠᠨ ᠳᠦᠷᠰᠦᠯᠠᠯ ᠤᠳ ᠢ ᠪᠦᠳᠦᠭᠡᠭᠦ ᠬᠠᠠᠳᠤᠰᠢ ᠲᠡᠶ ᠪᠣᠯᠵᠤ ᠪᠠᠢ᠌ᠨ᠎ᠠ᠃ ᠮᠥᠩᠭᠡ ᠶᠢᠨ 《ᠬᠠᠨ ᠮᠤᠨᠢ ᠶᠢᠨ ᠰᠡᠭᠦᠷᠡᠰᠤ》᠂ ᠭ·ᠰᠢᠷᠠᠪᠵᠠᠮᠰᠤ ᠶᠢᠨ 《ᠱᠠᠩᠳᠤ ᠭᠡᠢ᠌ᠪᠦᠩ ᠭᠦᠷᠳᠤ ᠪᠠᠯᠭᠠᠰᠤ》 ᠮᠠᠶ‍ᠢᠭ ᠤᠨ ᠪᠦᠳᠡᠭᠡᠯ ᠤᠳ ᠪᠠ ᠮᠠᠰᠢ ᠠᠷᠪᠢᠨ ᠢᠷᠠᠭᠤ ᠨᠠᠢ᠌ᠷᠠᠭ ᠤᠨ ᠪᠦᠳᠦᠭᠡᠯ ᠤᠳ ᠡᠭᠦᠨ ᠢ ᠬᠠᠷᠠᠭᠤᠯᠵᠤ ᠪᠣᠢ᠃

ᠭᠡᠯᠡᠯᠭᠡᠨ ᠦᠭᠡᠶ ᠣᠳᠤᠬᠠᠨ ᠤ ᠦᠪᠣᠷ ᠮᠤᠩᠭ᠋ᠤᠯ ᠣᠷᠠᠨ ᠵᠤᠬᠢᠶᠠᠯ ᠳᠤ ᠮᠠᠭᠳᠠᠭᠠᠯ ᠳᠠᠭᠤᠯᠠᠯ ᠤᠨ ᠠᠶᠠᠰ ᠪᠦᠭᠦᠢ ᠪᠦᠳᠦᠭᠡᠯ ᠴᠤ ᠨᠠᠯᠢᠶᠠᠤᠨ ᠠᠷᠪᠢᠨ ᠪᠣᠢ᠃ ᠭᠡᠪᠠᠴᠤ ᠡᠨᠡ ᠨᠢ ᠶᠠᠭᠠᠭᠢᠭᠰᠠᠨ ᠴᠤ ᠭᠤᠤᠯ ᠣᠷᠤᠰᠬᠠᠯ ᠪᠣᠯᠵᠤ ᠴᠢᠳᠠᠬᠤ ᠦᠭᠡᠶ ᠶᠤᠮ᠃ ᠶᠠᠮᠠᠷ ᠶᠠᠭᠠᠭᠢᠭᠰᠠᠨ 《ᠠᠭᠤᠳᠠᠮ ᠰᠠᠷᠠᠭᠤᠯ ᠳᠠᠯ᠎ᠠ ᠨᠤᠳᠤᠭ》᠂ 《ᠠᠳᠤᠭᠤ ᠮᠠᠯ ᠠᠯᠠᠭᠰᠢᠵᠤ ᠠᠢ᠌ᠷᠠᠭ ᠰᠥ᠋ ᠬᠠᠩᠬᠤᠯᠤᠨ》᠂ 《ᠨᠢᠰᠭᠦ ᠮᠠᠳᠤ ᠭᠦᠭ᠍ᠵᠢᠯᠳᠡ》᠂ 《ᠪᠠᠶᠠᠨ ᠴᠢᠨᠡᠭᠡᠯᠢᠭ᠌ ᠠᠮᠢᠳᠤᠷᠠᠯ》᠂ 《ᠪᠠᠶᠠᠯᠢᠭ ᠭᠠᠷᠤᠯᠳᠠ᠂ ᠣᠠᠴᠠᠭᠠᠢ ᠰᠤᠶᠤᠯ》᠂ 《ᠳᠠᠭᠤᠤ ᠶᠢᠨ ᠳᠠᠯᠠᠢ᠂ ᠪᠦᠵᠢᠭ᠌ ᠤᠨ ᠥᠯᠦᠭᠡᠢ》᠁ ᠭᠡᠭᠦ ᠮᠠᠳᠤ ᠶᠢᠨ ᠮᠠᠭᠳᠠᠭᠠᠯ ᠨᠢ ᠦᠪᠣᠷ ᠮᠤᠩᠭ᠋ᠤᠯ ᠤᠨ ᠣᠯᠠᠩᠭᠢ ᠮᠤᠩᠭ᠋ᠤᠯᠴᠤᠳ ᠤᠨ ᠳᠠᠭᠠᠰᠢᠶᠠᠯ ᠢ ᠣᠯᠬᠤ ᠳᠤ ᠪᠠᠷᠭᠡ ᠪᠣᠯᠵᠠᠢ᠃ ᠪᠣᠳᠠᠳᠤ ᠠᠬᠤᠢ ᠶᠢᠨ ᠪᠦᠷᠢᠨ ᠵᠦᠪ ᠳᠤᠰᠬᠠᠯ ᠪᠣᠯᠵᠤ ᠴᠤ ᠴᠢᠳᠠᠬᠤ ᠦᠭᠡᠶ᠃ ᠡᠨᠡ ᠪᠣᠯ ᠵᠥᠪᠭᠡᠨ ᠴᠠᠭ ᠦᠶ᠎ᠡ ᠶᠢᠨ ᠴᠢᠨᠠᠷ ᠲᠡᠶ ᠥᠵᠡᠭ᠍ᠳᠡᠯ᠂ ᠠᠵᠤ ᠠᠬᠤᠢ ᠶᠢᠨ ᠭᠡᠷᠡᠭ᠍ᠴᠡᠭᠡ ᠪᠣᠶᠤ 《ᠨᠤᠳᠤᠭ ᠪᠠᠯᠴᠢᠭᠡᠷ ᠶᠢᠡᠨ ᠳᠠᠸᠠᠷᠴᠢᠯᠠᠬᠤ》᠂ 《ᠰᠤᠶᠤᠯ ᠶᠢᠡᠨ ᠳᠠᠸᠠᠷᠴᠢᠯᠠᠬᠤ》 ᠶᠠᠪᠣᠴᠠ ᠳᠤ ᠪᠣᠯᠤᠭᠰᠠᠨ ᠥᠵᠡᠭ᠍ᠳᠡᠯ᠂ ᠡᠰᠡᠭᠦᠯ᠎ᠡ ᠣᠳᠤᠭᠢ ᠮᠤᠩᠭ᠋ᠤᠯᠴᠤᠳ ᠤᠨ ᠠᠮᠢᠳᠤᠷᠠᠯ ᠠᠬᠤᠢ ᠶᠢᠨ ᠳᠤᠬᠠᠢ ᠥᠩᠭᠡᠨ ᠳᠠᠯ᠎ᠠ ᠶᠢᠨ ᠳᠤᠰᠬᠠᠯ ᠳᠠᠳᠤᠢ᠃

ᠬᠤᠶᠠᠷ᠂ ᠦᠪᠣᠷ ᠮᠤᠩᠭ᠋ᠤᠯ ᠣᠷᠠᠨ ᠵᠤᠬᠢᠶᠠᠯ ᠨᠢ ᠦᠵᠡᠯ ᠰᠠᠨᠠᠭ᠎ᠠ ᠪᠠᠨ ᠢᠯᠡᠳᠭᠡᠭᠦ ᠭᠡᠯᠪᠠᠷᠢ ᠶᠢᠨ ᠬᠤᠪᠢ ᠳᠤ ᠣᠯᠠᠮ ᠶᠢᠡᠷ ᠢᠯᠠ᠂ ᠴᠡᠯᠮᠡᠭ᠍ᠰᠢᠭᠦ ᠬᠠᠠᠳᠤᠰᠢ ᠲᠡᠶ ᠪᠣᠯᠵᠤ᠂ ᠵᠠᠷᠢᠮ ᠰᠠᠨᠠᠭ᠎ᠠ ᠶᠢ ᠰᠢᠭᠤᠳ ᠦᠪᠡᠷ ᠢ ᠪᠠᠨ ᠰᠢᠭᠦᠮᠵᠢᠯᠡᠭᠦ ᠭᠡᠯᠪᠠᠷᠢ ᠪᠠᠷ ᠢᠯᠡᠳᠭᠡᠭᠦ ᠪᠣᠯᠤᠭᠰᠠᠨ ᠪᠠᠢ᠌ᠨ᠎ᠠ᠃ ᠠᠵᠢᠯ ᠤᠨ ᠭᠤᠤᠯᠳᠠᠯᠭ᠎ᠠ ᠪᠠᠨ ᠠᠵᠤ ᠠᠬᠤᠢ ᠶᠢᠨ ᠪᠦᠳᠦᠭᠡᠨ ᠪᠠᠢ᠌ᠭᠤᠯᠤᠯᠳᠠ ᠳᠡᠭᠡᠷ᠎ᠡ ᠰᠢᠯᠵᠢᠭᠦᠯᠦᠭ᠍ᠰᠡᠨ ᠡᠴᠡ ᠪᠣᠯᠵᠤ ᠣᠯᠤᠰ ᠲᠦᠷᠦ ᠶᠢᠨ ᠳᠠᠯ᠎ᠠ ᠪᠠᠷ ᠣᠯᠠᠮ ᠣᠯᠠᠮ ᠶᠢᠡᠷ ᠴᠢᠯᠦᠭᠡ ᠲᠡᠶ ᠪᠣᠯᠵᠤ ᠢᠷᠠᠪᠡ᠃ ᠡᠭᠦᠨ ᠤ ᠵᠡᠷᠭᠡ ᠪᠠᠷ ᠡᠭᠦᠳᠡ ᠪᠠᠨ ᠨᠡᠭᠡᠭᠡᠵᠤ ᠴᠢᠯᠦᠭᠡ ᠲᠡᠶ ᠶᠠᠪᠣᠯᠴᠠᠬᠤ ᠪᠣᠯᠤᠭᠰᠠᠨ ᠤ ᠣᠯᠠᠮ ᠶᠢᠡᠷ ᠦᠨᠳᠦᠰᠦᠳᠠᠨ ᠤ ᠳᠤᠬᠠᠢ᠂ ᠰᠤᠶᠤᠯ ᠵᠠᠩᠰᠢᠯ ᠪᠠ ᠭᠦᠮᠤᠨ ᠤ ᠣᠷᠤᠰᠢᠬᠤ ᠭᠡᠯᠪᠠᠷᠢ ᠦᠨ᠎ᠡ ᠥᠷᠳᠡᠭ᠌ ᠤᠨ ᠳᠤᠬᠠᠢ ᠰᠢᠨ᠎ᠡ ᠣᠢ᠌ᠯᠠᠭᠠᠭᠳᠠᠬᠤᠨ ᠲᠡᠶ ᠪᠣᠯᠵᠤ᠂ ᠦᠪᠡᠷ ᠢ ᠪᠠᠨ ᠳᠠᠭᠢᠨ ᠳᠠᠨᠢᠵᠤ ᠳᠠᠭᠢᠨ ᠢᠯᠡᠷᠡᠭᠦᠯᠭᠦ ᠭᠡᠷᠡᠭ᠍ᠴᠡᠭᠡ ᠲᠡᠶ ᠪᠣᠯᠵᠠᠢ᠃ ᠮᠤᠩᠭ᠋ᠤᠯᠴᠤᠳ ᠦᠪᠡᠷ ᠢ ᠪᠠᠨ ᠵᠥᠪᠭᠡᠨ ᠣᠯᠤᠰ ᠤᠨ ᠳᠤᠳᠤᠭᠠᠳᠤ ᠳ᠋ᠠᠭᠢ ᠭᠠᠭᠴᠠ ᠬᠤᠶᠠᠷ ᠦᠨᠳᠦᠰᠦᠳᠠᠨ ᠲᠡᠶ ᠯᠠ ᠬᠠᠷᠢᠴᠠᠭᠤᠯᠤᠨ ᠥᠨᠡᠯᠡᠭᠦ ᠪᠢᠰᠢ ᠪᠣᠯᠵᠤ᠂ ᠳᠡᠯᠡᠭᠡᠢ ᠶᠢᠨ ᠣᠯᠠᠨ ᠦᠨᠳᠦᠰᠦᠳᠠᠨ ᠶᠠᠰᠤᠳᠠᠨ ᠲᠡᠶ ᠬᠠᠷᠢᠴᠠᠭᠤᠯᠤᠨ᠂ ᠦᠪᠡᠷ ᠢ ᠪᠠᠨ ᠳᠡᠯᠡᠭᠡᠢ ᠳ᠋ᠠᠭᠢᠨ ᠳᠤ ᠭᠡᠷᠭᠢᠨ ᠳᠠᠨᠢᠭᠳᠠᠬᠤ ᠶᠢ ᠴᠢᠬᠤᠯᠠᠴᠢᠯᠠᠬᠤ ᠪᠣᠯᠪᠠ᠃ ᠦᠪᠡᠷ ᠤᠨ ᠰᠤᠶᠤᠯ ᠳᠡᠦᠭᠡ ᠶᠢᠨ ᠦᠨ᠎ᠡ ᠥᠷᠳᠡᠭ᠌ ᠤᠨ ᠳᠤᠬᠠᠢ ᠴᠤ ᠰᠢᠨ᠎ᠡ ᠳᠠᠨᠢᠯᠳᠠ ᠲᠡᠶ ᠪᠣᠯᠪᠠ᠃ ᠢᠯᠠᠩᠭ᠋ᠤᠶ᠎ᠠ ᠦᠪᠡᠷ ᠤᠨ ᠣᠯᠠᠮᠵᠢᠯᠠᠯᠳᠤ ᠰᠤᠶᠤᠯ ᠪᠣᠶᠤ ᠴᠢᠨᠠᠭᠰᠢᠳᠠ ᠠᠯᠢᠪᠠ ᠪᠦᠭᠦᠨ ᠨᠢ ᠦᠪᠡᠷ ᠤᠨ ᠣᠷᠤᠰᠢᠨ ᠳᠤᠭᠳᠠᠨᠢᠵᠤ ᠪᠣᠢ ᠣᠠᠴᠠᠭᠠᠢ ᠣᠷᠴᠢᠨ ᠳᠤᠭᠤᠷᠢᠨ ᠪᠠ ᠴᠠᠭ ᠦᠶ᠎ᠡ ᠶᠢᠨ ᠪᠣᠳᠠᠳᠤ ᠪᠠᠢ᠌ᠳᠠᠯ ᠲᠡᠶ ᠵᠥᠷᠢᠴᠡᠯᠳᠦᠭᠦ ᠦᠶ᠎ᠡ ᠳᠤ ᠠᠳᠠᠯᠢ ᠪᠣᠰᠤ ᠦᠵᠡᠯᠳᠠ ᠳᠠᠨᠢᠯᠳᠠ ᠪᠣᠢ ᠪᠣᠯᠪᠠ᠃

ᠳᠡᠭᠡᠷ᠎ᠡ ᠮᠠᠳᠤ ᠶᠢᠨ ᠪᠠᠢ᠌ᠳᠠᠯ ᠨᠢ ᠣᠷᠠᠨ ᠵᠤᠬᠢᠶᠠᠯ ᠤᠨ ᠦᠵᠡᠯ ᠰᠠᠨᠠᠭ᠎ᠠ ᠪᠠᠨ ᠵᠤᠭᠢᠬᠤ ᠭᠡᠮᠵᠢᠶ᠎ᠡ ᠪᠠᠷ ᠢᠯᠠ ᠪᠣᠯᠭᠠᠬᠤ ᠨᠥᠭᠦᠴᠡᠯ ᠪᠣᠯᠤᠯᠴᠠᠭ᠎ᠠ ᠭᠢᠭᠡᠤᠨ ᠭᠡᠷᠡᠭ᠍ᠴᠡᠭᠡ ᠱᠠᠭᠠᠷᠳᠠᠯᠭ᠎ᠠ ᠶᠢ ᠪᠣᠢ ᠪᠣᠯᠭᠠᠪᠠ᠃ ᠡᠢ᠌ᠮᠤ ᠡᠴᠡ ᠣᠷᠠᠨ ᠵᠤᠬᠢᠶᠠᠯ᠂ ᠢᠯᠠᠩᠭ᠋ᠤᠶ᠎ᠠ ᠥᠩᠭᠡᠷᠡᠭ᠍ᠰᠡᠨ ᠤ ᠢᠷᠠᠭᠤ ᠨᠠᠢ᠌ᠷᠠᠭ ᠤᠨ ᠰᠡᠳᠬᠢᠯᠭᠡ ᠶᠢᠨ ᠨᠢᠭᠤᠭᠳᠠᠮᠠᠯ ᠪᠦᠳᠡᠭᠢ ᠰᠢᠠᠵᠢ ᠨᠢ ᠴᠡᠯᠮᠡᠭ᠍ᠰᠢᠭᠦ ᠬᠠᠠᠳᠤᠰᠢ ᠲᠡᠶ ᠪᠣᠯᠵᠤ᠂ ᠰᠠᠨᠠᠭ᠎ᠠ ᠠᠬᠤᠢ ᠶᠢᠨ ᠣᠯᠠᠨ ᠳᠡᠭ᠍ᠳᠡᠷᠯᠢᠭ᠌ ᠪᠠ ᠳᠣᠢ᠌ᠯᠰᠢᠷᠠᠯ ᠢ ᠴᠢᠬᠤᠯᠠᠴᠢᠯᠠᠬᠤ ᠳᠤ ᠪᠠᠨ ᠠᠬᠣᠢ᠌ᠴᠢ ᠣᠷᠤᠨ ᠵᠠᠢ ᠲᠡᠶ ᠪᠠᠢ᠌ᠬᠤ ᠶᠢ ᠠᠩᠬᠠᠷᠬᠤ ᠪᠣᠯᠤᠭᠰᠠᠨ ᠪᠠᠢ᠌ᠨ᠎ᠠ᠃ ᠡᠭᠦᠨ ᠤ ᠵᠡᠷᠭᠡ ᠪᠠᠷ ᠴᠢᠯᠦᠭᠡᠳᠤ ᠪᠢᠴᠢᠯᠭᠡ ᠶᠢᠨ ᠭᠡᠯᠪᠠᠷᠢ ᠲᠡᠶ ᠰᠢᠭᠦᠮᠵᠢ ᠨᠠᠢ᠌ᠷᠠᠭᠤᠯᠤᠯ ᠪᠢᠴᠢᠭᠦ ᠭᠦᠮᠤᠨ ᠨᠠᠯᠢᠶᠠᠤᠨ ᠣᠯᠠᠨ ᠪᠣᠯᠪᠠ᠃ ᠡᠨᠡ ᠭᠦ ᠪᠢᠴᠢᠯᠭᠡ ᠨᠢ ᠦᠪᠣᠷ ᠮᠤᠩᠭ᠋ᠤᠯ ᠣᠷᠠᠨ ᠵᠤᠬᠢᠶᠠᠯ ᠤᠨ ᠳᠠᠪᠴᠠᠩ ᠳᠡᠭᠡᠷ᠎ᠡ ᠦᠷᠨᠢᠯᠳᠠ ᠪᠠᠨ ᠣᠯᠬᠤ ᠬᠠᠠᠳᠤᠰᠢ ᠲᠡᠶ ᠪᠦᠭᠡᠤᠨ ᠠᠬᠣᠢ᠌ᠴᠢ ᠠᠴᠢ ᠬᠤᠯᠪᠣᠭᠳᠠᠯ ᠤᠨ ᠬᠤᠪᠢ ᠳᠤ ᠴᠤ ᠭᠦᠩᠭᠡᠨ ᠮᠤᠷᠢᠳᠤ ᠴᠡᠷᠢᠭ᠌ ᠮᠠᠳᠤ ᠮᠠᠨ ᠤ ᠦᠨᠳᠦᠰᠦᠳᠠᠨ ᠤ ᠡᠨᠡ ᠭᠦ ᠴᠠᠭ ᠣᠷᠴᠢᠨ ᠳᠤ ᠪᠠᠨ ᠳᠤᠳᠠᠭᠳᠠᠵᠤ ᠪᠣᠯᠤᠰᠢ ᠦᠭᠡᠶ ᠴᠢᠬᠤᠯᠠ ᠰᠤᠷᠳᠠᠯ ᠣᠬᠠᠭᠤᠯᠭ᠎ᠠ ᠶᠢᠨ ᠵᠡᠪᠰᠡᠭ᠌ ᠪᠣᠯᠵᠤ ᠪᠠᠢ᠌ᠨ᠎ᠠ᠃ ᠡ᠊ᠨᠳᠡ ᠳᠤᠷ᠎ᠠ ᠶᠢᠨ ᠭᠡᠳᠤᠨ ᠵᠢᠱᠢᠶ᠎ᠠ ᠳᠤᠷᠠᠤᠠᠪᠠᠯ᠄ ᠪ᠊·ᠲᠦᠮᠡᠨᠦ᠌ᠯᠵᠠᠢ ᠶᠢᠨ 《ᠴᠢᠷᠠᠢ》᠂ 《ᠭᠤᠤᠯ ᠤᠨ ᠳᠠᠭᠤᠨ》 ᠳ᠋·ᠦᠨᠡᠨᠴᠢ ᠶᠢᠨ 《ᠪᠠᠢ᠌ᠨ᠎ᠠ ᠦᠦ ᠪᠠᠢ᠌ᠨ᠎ᠠ ᠦᠦ》 ᠴ·ᠣᠶᠤᠠᠳᠠᠯᠠᠢ ᠶᠢᠨ 《ᠳᠦᠭᠡᠷᠢᠯ ᠤᠨ ᠴᠦᠪ》 ᠭᠡᠭᠦ ᠨᠤᠮ ᠤᠳ ᠳᠠᠭᠢ ᠵᠤᠬᠢᠶᠠᠯ ᠮᠠᠳᠤ᠃

ᠭᠤᠷᠪᠠ᠂ ᠦᠪᠣᠷ ᠮᠤᠩᠭ᠋ᠤᠯ ᠣᠷᠠᠨ ᠵᠤᠬᠢᠶᠠᠯ ᠳᠤ ᠠᠬᠤᠢ ᠡᠴᠠ ᠭᠡᠳᠥᠢᠳᠦᠭ᠍ᠰᠡᠨ ᠭᠦᠰᠡᠯᠡᠩ ᠤᠨ ᠳᠦᠷᠢ ᠪᠣᠶᠤ ᠴᠠᠭ ᠦᠶ᠎ᠡ ᠶᠢ ᠵᠠᠭᠠᠭᠯᠠᠬᠤ ᠰᠢᠯᠢᠳᠡᠭ᠌ ᠪᠦᠳᠦᠭᠡᠯ ᠮᠡᠡᠳᠦᠯᠡᠭᠦ ᠭᠦᠷᠦᠰᠤ ᠰᠢᠷᠤᠢ ᠪᠦᠷᠢᠯᠳᠦᠵᠤ ᠪᠣᠢ᠃ ᠣᠯᠠᠨ ᠵᠠᠭᠤᠨ ᠵᠢᠯ ᠤᠨ ᠪᠣᠯᠪᠠᠰᠤᠨ ᠳᠡᠦᠭᠡ ᠰᠤᠶᠤᠯ ᠲᠡᠶ᠂ ᠳᠡᠯᠡᠭᠡᠢ ᠳ᠋ᠠᠭᠢᠨ ᠳᠤ ᠣᠠᠴᠠ ᠨᠠᠷ᠎ᠠ ᠴᠤᠤ ᠲᠡᠶ ᠨᠢᠭᠡᠨ ᠦᠨᠳᠦᠰᠦᠳᠠᠨ ᠤ ᠣᠯᠠᠮᠵᠢᠯᠠᠯᠳᠤ ᠰᠤᠶᠤᠯ ᠰᠡᠳᠭᠢᠭᠦᠢ ᠨᠢ ᠪᠣᠳᠠᠳᠤ ᠠᠬᠤᠢ ᠲᠡᠶ ᠮᠥᠷᠭᠦᠯᠳᠦᠵᠤ ᠨᠤᠭᠤᠷᠠᠯ ᠳᠤ ᠣᠴᠠᠷᠠᠬᠤ ᠦᠶ᠎ᠡ ᠳᠤ ᠨᠢᠭᠡ ᠪᠦᠯᠦᠭ᠌ ᠵᠤᠬᠢᠶᠠᠯᠴᠢᠳ ᠤᠨ ᠣᠶᠤᠨ ᠪᠣᠳᠤᠯ ᠤᠨ ᠭᠦᠨ ᠳᠠᠪᠬᠤᠷᠭ᠎ᠠ ᠳᠤ ᠭᠦᠴᠦᠳᠤ ᠳᠠᠪᠠᠯᠭᠠᠨ ᠡᠭᠦᠰᠭᠦ ᠶᠤᠮ᠃ ᠭᠦᠰᠡᠭᠦᠢᠴᠢ ᠦᠵᠡᠯ ᠤᠨ ᠵᠤᠬᠢᠶᠠᠨ ᠪᠦᠳᠦᠭᠡᠯᠭᠡ ᠶᠢᠨ ᠵᠠᠷᠢᠮ ᠵᠢᠮ᠎ᠠ ᠬᠠᠤᠯᠢ ᠡᠴᠠ ᠠᠪᠴᠤ ᠭᠡᠯᠡᠪᠠᠯ᠂ ᠠᠮᠢᠳᠤᠷᠠᠯ ᠠᠬᠤᠢ ᠳᠤ ᠪᠠᠶᠡᠯᠡᠭ᠍ᠳᠡᠵᠤ ᠳᠡᠢ᠌ᠯᠭᠦ ᠦᠭᠡᠶ ᠡᠷᠢᠯ ᠭᠦᠰᠡᠯ ᠨᠢ ᠵᠤᠬᠢᠶᠠᠯ ᠪᠦᠳᠦᠭᠡᠯ ᠳᠤ ᠭᠦᠰᠡᠯᠡᠩ ᠤᠨ ᠳᠦᠷᠢ ᠪᠣᠯᠵᠤ ᠪᠦᠳᠦᠭᠡᠭ᠍ᠳᠡᠳᠡᠭ᠌᠃ ᠭᠡᠭᠦ ᠳᠤ ᠪᠠᠨ ᠡᠨᠡ ᠭᠦ ᠳᠦᠷᠢ ᠨᠢ ᠭᠡᠳᠦᠢ ᠦᠪᠡᠷᠮᠢᠴᠠ ᠣᠠᠴᠠᠯᠢᠭ ᠪᠦᠭᠦᠢ ᠰᠤᠶᠤᠯ ᠪᠣᠶᠤ ᠵᠠᠩ ᠠᠷᠠᠠᠰᠢᠨ᠂ ᠪᠣᠳᠤᠯ ᠰᠡᠳᠭᠢᠭᠦᠢ ᠳᠤ ᠰᠠᠭᠤᠷᠢᠯᠠᠭᠰᠠᠨ ᠪᠦᠭᠡᠤᠨ ᠭᠡᠳᠦᠢ ᠭᠦᠰᠡᠯᠡᠩᠴᠢᠯᠡᠭᠦ ᠳᠤᠳᠤᠮ ᠳᠠᠳᠤᠢ ᠭᠣᠢ᠌ᠳᠠ ᠰᠥᠷᠯᠢᠭ᠌᠂ ᠣᠠᠴᠠ ᠴᠤᠯᠭᠤᠷᠠᠮ᠎ᠠ᠂ ᠦᠨ᠎ᠡ ᠴᠠᠨ᠎ᠠ ᠲᠡᠶ ᠪᠣᠯᠳᠠᠭ᠃ ᠭᠦᠮᠤᠨ ᠲᠦᠷᠦᠯᠭᠢᠳᠠᠨ ᠤ ᠣᠷᠠᠨ ᠵᠤᠬᠢᠶᠠᠯ ᠤᠨ ᠣᠤᠭᠠᠯ ᠭᠡᠯᠪᠠᠷᠢ ᠊᠊᠊᠊᠊᠊᠊᠊᠊᠊᠊᠊᠊᠊᠊ ᠰᠢᠳᠢᠳᠤ ᠥᠯᠢᠭᠡᠷ᠂ ᠳᠤᠮᠤᠭ ᠶᠠᠷᠢᠶ᠎ᠠ ᠡᠢ᠌ᠮᠤ ︔ ᠳᠡᠯᠡᠭᠡᠢ ᠶᠢᠨ ᠦᠨᠳᠦᠰᠦᠳᠠᠨ ᠨᠤᠭᠦᠳ ᠤᠨ ᠣᠷᠠᠨ ᠵᠤᠬᠢᠶᠠᠯ ᠤᠨ ᠳᠡᠦᠭᠡᠨ ᠳ᠋ᠠᠭᠢ ᠭᠡᠷᠡᠯᠳᠤ ᠴᠠᠮᠬᠠᠭ ᠊᠊᠊᠊᠊᠊᠊᠊᠊᠊᠊᠊᠊᠊᠊ ᠪᠠᠭᠠᠳᠤᠷᠯᠢᠭ ᠳᠤᠤᠯᠢ (ᠮᠠᠨ ᠦᠨᠳᠦᠰᠦᠳᠠᠨ ᠳᠤ ᠪᠣᠯ᠄ ᠭᠡᠰᠡᠷ᠂ ᠵᠢᠩᠭ᠋ᠠᠷ) ᠡᠢ᠌ᠮᠤ᠃

