☆ ᠪᠠ᠊·ᠵᠠᠰᠠᠨ᠎ᠠ
ᠵᠢᠩᠭᠠᠷ (ᠡᠬᠢᠨ ᠪᠦᠯᠦᠭ)
ᠣᠯᠠᠨ ᠪᠦᠯᠦᠭ᠌ ᠲᠡᠶ ᠷᠠᠳᠢᠤ᠋ ᠵᠥᠴᠦᠭᠡ
ᠨᠢᠭᠡᠳᠦᠭᠡᠷ ᠪᠦᠯᠦᠭ᠌ ᠵᠢᠩᠭ᠋ᠡᠷ ᠤᠨ ᠢᠯᠡᠳᠡᠭ᠍ᠰᠡᠨ ᠪᠠ ᠦᠨᠦᠴᠢᠨ ᠬᠤᠴᠤᠷᠤᠭᠰᠠᠨ
[ᠣᠷᠤᠰᠢᠯ ᠠᠶᠠᠰ (ᠭᠦᠭ᠍ᠵᠢᠮ1 ᠊᠊᠊᠊᠊᠊᠊᠊᠊᠊᠊᠊᠊᠊᠊ 01) ᠊ᠤᠨ ᠳᠤᠮᠳᠠ ᠳᠠᠢ᠌ᠯᠪᠣᠷᠢᠯᠠᠭᠴᠢ ᠳᠤᠰ ᠵᠥᠴᠦᠭᠡ ᠶᠢᠨ ᠪᠦᠯᠦᠭ᠌ ᠤᠨ ᠭᠠᠷᠴᠠᠭ ᠪᠠ ᠵᠥᠴᠦᠭᠡ ᠶᠢᠨ ᠠᠵᠢᠯᠳᠠᠤᠨ ᠢ ᠳᠠᠨᠢᠯᠴᠠᠭᠤᠯᠤᠨ᠎ᠠ ]
* * *
[ᠭᠦᠭ᠍ᠵᠢᠮ (ᠭᠦᠭ᠍ᠵᠢᠮ1 ᠊᠊᠊᠊᠊᠊᠊᠊᠊᠊᠊᠊᠊᠊᠊ 02) ᠊᠊᠊᠊᠊᠊᠊᠊᠊᠊᠊᠊᠊᠊᠊ ᠣᠩᠭ᠋ᠤᠨ ᠪᠠᠢ᠌ᠭᠠᠯᠢ ᠶᠢᠨ ᠥᠩᠭᠡ ᠦᠵᠡᠮᠵᠢ ᠶᠢ ᠢᠯᠡᠷᠡᠭᠦᠯᠦᠭ᠍ᠰᠡᠨ᠂ ᠣᠶᠠᠩᠭ᠋ᠠᠯᠠᠭ ᠢᠳᠡᠷᠡᠭᠦᠨ ᠭᠦᠭ᠍ᠵᠢᠮ ᠶᠢᠡᠷ ᠳᠡᠪᠢᠰᠭᠡᠷᠯᠡᠵᠤ ᠁
ᠳᠠᠢ᠌ᠯᠪᠣᠷᠢ᠄ ᠭᠠᠳᠠᠭᠠᠳᠤ ᠶᠡᠭᠡ ᠳᠠᠯᠠᠢ ᠴᠠᠯᠴᠢᠭ ᠴᠠᠭ ᠲᠤ ᠭᠡᠨ᠎ᠡ
ᠭᠠᠯᠪᠢᠷ ᠽᠠᠠᠳᠠᠨ᠂ ᠨᠠᠢ᠌ᠳᠠᠭ ᠴᠠᠭ ᠲᠤ ᠭᠡᠨ᠎ᠡ
ᠳᠤᠳᠢ ᠰᠢᠪᠠᠭᠤᠨ ᠳᠤᠯᠤᠭᠠᠢ ᠳ᠋ᠤᠨᠢ ᠭᠦᠷᠴᠤ ᠳᠤᠤᠷᠯᠠᠭᠠᠤᠨ ᠥᠭᠡᠢ
ᠳᠤᠭᠤᠷᠠᠢ ᠲᠡᠶ ᠶᠠᠭᠤᠮᠠᠨ ᠬᠤᠷᠮᠤᠢ ᠳ᠋ᠤᠨᠢ ᠭᠦᠷᠴᠤ ᠭᠢᠰᠭᠢᠭᠡᠳ ᠥᠭᠡᠢ
ᠳᠤᠭᠤᠰ ᠠᠯᠳᠠᠢ ᠶᠢᠨ ᠪᠠᠷᠠᠭᠤᠨ ᠰᠤᠭᠤ ᠳ᠋ᠤ
ᠦᠯ ᠮᠠᠩᠬᠠᠨ ᠴᠠᠭᠠᠨ ᠠᠭᠤᠯᠠ ᠶᠢᠨ
ᠡᠯᠢᠭᠡᠨ ᠳ᠋ᠤᠨᠢ ᠪᠠᠢ᠌ᠷᠢᠯᠠᠭᠰᠠᠨ
ᠠᠯᠳᠠᠷ ᠳᠤᠷᠴᠠ ᠬᠠᠭᠠᠨ ᠤ ᠦᠯᠠᠳᠠᠯ
ᠮᠡᠷᠭᠡᠨ ᠳᠤᠷᠴᠠ ᠬᠠᠭᠠᠨ ᠤ ᠬᠤᠭ
ᠳᠠᠷᠢᠶᠠᠴᠢᠨ ᠮᠠᠩᠬᠠᠨ ᠮᠠᠩᠨᠠᠢ ᠶᠢᠨ ᠭᠤᠯᠤᠮᠳᠠ
ᠳᠠᠪᠭᠢ ᠳᠠᠪᠭᠢ ᠨᠠᠴᠢᠨ ᠤ ᠳᠠᠯᠢ᠌ᠭᠢ
ᠳᠠᠭᠢ ᠳᠠᠭᠢ ᠶᠢᠨ ᠵᠢᠯᠢ᠌ᠭᠢ
ᠳᠠᠭᠢᠯ ᠵᠤᠯᠠ ᠬᠠᠭᠠᠨ ᠤ ᠠᠴᠢ
ᠳᠠᠩᠰᠤᠭ ᠪᠣᠮᠪᠠ ᠬᠠᠭᠠᠨ ᠤ ᠭᠦᠪᠠᠭᠦᠨ
ᠦᠵᠤᠩ ᠠᠯᠳᠠᠷ ᠬᠠᠭᠠᠨ ᠭᠡᠵᠤ ᠪᠠᠢ᠌ᠵᠤ ᠭᠡᠨ᠎ᠡ ᠁
[ᠭᠦᠭ᠍ᠵᠢᠮ1 ᠊᠊᠊᠊᠊᠊᠊᠊᠊᠊᠊᠊᠊᠊᠊ 02 ᠊ᠤᠨ ᠦᠷᠭᠦᠯᠵᠢᠯᠡᠯ ᠁
ᠨᠢᠭᠡ ᠡᠳᠦᠷ ᠦᠵᠤᠩ ᠠᠯᠳᠠᠷ ᠬᠠᠭᠠᠨ ᠤ ᠬᠠᠳᠤᠨ
ᠣᠰᠤᠨ ᠬᠠᠤᠨ ᠤᠨ ᠬᠠᠭᠠᠨ ᠤ ᠭᠡᠦᠭᠡᠨ
ᠣᠷᠠᠮ ᠴᠠᠴᠠᠨ ᠳᠠᠮᠪᠣᠱᠤ ᠵᠢᠨ
ᠴᠠᠭᠠᠨ ᠳᠦᠷᠤ ᠪᠠᠷᠢᠳᠠᠭ ᠴᠠᠭ ᠨᠢ ᠪᠣᠯᠵᠤ ᠭᠡᠨ᠎ᠡ ᠁
[ᠭᠦᠭ᠍ᠵᠢᠮ1 ᠊᠊᠊᠊᠊᠊᠊᠊᠊᠊᠊᠊᠊᠊᠊ 03 ᠊᠊᠊᠊᠊᠊᠊᠊᠊᠊᠊᠊᠊᠊᠊ ᠳᠦᠭ᠍ᠰᠢᠭᠦᠷᠢ ᠲᠡᠶ ᠪᠠᠴᠢᠮ ᠪᠠᠢ᠌ᠳᠠᠯ ᠢ ᠢᠯᠡᠷᠡᠭᠦᠯᠦᠭ᠍ᠰᠡᠨ ᠰᠡᠳᠬᠢᠯᠭᠡ ᠲᠡᠶ᠁ ᠡᠮᠡᠭ᠍ᠳᠡᠢ ᠭᠦᠮᠤᠨ ᠤ ᠵᠤᠪᠠᠬᠤ ᠳᠠᠭᠤ ᠁ ᠰᠠᠠᠳᠤᠷᠴᠤ ᠭᠦᠶᠦᠯᠳᠡᠭ᠍ᠰᠡᠨ ᠭᠦᠯ ᠤᠨ ᠴᠢᠮᠡᠭᠡᠨ ᠁
ᠡᠮᠡᠭ᠍ᠳᠡᠢA᠄ (ᠵᠤᠪᠠᠵᠤ) ᠶᠠᠭᠠᠭᠢᠳᠠᠭ ᠪᠢᠯᠠ ᠪᠢ ᠣᠳᠤ ⁈ ᠬᠠᠭᠠᠨ ᠪᠠᠰᠠ ᠦᠷᠦᠭᠡᠢ ᠳᠡᠭᠡᠨ ᠦᠭᠡᠶ ᠳᠤ ᠬᠠᠳᠤᠨ ᠭᠡᠨᠡᠳᠲᠡ ᠵᠤᠪᠠᠭᠠᠤᠨ ᠁
ᠡᠮᠡᠭ᠍ᠳᠡᠢB᠄ ᠪᠢᠳᠡᠭᠡᠢ ᠠᠶᠤ︕ ᠦᠷ᠎ᠡ ᠭᠠᠷᠭᠠᠨ᠎ᠠ ᠭᠡᠳᠡᠭ᠌ ᠡᠮ᠎ᠡ ᠭᠦᠮᠤᠨ ᠤ ᠵᠠᠶᠠᠭᠠᠨ᠃ ᠢᠩᠭᠢᠵᠤ ᠵᠤᠪᠠᠵᠤ ᠪᠠᠢ᠌ᠭᠠᠤᠨ ᠯᠠ ᠭᠠᠷᠭᠠᠳᠠᠭ ᠡᠰᠡ ᠪᠣᠯᠬᠤ ᠦᠦ⁈
ᠡᠮᠡᠭ᠍ᠳᠡᠢA᠄ ᠦᠭᠡᠶ︕ ᠭᠡᠳᠤᠨ ᠡᠳᠦᠷ ᠢᠩᠭᠢᠵᠤ ᠵᠤᠪᠠᠨ᠎ᠠ ᠭᠡᠳᠡᠭ᠌ ᠁ ᠳᠤᠳᠤᠷᠠᠭᠢ ᠨᠢᠯᠬ᠎ᠠ ᠨᠢ ᠠᠷᠢᠨᠠᠵᠤ ᠣᠳᠤᠭᠰᠠᠨ ᠦᠭᠡᠶ ᠦᠦ︖
ᠡᠮᠡᠭ᠍ᠳᠡᠢB᠄ ᠮᠠᠭᠤ ᠢᠷᠸ᠎ᠠ ᠲᠡᠶ ᠶᠠᠭᠤᠮ᠎ᠠ ᠪᠢᠳᠡᠭᠡᠢ ᠭᠡᠯᠡ︕