ᠦᠪᠣᠷ ᠮᠤᠩᠭ᠋ᠤᠯ ᠣᠷᠠᠨ ᠵᠤᠬᠢᠶᠠᠯ ᠳᠤ᠂ ᠳᠡᠭᠡᠷ᠎ᠡ ᠵᠣᠢ᠌ᠯ ᠳᠤ ᠳᠤᠷᠠᠳᠤᠭᠰᠠᠨ ᠮᠠᠳᠤ ᠣᠯᠠᠮ ᠶᠢᠡᠷ ᠠᠬᠣᠢ᠌ᠴᠢ ᠦᠵᠡᠯ ᠰᠠᠨᠠᠭ᠎ᠠ ᠲᠡᠶ ᠪᠣᠯᠵᠤ ᠪᠠᠢ᠌ᠬᠤ ᠢᠯᠠᠷᠠᠯ ᠡᠴᠠ ᠭᠠᠳᠠᠨ᠎ᠠ ᠪᠠᠰᠠ ᠪᠣᠳᠠᠳᠤ ᠠᠬᠤᠢ ᠪᠣᠯᠤᠨ ᠣᠯᠠᠮᠵᠢᠯᠠᠯᠳᠤ ᠰᠡᠳᠭᠢᠭᠦᠢ ᠶᠢᠨ ᠬᠤᠭᠤᠷᠤᠠᠳᠤᠭᠢ ᠵᠦᠷᠢᠶ᠎ᠠ ᠣᠯᠠᠮ ᠳᠤᠳᠤᠷᠬᠠᠢ ᠪᠣᠯᠬᠤ ᠶᠢ ᠳᠠᠭᠠᠯᠳᠤᠨ ᠭᠦᠰᠡᠭᠦᠢᠴᠢ ᠦᠵᠡᠯ ᠤᠨ ᠥᠩᠭᠡ ᠭᠢᠯᠪᠠᠭ᠎ᠠ ᠪᠦᠭᠦᠢ ᠳᠦᠷᠢ ᠨᠤᠭᠦᠳ ᠪᠦᠳᠦᠭᠡᠭ᠍ᠳᠡᠵᠤ ᠪᠣᠢ᠃ ᠮᠤᠩᠭ᠋ᠤᠯ ᠦᠨᠳᠦᠰᠦᠳᠠᠨ ᠤ ᠦᠪᠡᠷᠮᠢᠴᠠ ᠣᠠᠴᠠᠯᠢᠭ ᠶᠢᠡᠷ ᠳᠤᠳᠤᠷᠠᠭᠤᠨ ᠭᠠᠢ᠌ᠬᠠᠮᠰᠢᠭᠳᠤ ᠳᠡᠦᠭᠡ ᠰᠤᠶᠤᠯ ᠨᠢ ᠣᠷᠠᠨ ᠵᠤᠬᠢᠶᠠᠯ ᠤᠨ ᠰᠥᠷᠯᠢᠭ᠌ ᠭᠠᠢ᠌ᠬᠠᠮᠰᠢᠭᠳᠤ ᠳᠦᠷᠢ᠂ ᠰᠤᠳᠤᠨ ᠴᠤᠯᠭᠤᠷᠠᠮ᠎ᠠ ᠪᠦᠳᠦᠭᠡᠯ ᠪᠠ ᠠᠯᠳᠠᠷ ᠴᠤᠤᠳᠤ ᠶᠡᠭᠡ ᠵᠤᠬᠢᠶᠠᠯᠴᠢ ᠶᠢ ᠳᠦᠷᠦᠭᠦᠯᠭᠦ ᠶᠤᠰᠤᠳᠠᠢ᠃

ᠳᠦᠷᠪᠡ᠂ ᠵᠤᠬᠢᠶᠠᠨ ᠪᠢᠴᠢᠭᠦ ᠠᠵᠢᠯᠯᠠᠭ᠎ᠠ ᠣᠯᠠᠮ ᠶᠢᠡᠷ ᠴᠢᠯᠦᠭᠡᠵᠢᠵᠤ᠂ ᠭᠡᠯᠪᠠᠷᠢ ᠮᠠᠶ‍ᠢᠭ ᠨᠢ ᠪᠠᠶᠠᠯᠢᠭᠵᠢᠪᠠ᠃ ᠣᠷᠠᠨ ᠵᠤᠬᠢᠶᠠᠯ ᠤᠨ ᠭᠡᠯᠪᠠᠷᠢ ᠶᠢᠨ ᠳᠠᠯ᠎ᠠ ᠪᠠᠷ ᠴᠢᠯᠦᠭᠡᠳᠤ ᠪᠢᠴᠢᠯᠭᠡ᠂ ᠭᠢᠫ ᠬᠤᠫ ᠁ ᠭᠡᠭᠦ ᠮᠠᠳᠤ ᠶᠢᠨ ᠭᠡᠯᠪᠠᠷᠢ ᠮᠠᠶ‍ᠢᠭ ᠤᠳ ᠪᠣᠢ ᠪᠣᠯᠤᠭᠰᠠᠨ ᠪᠣᠶᠤ ᠥᠷᠨᠢᠭᠦ ᠪᠣᠯᠤᠭᠰᠠᠨ ᠪᠠᠢ᠌ᠨ᠎ᠠ᠃ ᠢᠯᠠᠩᠭ᠋ᠤᠶ᠎ᠠ ᠰᠦᠯᠵᠢᠶᠠᠨ ᠤ ᠣᠷᠠᠨ ᠵᠤᠬᠢᠶᠠᠯ ᠪᠣᠢ ᠪᠣᠯᠤᠭᠰᠠᠨ ᠪᠠ ᠨᠤᠮ ᠪᠢᠴᠢᠭ᠌ ᠭᠡᠪᠯᠡᠨ ᠳᠠᠷᠬᠠᠬᠤ ᠠᠵᠢᠯ ᠴᠢᠯᠦᠭᠡᠳᠡᠢ ᠪᠣᠯᠤᠭᠰᠠᠨ ᠳᠤᠯᠠ ᠪᠠᠭ᠎ᠠ ᠰᠤᠷᠭᠠᠭᠤᠯᠢ ᠶᠢᠨ ᠰᠤᠷᠤᠭᠴᠢ ᠴᠤ ᠵᠤᠬᠢᠶᠠᠯ ᠨᠡᠢ᠌ᠳᠡᠯᠡᠭᠦᠯᠵᠤ ᠨᠤᠮ ᠭᠡᠪᠯᠡᠭᠦᠯᠭᠦ ᠭᠡᠮᠵᠢᠶᠡᠨ ᠳᠤ ᠭᠦᠷᠪᠡ᠃ ᠡᠨᠡ ᠨᠢ ᠵᠤᠬᠢᠶᠠᠯ ᠨᠡᠢ᠌ᠳᠡᠯᠡᠭᠦᠯᠦᠭ᠍ᠰᠡᠨ ᠪᠦᠭᠦᠨ ᠢ ᠵᠤᠬᠢᠶᠠᠨ ᠪᠢᠴᠢᠭᠦ ᠴᠢᠳᠠᠪᠣᠷᠢ ᠨᠢ ᠶᠠᠮᠠᠷ ᠨᠢᠭᠡᠨ ᠭᠡᠮᠵᠢᠶᠡᠨ ᠳᠤ ᠭᠦᠷᠦᠯ᠎ᠡ ᠭᠡᠮᠡᠨ ᠳᠤᠳᠤᠯᠠᠬᠤ ᠶᠢᠨ ᠠᠷᠭ᠎ᠠ ᠦᠭᠡᠶ ᠪᠣᠯᠭᠠᠭᠰᠠᠨ ᠪᠣᠯᠪᠠᠴᠤ ᠠᠷᠠᠤᠨ ᠣᠯᠠᠨ ᠤ ᠵᠤᠬᠢᠶᠠᠨ ᠪᠢᠴᠢᠭᠦ ᠣᠷᠮ᠎ᠠ ᠪᠠᠬ᠎ᠠ ᠪᠠ ᠵᠤᠬᠢᠶᠠᠭᠴᠢ ᠶᠢ ᠭᠦᠮᠦᠵᠢᠭᠦᠯᠭᠦ ᠨᠥᠭᠦᠴᠡᠯ ᠪᠣᠯᠤᠯᠴᠠᠭ᠎ᠠ ᠶᠢ ᠶᠡᠭᠡᠭᠡᠨ ᠳᠡᠭᠡᠭ᠍ᠰᠢᠯᠡᠭᠦᠯᠪᠡ᠃ ᠣᠢ᠌ᠷ᠎ᠠ ᠶᠢᠨ ᠬᠤᠶᠠᠷ ᠵᠢᠯ ᠳᠤ ᠪᠢᠷ ᠤᠨ ᠴᠢᠭᠤᠯᠭᠠᠨ᠂ ᠵᠤᠬᠢᠶᠠᠯ ᠤᠨ ᠣᠷᠤᠯᠳᠤᠭᠠᠨ ᠁ ᠵᠡᠷᠭᠡ ᠠᠷᠠᠤᠨ ᠣᠯᠠᠨ ᠦᠪᠡᠷ ᠶᠢᠡᠨ ᠵᠤᠬᠢᠶᠠᠨ ᠪᠠᠢ᠌ᠭᠤᠯᠤᠭᠰᠠᠨ ᠭᠦᠳᠡᠯᠭᠡᠭᠡᠨ ᠬᠤᠳᠠ ᠭᠦᠳᠡᠭᠡ ᠦᠭᠡᠶ᠂ ᠣᠶᠤᠳᠠᠨ ᠰᠡᠭᠡᠭᠡᠳᠡᠨ ᠡᠴᠡ ᠮᠠᠯᠴᠢᠨ ᠠᠷᠠᠤᠨ ᠲᠤ ᠭᠦᠷᠳᠡᠯ᠎ᠡ ᠥᠷᠨᠢᠭᠦ ᠪᠣᠯᠵᠤ᠂ ᠵᠤᠬᠢᠶᠠᠨ ᠪᠦᠳᠦᠭᠡᠭᠦ ᠠᠵᠢᠯᠯᠠᠭ᠎ᠠ ᠨᠢ ᠵᠢᠩᠭᠢᠨᠢ ᠡᠷᠭᠡ ᠴᠢᠯᠦᠭᠡ ᠲᠡᠶ ᠣᠯᠠᠨ ᠲᠦᠮᠡᠠᠴᠢ ᠠᠵᠢᠯᠯᠠᠭ᠎ᠠ ᠪᠣᠯᠵᠠᠢ᠃ ᠡᠨᠡ ᠪᠦᠭᠦᠨ ᠨᠢ ᠵᠤᠬᠢᠶᠠᠨ ᠪᠦᠳᠦᠭᠡᠭᠦ ᠣᠯᠠᠨ ᠲᠦᠮᠡᠠᠴᠢ ᠰᠠᠭᠤᠷᠢ ᠶᠢ ᠵᠤᠵᠠᠭᠠᠤᠠᠬᠠᠭᠰᠠᠨ ᠡᠴᠠ ᠣᠷᠠᠨ ᠵᠤᠬᠢᠶᠠᠯ ᠤᠨ ᠭᠦᠭ᠍ᠵᠢᠯᠳᠡ ᠶᠢ ᠲᠦᠯᠬᠢᠨ ᠠᠭᠢᠭᠤᠯᠬᠤ ᠶᠤᠰᠤᠳᠠᠢ᠃