ᠡᠮᠡᠭ᠍ᠳᠡᠢA᠄ (ᠭᠡᠷ ᠡᠴᠡ ᠰᠠᠠᠳᠤᠷᠤᠨ ᠭᠠᠷᠴᠤ ᠢᠷᠡᠭᠡᠳ ᠳᠡᠭᠡᠷ᠎ᠡ ᠳᠠᠭᠤ ᠪᠠᠷ ᠠᠭᠤᠷ ᠲᠡᠶ ᠪᠠᠷ) ᠶᠠᠭᠤ ᠭᠡᠳ ᠳᠡᠭ᠍ᠳᠡᠯᠳᠡᠭᠡᠳ ᠪᠠᠢ᠌ᠴᠠᠭᠠᠨ᠎ᠠ ᠳᠠ ⁈ ᠴᠠᠭᠠᠨ᠎ᠠ ᠴᠢᠨᠢ ᠬᠠᠳᠤᠨ ᠭᠡᠴᠡᠭᠦᠤ ᠪᠣᠯᠵᠤ ᠪᠠᠢ᠌ᠬᠤᠯ᠎ᠠ ᠁ ᠴᠠᠭᠠᠳᠤᠭᠢ ᠴᠡᠷᠢᠭ᠌ ᠤᠳ ᠲᠡᠭᠡᠨ ᠭᠡᠯᠡ︕ ᠫᠣᠤ ᠬᠨ ᠭᠡᠵᠤ ᠪᠠᠢ᠌ᠨ᠎ᠠ ᠬᠡ︕ ᠥᠭᠡᠷ ᠳᠤᠪ ᠬᠠᠭᠠᠳᠤᠭᠠᠢ︕
(ᠵᠠᠷᠯᠢᠭ ᠣᠯᠠᠮᠵᠢᠯᠠᠭᠳᠠᠨ ᠣᠳᠠᠯ ᠦᠭᠡᠶ ᠥᠭᠡᠷ ᠳᠤᠪ ᠨᠢᠷᠳᠠ ᠨᠢᠷᠳᠠ ᠭᠡᠳ ᠭᠡᠳᠦᠢ ᠬᠠᠷᠪᠣᠭᠳᠠᠵᠤ᠂ ᠬᠠᠳᠤᠨ ᠭᠦᠴᠦᠳᠡᠢ ᠭᠡᠳᠦᠢ ᠪᠠᠷᠭᠢᠷᠠᠨ ᠁ ᠨᠠᠮ ᠵᠢᠮ ᠪᠣᠯᠤᠨ᠎ᠠ᠃)
ᠡᠮᠡᠭ᠍ᠳᠡᠢC᠄ (ᠭᠡᠷ ᠳᠤᠳᠤᠷ᠎ᠠ ᠡᠴᠠ) ᠪᠣᠷᠬᠠᠨ ᠮᠢᠨᠢ︕ ᠬᠠᠳᠤᠨ ᠭᠦᠩᠭᠡᠵᠢᠯ᠎ᠡ︕
ᠡᠮᠡᠭ᠍ᠳᠡᠢB᠄ (ᠣᠯᠠᠨ ᠳᠤ ᠣᠯᠠᠮᠵᠢᠯᠠᠨ) ᠬᠠᠳᠤᠨ ᠭᠦᠩᠭᠡᠵᠢᠯ᠎ᠡ︕ ᠬᠠᠳᠤᠨ ᠭᠦᠩᠭᠡᠵᠢᠯ᠎ᠡ︕ (ᠡᠨᠡ ᠥᠭᠡ ᠠᠮᠠ ᠳᠠᠮᠵᠢᠨ ᠴᠤᠤᠷᠢᠶᠠᠳᠤᠵᠤ ᠬᠤᠯᠠᠵᠢᠨ᠎ᠠ ᠁ ᠠᠶᠤᠬᠤ ᠪᠠ ᠪᠠᠶᠠᠷ ᠪᠠᠶᠠᠰᠬᠤᠯᠠᠩ ᠳᠡᠪᠬᠤᠴᠠᠭᠰᠠᠨ ᠭᠦᠭ᠍ᠵᠢᠮ1 ᠊᠊᠊᠊᠊᠊᠊᠊᠊᠊᠊᠊᠊᠊᠊ 04 ᠁)
ᠡᠮᠡᠭ᠍ᠳᠡᠢC᠄ (ᠵᠠᠯᠪᠠᠷᠢᠵᠤ) ᠡ ᠁ ᠪᠣᠷᠬᠠᠨ ᠮᠢᠨᠢ︕ ᠭᠦᠮᠤᠨ ᠪᠢᠰᠢ᠂ ᠭᠤᠯᠭᠤᠢ ᠲᠡᠶ ᠣᠰᠤᠨ ᠭᠠᠷᠳᠠᠭ ᠨᠢ ᠶᠠᠭᠤᠨ ᠪᠣᠢ︖
ᠬᠠᠳᠤᠨ᠄ (ᠴᠤᠴᠢᠵᠤ ᠵᠤᠪᠠᠭᠰᠠᠨ ᠳᠠᠭᠤ ᠪᠠᠷ) ᠶᠠᠭᠤᠨ ᠭᠡᠨ᠎ᠡ ᠴᠢ︖
ᠨᠢᠯᠬ᠎ᠠ ᠵᠢᠩᠭ᠋ᠠᠷ᠄ (ᠭᠤᠯᠭᠤᠢ ᠳᠤᠳᠤᠷ᠎ᠠ ᠡᠴᠠ ᠬᠡᠦᠬᠡᠳ ᠤᠨ ᠳᠠᠭᠤᠨ ᠭᠠᠷᠴᠤ) ᠡᠵᠢ ᠡ︕ ᠡᠵᠢ ᠡ︕ ᠠᠪᠣ ᠮᠢᠨᠢ ᠶᠠᠭᠠᠭᠢᠯ᠎ᠠ︖ ᠠᠷᠢᠨᠠᠭᠠᠤᠨ ᠪᠠᠢ᠌ᠭᠰᠠᠨ ᠭᠡᠪᠳᠡᠢ ᠪᠣᠯᠪᠠ ᠪᠢ︕ ᠠᠷᠭ᠎ᠠ ᠶᠠᠭᠤᠨ ᠪᠢᠯᠠ ⁈
ᠡᠮᠡᠭ᠍ᠳᠡᠢ A᠄ (ᠠᠶᠤᠵᠤ ᠴᠤᠴᠢᠨ ᠪᠠᠷᠭᠢᠷᠠᠵᠤ) ᠪᠣᠷᠬᠠᠨ ᠮᠢᠨᠢ︕ ᠣᠳᠤ ᠶᠠᠭᠠᠭᠢᠳᠠᠭ ᠪᠢᠯᠠ ᠪᠢ ⁉
ᠡᠮᠡᠭ᠍ᠳᠡᠢC᠄ (ᠣᠭᠢᠵᠤ) ᠪᠢᠳᠡᠭᠡᠢ ᠮᠠᠭᠤ ᠳᠠᠭᠤ ᠭᠠᠷ︕
ᠡᠮᠡᠭ᠍ᠳᠡᠢA᠄ ᠡᠨᠡ ᠴᠢᠨᠢ ᠁ ᠥᠭᠡ ᠭᠡᠯᠡᠵᠤ ᠪᠠᠢ᠌ᠨ᠎ᠠ︕
ᠬᠠᠳᠤᠨ᠄ (ᠵᠤᠪᠠᠨ ᠪᠠᠢ᠌ᠵᠤ) ᠴᠠᠭᠠᠳᠤᠭᠢ ᠬᠠᠠᠵᠠᠯ ᠶᠢᠡᠷ ᠬᠠᠳᠤᠷᠤᠭᠠᠤᠨ ᠭᠠᠷᠭ᠎ᠠ︕ ᠭᠦᠪᠠᠭᠦᠨ ᠮᠢᠨᠢ ᠠᠷᠢᠨᠠᠵᠤ ᠣᠤᠠᠳᠠᠭ ᠪᠣᠯᠪᠠ︕ (ᠬᠠᠠᠵᠠᠯ ᠶᠢᠡᠷ ᠳᠠᠭᠢᠨ ᠳᠠᠭᠢᠨ ᠬᠠᠳᠤᠷᠤᠭᠠᠤᠨ᠂ ᠬᠠᠭᠠᠯᠵᠤ ᠶᠠᠳᠠᠬᠤ ᠴᠢᠮᠡᠭᠡᠨ ᠁)
ᠡᠮᠡᠭ᠍ᠳᠡᠢC᠄ ᠬᠠᠳᠤᠨ ᠡᠵᠢ ᠮᠢᠨᠢ᠂ ᠬᠠᠠᠵᠠᠯ ᠶᠢᠡᠷ ᠬᠠᠳᠤᠷᠤᠭᠠᠤᠨ ᠬᠠᠭᠠᠯᠵᠤ ᠴᠢᠳᠠᠭᠰᠠᠨ ᠦᠭᠡᠶ ᠪᠢᠳᠠᠨ︕
ᠬᠠᠳᠤᠨ᠄ ᠴᠢᠠᠵᠠᠯ ᠶᠢᠡᠷ ᠴᠤᠭᠤᠯᠠ ︕
(ᠴᠢᠠᠵᠠᠯ ᠶᠢᠡᠷ ᠳᠠᠭᠢᠨ ᠳᠠᠭᠢᠨ ᠴᠤᠭᠢᠭᠠᠤᠨ ᠬᠠᠭᠠᠯᠵᠤ ᠶᠠᠳᠠᠬᠤ ᠴᠢᠮᠡᠭᠡᠨ ᠁)
ᠬᠠᠳᠤᠨ᠄ (ᠣᠯᠠᠮ ᠰᠠᠠᠳᠤᠷᠴᠤ) ᠰᠥᠭᠡ ᠠᠪᠴᠢᠷᠠᠭᠠᠤᠨ ᠴᠠᠪᠴᠢ︕
(ᠰᠥᠭᠡ ᠪᠠᠷ ᠳᠠᠭᠢᠨ ᠳᠠᠭᠢᠨ ᠴᠠᠪᠴᠢᠭᠠᠤᠨ ᠬᠠᠭᠠᠯᠵᠤ ᠶᠠᠳᠠᠵᠤ ᠪᠠᠢ᠌ᠬᠤ ᠴᠢᠮᠡᠭᠡᠨ ᠁)
ᠬᠠᠳᠤᠨ᠄ (ᠵᠤᠪᠠᠨ ᠪᠠᠢ᠌ᠵᠤ ᠠᠪᠣᠷᠠᠯ ᠭᠤᠶᠤᠵᠤ)
ᠢᠯᠠ ᠳᠠᠯᠳᠠ ᠶᠢ ᠢᠯᠡᠷᠭᠡᠢ ᠠᠢ᠌ᠯᠠᠳᠳᠠᠭ
ᠢᠯᠭᠤᠨ ᠳᠡᠭᠦᠰᠦᠭ᠍ᠰᠡᠨ ᠪᠠᠭᠰᠢ
ᠡᠷᠳᠡᠨᠢ ᠪᠢᠯᠢᠭ᠍ᠳᠤ ᠷᠠᠰᠢᠶᠠᠨ ᠭᠡᠷᠡᠯ ᠠᠪᠠᠭ᠎ᠠ ᠮᠢᠨᠢ
ᠠᠪᠣᠷᠠᠭᠠᠤᠨ ᠬᠠᠢ᠌ᠷᠠᠯᠠ ᠳᠠ︕
ᠨᠢᠯᠬ᠎ᠠ ᠵᠢᠩᠭ᠋ᠠᠷ᠄ (ᠭᠤᠯᠭᠤᠢ ᠳᠤᠳᠤᠷ᠎ᠠ ᠡᠴᠠ ᠬᠡᠦᠬᠡᠳ ᠤᠨ ᠳᠠᠭᠤᠨ ᠭᠠᠷᠴᠤ) ᠡᠵᠢ ᠡ︕ ᠡᠵᠢ ᠡ︕ ᠬᠤᠯᠠ ᠶᠢᠨ ᠬᠤᠯᠠ ᠳᠤ᠂ ᠳᠡᠭᠡᠳᠤ ᠽᠠᠮᠪᠣᠳᠢᠪ ᠲᠤ ᠪᠠᠢ᠌ᠬᠤ ᠭᠦᠮᠤᠨ ᠡᠴᠡ ᠠᠪᠣᠷᠠᠯ ᠭᠤᠶᠤᠭᠠᠤᠨ ᠶᠠᠭᠠᠭᠢᠨ᠎ᠠ ᠳᠠ᠃ ᠳᠡᠭᠡᠭᠦ ᠶᠢᠨ ᠣᠷᠤᠨ ᠳᠤ ᠡᠷᠳᠡᠨᠢ ᠪᠢᠯᠢᠭ᠍ᠳᠤ ᠷᠠᠰᠢᠶᠠᠨ ᠭᠡᠷᠡᠯ ᠠᠪᠠᠭ᠎ᠠ ᠶᠢᠨ ᠬᠤᠷᠮᠤᠰᠳᠠ ᠡᠴᠠ ᠪᠠᠭᠤᠯᠭᠠᠵᠤ ᠦᠭᠭᠦᠭ᠍ᠰᠡᠨ ᠡᠷᠳᠡᠨᠢ ᠶᠢᠨ ᠭᠦᠭᠡ ᠠᠷᠠᠭᠠᠳᠤ ᠴᠢᠯᠠᠭᠤ ᠪᠠᠷ ᠵᠢᠰᠡᠭᠦᠯᠡ ᠪᠣᠯᠤᠨ᠎ᠠ︕ (ᠭᠤᠯᠭᠤᠢ ᠭᠤᠯᠵᠢᠭᠠᠨᠠᠬᠤ ᠳᠠᠭᠤ)
ᠬᠠᠳᠤᠨ᠄ ᠬᠤᠷᠳᠤᠨ︕ ᠡᠷᠳᠡᠨᠢ ᠶᠢᠨ ᠭᠦᠭᠡ ᠠᠷᠠᠭᠠᠳᠤ ᠴᠢᠯᠠᠭᠤ ᠶᠢ ᠠᠪᠴᠢᠷᠠ︕
(ᠰᠠᠠᠳᠤᠷᠤᠭᠰᠠᠨ ᠭᠦᠮᠦᠰ ᠤᠨ ᠭᠦᠯ ᠤᠨ ᠴᠢᠮᠡᠭᠡᠨ ᠁ ᠢᠷᠠᠵᠤ ᠶᠠᠪᠣᠨ᠎ᠠ ᠁)
ᠡᠮᠡᠭ᠍ᠳᠡᠢ C᠄ ᠡᠨᠡ︕ ᠠᠪᠣᠭᠠᠤᠨ ᠢᠷᠠᠪᠠ ᠪᠢ︕
ᠬᠠᠳᠤᠨ᠄ ᠬᠤᠷᠳᠤᠨ ᠪᠣᠤᠴᠢ᠂ ᠨᠠᠭᠠᠳᠤᠭᠢ ᠪᠠᠨ︕
ᠡᠮᠡᠭ᠍ᠳᠡᠢB᠄ ᠠᠪᠣᠭᠠᠤᠨ ᠢᠷ᠎ᠠ︕ ᠪᠢ ᠬᠠᠭᠠᠯᠰᠤᠭᠠᠢ︕ (ᠭᠤᠯᠭᠤᠢ ᠭᠤᠯᠵᠢᠭᠠᠨᠠᠬᠤ ᠳᠠᠭᠤ)
ᠡᠮᠡᠭ᠍ᠳᠡᠢB᠄ (ᠢᠷᠦᠭᠡᠵᠤ)
ᠰᠢᠷᠤᠢ ᠡᠴᠠ ᠨᠢᠭᠳᠠ ᠪᠣᠶᠠᠨ ᠭᠡᠰᠢᠭ᠌ ᠳᠠᠢ
ᠰᠢᠷᠭᠤᠯᠵᠢᠨ ᠡᠴᠠ ᠦᠨᠢᠷ ᠠᠯᠪᠠᠳᠤ ᠨᠤᠳᠤᠭ ᠳᠠᠢ
ᠰᠢᠷ᠎ᠠ ᠨᠠᠷᠠᠨ ᠤ ᠳᠤᠤᠷᠠᠭᠢ ᠶᠢ ᠡᠵᠡᠯᠡᠳᠡᠭ᠌
ᠰᠠᠢ᠌ᠨ ᠡᠷ᠎ᠡ ᠶᠢᠨ ᠰᠢᠷ᠎ᠠ ᠶᠢᠨ ᠬᠠᠭᠠᠨ ᠪᠣᠯᠳᠤᠭᠠᠢ︕
(ᠣᠭᠳᠤᠯᠬᠤ ᠴᠢᠮᠡᠭᠡ ᠁ ᠣᠰᠤᠨ ᠠᠰᠬᠠᠷᠠᠬᠤ ᠴᠢᠮᠡᠭᠡᠨ ᠁ ᠴᠠᠭᠢᠯᠭᠠᠨ ᠴᠠᠭᠢᠯᠠᠨ ᠯᠤᠤ ᠭᠦᠷᠭᠢᠷᠡᠭᠦ ᠳᠠᠭᠤ ᠁ ᠬᠡᠦᠬᠡᠳ ᠤᠨ ᠣᠭᠢᠯᠠᠬᠤ ᠴᠢᠮᠡᠭᠡᠨ ᠁ ᠭᠦᠮᠦᠰ ᠤᠨ ᠴᠤᠴᠢᠨ ᠪᠠᠷᠭᠢᠷᠠᠬᠤ ᠁ ᠬᠡᠦᠬᠡᠳ ᠤᠨ ᠣᠭᠢᠯᠠᠬᠤ ᠴᠢᠮᠡᠭᠡᠨ)
ᠳᠠᠢ᠌ᠯᠪᠣᠷᠢ᠄ (ᠭᠦᠭ᠍ᠵᠢᠮ ᠳᠠᠢ)
ᠪᠢᠳᠡᠭᠦᠤ ᠬᠠᠳᠠᠭᠤ ᠣᠰᠤᠨ ᠭᠤᠯᠭᠤᠢ ᠵᠢ
ᠪᠣᠤᠴᠢᠭᠠᠤᠨ ᠬᠠᠭᠠᠯᠤᠭᠠᠤᠨ ᠣᠷᠭᠢᠬᠤᠯ᠎ᠠ
ᠭᠡᠦᠭᠡᠨ ᠬᠠᠷ᠎ᠠ ᠱᠤᠯᠤᠮ ᠤᠨ
ᠭᠦᠯ ᠳᠤᠤᠷ᠎ᠠ ᠪᠠᠨ ᠭᠢᠰᠭᠢᠭ᠍ᠰᠡᠨ
ᠡᠷ᠎ᠡ ᠬᠠᠷ᠎ᠠ ᠱᠤᠯᠤᠮ ᠤᠨ ᠳᠠᠷᠤᠨ
ᠡᠯᠢᠭᠡᠨ ᠳᠡᠭᠡᠷ᠎ᠡ ᠨᠢ ᠵᠠᠪᠢᠯᠠᠭᠰᠠᠨ
ᠬᠤᠶᠠᠷ ᠳᠠᠯᠤ ᠶᠢᠨ ᠬᠢᠨᠢ ᠬᠤᠭᠤᠷᠤᠠᠳᠤ
ᠳᠤᠰᠤᠨ ᠳᠤᠷᠯᠤᠭ ᠭᠦᠷᠡᠩ ᠣᠯᠠᠭᠠᠨ ᠮᠡᠩᠭᠡ ᠳᠠᠢ
ᠰᠦᠷ ᠰᠦᠯᠳᠡ ᠲᠡᠶ ᠭᠦᠪᠠᠭᠦᠨ ᠭᠠᠷᠤᠭᠠᠤᠨ ᠢᠷᠠᠪᠠ
(ᠣᠠᠴᠠᠭᠠᠢ ᠪᠠᠢ᠌ᠳᠠᠯ ᠢ ᠳᠤᠰᠬᠠᠭᠰᠠᠨ ᠭᠦᠭ᠍ᠵᠢᠮ ᠁)
ᠡᠮᠡᠭ᠍ᠳᠡᠢC᠄ ᠬᠠᠳᠤᠨ ᠡᠵᠢ ᠮᠢᠨᠢ︕ ᠡᠨᠡ ᠭᠦᠪᠠᠭᠦᠨ ᠤ ᠬᠤᠶᠠᠷ ᠳᠠᠯᠤ ᠶᠢᠨ ᠬᠤᠭᠤᠷᠤᠠᠳᠤ ᠳᠤᠰᠤᠨ ᠳᠤᠷᠯᠤᠭ ᠭᠦᠷᠡᠩ ᠣᠯᠠᠭᠠᠨ ᠮᠡᠩᠭᠡ ᠪᠠᠢ᠌ᠳᠠᠭ ᠵᠢᠭᠢ︕
ᠡᠮᠡᠭ᠍ᠳᠡᠢB᠄ ᠡ︕ ᠪᠣᠷᠬᠠᠨ︕ ᠮᠡᠩᠭᠡ ᠡᠴᠡ ᠨᠢ ᠭᠤᠷᠪᠠᠨ ᠥᠩᠭᠡ ᠶᠢᠨ ᠰᠤᠯᠤᠩᠭ᠎ᠠ ᠳᠠᠳᠠᠵᠤ ᠪᠠᠢ᠌ᠨ᠎ᠠ᠃ ᠡᠨᠡ ᠭᠦᠪᠠᠭᠦᠨ ᠡᠩ ᠤᠨ ᠭᠦᠪᠠᠭᠦᠨ ᠪᠢᠰᠢ᠃ ᠮᠡᠩᠭᠡ ᠶᠢ ᠨᠢ ᠭᠦᠮᠤᠨ ᠳᠤ ᠥᠵᠡᠭᠦᠯᠦᠯ ᠦᠭᠡᠶ ᠡᠰᠡ ᠠᠰᠠᠷᠠᠬᠤᠯ᠎ᠠ ᠪᠣᠯᠬᠤᠰᠢ︕
ᠬᠠᠳᠤᠨ᠄ (ᠪᠠᠶᠠᠷᠯᠠᠵᠤ) ᠬᠠᠷᠢᠨ ᠬᠠᠷᠢᠨ︕ ᠠᠷᠤ ᠶᠡᠭᠡ ᠨᠤᠳᠤᠭ ᠤᠨ ᠵᠠᠶᠠᠭᠠᠨ ᠰᠠᠭᠢᠭᠤᠰᠤᠨ ᠦᠷᠦᠰᠢᠶᠡᠳᠦᠭᠡᠢ︕
(ᠪᠠᠶᠠᠷ ᠪᠠᠶᠠᠰᠬᠤᠯᠠᠩ ᠲᠡᠶ ᠪᠠᠢ᠌ᠳᠠᠯ ᠢ ᠳᠤᠰᠬᠠᠭᠰᠠᠨ ᠭᠦᠭ᠍ᠵᠢᠮ1 ᠊᠊᠊᠊᠊᠊᠊᠊᠊᠊᠊᠊᠊᠊᠊ 05)
* * *
[ᠬᠤᠯᠠ ᠳᠤ ᠬᠤᠨᠢ ᠮᠠᠢ᠌ᠯᠠᠵᠤ᠂ ᠠᠳᠤᠭᠤ ᠢᠠᠴᠠᠭᠠᠯᠠᠵᠤ᠂ ᠪᠣᠬ᠎ᠠ ᠣᠷᠤᠮᠳᠠᠨᠠ ᠁ ᠮᠠᠯᠴᠢᠳ ᠱᠤᠤᠭᠢᠨ᠎ᠠ ᠁ ᠣᠢ ᠳᠤ ᠰᠢᠪᠠᠭᠤᠨ ᠳᠤᠩᠭ᠋ᠤᠤᠠᠴᠤ᠂ ᠭᠤᠷᠤᠬ᠎ᠠ ᠶᠢᠨ ᠣᠰᠤᠨ ᠭᠦᠭ᠍ᠵᠢᠮ ᠡᠷᠭᠦᠨ᠎ᠡ ᠁ ᠪᠠᠶᠠᠷ ᠤᠨ ᠭᠦᠭ᠍ᠵᠢᠮ1 ᠊᠊᠊᠊᠊᠊᠊᠊᠊᠊᠊᠊᠊᠊᠊ 05 ᠬᠠᠩᠭᠢᠨᠠᠵᠤ᠂ ᠭᠦᠮᠦᠰ ᠳᠠᠭᠤᠯᠠᠵᠤ᠂ ᠬᠡᠦᠬᠡᠳ ᠨᠢᠷᠭᠡᠨ ᠳᠤᠭᠯᠠᠨ᠎ᠠ
[ᠣᠢ ᠶᠢᠨ ᠴᠤᠤᠷᠢᠶ᠎ᠠ ᠁
ᠦᠵᠤᠩ ᠠᠯᠳᠠᠷ ᠬᠠᠭᠠᠨ᠄ ᠡ︕ ᠠᠷᠤ ᠪᠣᠮᠪᠠ ᠶᠢᠨ ᠣᠷᠤᠨ ᠮᠢᠨᠢ
ᠡᠪᠦᠯ ᠦᠭᠡᠶ ᠵᠤᠨ ᠶᠢᠡᠷ ᠶᠢᠡᠨ ᠪᠠᠢ᠌ᠳᠠᠭ
ᠥᠭᠦᠯ ᠦᠭᠡᠶ ᠮᠥᠩᠭᠡ ᠶᠢᠨ ᠣᠷᠤᠨ ᠮᠢᠨᠢ
ᠳᠠᠭᠠᠷᠠᠬᠤ ᠭᠦᠢᠳᠡᠨ ᠥᠭᠡᠢ
ᠬᠠᠯᠠᠬᠤ ᠬᠠᠯᠠᠭᠤᠨ ᠥᠭᠡᠢ
ᠰᠠᠷ ᠰᠠᠷ ᠰᠠᠯᠭᠢ ᠳᠠᠢ
ᠪᠦᠷ ᠪᠦᠷ ᠬᠤᠷ᠎ᠠ ᠳᠠᠢ
ᠪᠣᠮᠪᠠ ᠶᠢᠨ ᠣᠷᠤᠨ ᠮᠢᠨᠢ
ᠳᠠᠨ ᠤ ᠠᠪᠣᠷᠠᠯ ᠵᠢᠠᠷ
ᠳᠠᠪᠤᠨ ᠰᠠᠶ᠎ᠠ ᠠᠯᠪᠠᠳᠤ ᠲᠡᠶ ᠪᠠᠨ
ᠴᠢᠨᠤ ᠮᠢᠨᠤ ᠢᠯᠭᠠᠴᠠ ᠥᠭᠡᠢ
ᠦᠨᠦᠴᠢᠨ ᠦᠭᠡᠶ ᠦᠨᠢᠷ ᠭᠡᠪ ᠶᠢᠡᠷ ᠶᠢᠡᠨ
ᠥᠭᠡᠢ᠌ᠳᠡᠢ ᠦᠭᠡᠶ ᠪᠠᠶᠠᠨ ᠭᠡᠪ ᠶᠢᠡᠷ ᠵᠢᠠᠨ
ᠵᠢᠷᠭᠠᠯ ᠤᠨ ᠡᠭᠢᠨ ᠳᠤ ᠵᠢᠷᠠ ᠬᠤᠨᠤᠵᠤ
ᠨᠠᠢ᠌ᠷ ᠤᠨ ᠡᠭᠢᠨ ᠳᠤ ᠨᠠᠶᠠ ᠬᠤᠨᠤᠵᠤ ᠪᠠᠢ᠌ᠨ᠎ᠠ ᠪᠢᠳᠠᠨ᠃
ᠲᠦᠪᠰᠢᠨ ᠵᠢᠷᠭᠠᠯ ᠮᠠᠨᠢ ᠮᠥᠩᠭᠡᠷᠡᠳᠦᠭᠡᠢ︕