ᠪᠠᠭᠴᠠᠯᠠᠪᠠᠯ᠂ ᠦᠪᠣᠷ ᠮᠤᠩᠭ᠋ᠤᠯ ᠣᠷᠠᠨ ᠵᠤᠬᠢᠶᠠᠯ ᠨᠢ ᠦᠵᠡᠯ ᠰᠠᠨᠠᠭ᠎ᠠ ᠪᠠᠨ ᠢᠯᠡᠳᠭᠡᠭᠦ ᠭᠡᠯᠪᠠᠷᠢ ᠶᠢᠨ ᠬᠤᠪᠢ ᠳᠤ ᠣᠯᠠᠮ ᠶᠢᠡᠷ ᠢᠯᠠ᠂ ᠴᠡᠯᠮᠡᠭ᠍ᠰᠢᠭᠦ ᠬᠠᠠᠳᠤᠰᠢ ᠲᠡᠶ ᠪᠣᠯᠵᠤ ᠪᠠᠢ᠌ᠭ᠎ᠠ ᠶᠠᠪᠣᠳᠠᠯ ᠪᠣᠯ ᠣᠷᠠᠨ ᠵᠤᠬᠢᠶᠠᠯ ᠤᠨ ᠠᠬᠣᠢ᠌ᠴᠢ ᠠᠴᠢ ᠬᠤᠯᠪᠣᠭᠳᠠᠯ ᠳᠡᠭᠡᠭ᠍ᠰᠢᠯᠡᠵᠤ ᠪᠠᠢ᠌ᠭ᠎ᠠ ᠰᠠᠢ᠌ᠨ ᠢᠯᠠᠷᠠᠯ ᠮᠦᠨ᠃ ᠦᠨᠳᠦᠰᠦᠳᠠᠨ ᠤ ᠠᠬᠤᠢ ᠠᠮᠢᠳᠤᠷᠠᠯ ᠪᠠ ᠬᠤᠪᠢ ᠵᠠᠶᠠᠭᠠᠨ ᠳᠤ ᠳᠤᠩᠭ᠋ᠠᠭᠠᠯᠳᠠ ᠭᠢᠵᠤ ᠣᠶᠠᠷᠠᠭᠤᠨ ᠴᠢᠮᠪᠠᠢ ᠭᠤᠨᠢᠭᠳᠤ ᠭᠤᠸ᠎ᠠ ᠰᠠᠢ᠌ᠬᠠᠨ ᠢ ᠪᠦᠳᠦᠭᠡᠭᠦ ︔ ᠠᠬᠤᠢ ᠡᠴᠠ ᠭᠡᠳᠥᠢ᠌ᠳᠦᠭ᠍ᠰᠡᠨ ᠭᠦᠰᠡᠯᠡᠩ ᠤᠨ ᠳᠦᠷᠢ ᠶᠢ ᠪᠦᠳᠦᠭᠡᠭᠦ ᠭᠦᠷᠦᠰᠤ ᠰᠢᠷᠤᠢ ᠪᠦᠷᠢᠯᠳᠦᠵᠤ ᠪᠠᠢ᠌ᠬᠤ ︔ ᠵᠤᠬᠢᠶᠠᠨ ᠪᠢᠴᠢᠭᠦ ᠠᠵᠢᠯᠯᠠᠭ᠎ᠠ ᠣᠯᠠᠮ ᠶᠢᠡᠷ ᠴᠢᠯᠦᠭᠡᠵᠢᠵᠤ ᠭᠡᠯᠪᠠᠷᠢ ᠮᠠᠶ‍ᠢᠭ ᠨᠢ ᠪᠠᠶᠠᠯᠢᠭᠵᠢᠵᠤ ᠪᠠᠢ᠌ᠬᠤ ᠵᠡᠷᠭᠡ ᠪᠣᠯ ᠴᠦᠮ ᠣᠷᠠᠨ ᠵᠤᠬᠢᠶᠠᠯ ᠤᠨ ᠰᠢᠨ᠎ᠡ ᠭᠦᠭ᠍ᠵᠢᠯᠳᠡ ᠶᠢ ᠠᠪᠴᠢᠷᠠᠬᠤ ᠰᠠᠢ᠌ᠨ ᠨᠥᠭᠦᠴᠡᠯ᠂ ᠶᠡᠭᠡ ᠵᠤᠬᠢᠶᠠᠯᠴᠢ ᠮᠡᠡᠳᠦᠯᠡᠭᠦ ᠶᠢᠨ ᠭᠡᠭᠡᠨ ᠰᠤᠪᠢᠩ ᠪᠣᠶᠤ︕

ᠵᠤᠬᠢᠶᠠᠭᠴᠢ ᠶᠢᠨ ᠬᠠᠶ‍ᠢᠭ᠄ ᠣᠷᠳᠤᠰ ᠬᠤᠳᠠ ᠶᠢᠨ ᠳ᠋ᠦᠠᠢᠱᠸᠩ


ᠵᠤᠬᠢᠶᠠᠭᠴᠢ᠄ ᠪᠠᠶᠠᠨᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12096
ᠴᠠᠭ᠄ 2009 ᠤᠨ ᠤ 12 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