ᠭᠡᠪᠠᠴᠤ ᠁ (ᠰᠠᠨᠠᠭ᠎ᠠ ᠠᠯᠳᠠᠵᠤ)
ᠡᠪᠭᠡᠷᠡᠭ᠍ᠰᠡᠨ ᠮᠦᠰᠤᠨ ᠴᠠᠭᠠᠨ ᠳᠠᠯᠠᠢ ᠪᠦᠰᠡᠯᠡᠭᠦᠷ ᠳᠠᠢ
ᠡᠷᠡᠰ ᠴᠠᠭᠠᠨ ᠠᠭᠤᠯᠠ ᠳᠦᠰᠢᠯᠭᠡ ᠳᠠᠢ
ᠭᠦᠪᠭᠡᠭᠡᠷ ᠭᠦᠭᠡ ᠡᠭᠦᠯᠡᠨ ᠳ᠋ᠤ
ᠭᠦᠷᠭᠡᠨ ᠳᠤᠯᠭᠠᠨ ᠪᠠᠷᠢᠭᠰᠠᠨ
ᠭᠦᠷᠡᠯ ᠬᠠᠷ᠎ᠠ ᠪᠠᠮᠪᠠᠯᠠᠢ ᠳᠠᠢ
ᠠᠷᠪᠠᠨ ᠵᠥᠭ᠌ ᠤᠨ ᠠᠰᠠᠷ ᠬᠠᠷ᠎ᠠ ᠮᠠᠩᠭ᠋ᠤᠰ ᠤᠨ
ᠴᠢᠩᠭ᠎ᠠ ᠴᠢᠭᠢᠷᠠᠭ ᠪᠦᠭᠦᠨ ᠢ
ᠪᠠᠶ᠎ᠠ ᠳᠡᠭᠡᠨ ᠬᠤᠷᠢᠶᠠᠵᠤ ᠠᠪᠣᠭᠰᠠᠨ
ᠠᠯᠳᠠᠨ ᠡᠷᠳᠡᠨᠢ
ᠠᠷᠪᠠᠨ ᠬᠤᠶᠠᠷ ᠰᠤᠶᠤᠭ᠎ᠠ ᠳᠠᠢ
ᠡᠩᠭᠦᠷᠡᠢ ᠦᠭᠡᠶ ᠰᠡᠳᠭᠢᠯ ᠳᠠᠢ
ᠡᠷᠯᠢᠭ᠌ ᠤᠨ ᠠᠷᠪᠠᠨ ᠳᠠᠮᠤᠷ ᠭᠢᠮᠤᠰᠤᠳᠠᠢ
ᠡᠷᠭᠢᠭᠦᠤ ᠮᠥᠩᠭᠦᠨ ᠳᠡᠪᠠᠭ᠌ ᠭᠡᠳᠡᠭ᠌ ᠬᠠᠭᠠᠨ
《ᠦᠵᠤᠩ ᠠᠯᠳᠠᠷ ᠬᠠᠭᠠᠨ ᠵᠢᠠᠷ
ᠨᠢᠭᠡ ᠰᠦᠨᠢ ᠶᠢᠨ ᠬᠤᠨᠤᠭ ᠭᠢᠨ᠎ᠡ ᠪᠢ︕》 ᠭᠡᠳ
ᠪᠣᠮᠪᠠ ᠶᠢᠨ ᠣᠷᠤᠨ ᠳᠠᠯ᠎ᠠ ᠮᠠᠨᠢ
ᠥᠩᠭᠡᠯᠵᠡᠵᠤ ᠪᠠᠢ᠌ᠨ᠎ᠠ ᠭᠡᠨ᠎ᠡ᠃
ᠡᠨᠡ ᠴᠢᠮᠡᠭᠡ ᠶᠢ ᠡᠷᠳᠡᠴᠡᠷ
ᠪᠦᠭᠡ ᠮᠥᠩᠭᠦᠨ ᠰᠢᠭ᠍ᠰᠢᠷᠭᠡ ᠠᠬ᠎ᠠ ᠳᠤ ᠭᠡᠯᠡᠭᠦᠯᠵᠤ
ᠪᠡᠯᠡᠳᠭᠡᠯ ᠲᠡᠶ ᠪᠠᠢ᠌ᠬᠤᠯ᠎ᠠ ᠪᠣᠯᠳᠠᠭ ᠪᠢᠯᠠ︕
(ᠭᠦᠭ᠍ᠵᠢᠮ1 ᠊᠊᠊᠊᠊᠊᠊᠊᠊᠊᠊᠊᠊᠊᠊ 07 ᠊᠊᠊᠊᠊᠊᠊᠊᠊᠊᠊᠊᠊᠊᠊ ᠳᠠᠢ᠌ᠨ ᠪᠣᠯᠬᠤ ᠶᠢᠨ ᠡᠮᠦᠨᠡᠭᠢ ᠪᠠᠢ᠌ᠳᠠᠯ ᠢ ᠳᠤᠰᠬᠠᠨ᠎ᠠ)
ᠳᠠᠢ᠌ᠯᠪᠣᠷᠢ᠄ (ᠭᠦᠭ᠍ᠵᠢᠮ ᠳᠠᠪᠬᠤᠴᠠᠭᠤᠯᠤᠨ) ᠦᠵᠤᠩ ᠠᠯᠳᠠᠷ ᠬᠠᠭᠠᠨ ᠶᠠᠭ ᠢᠩᠭᠢᠵᠤ ᠵᠠᠷᠯᠢᠭ ᠪᠣᠯᠵᠤ ᠪᠠᠢ᠌ᠬᠤ ᠳᠤ᠂ ᠡᠷᠭᠢᠭᠦᠤ ᠮᠥᠩᠭᠦᠨ ᠳᠡᠪᠠᠭ᠌ ᠬᠠᠭᠠᠨ ᠨᠢᠭᠡᠨᠲᠡ ᠳᠠᠢ᠌ᠨ ᠤ ᠣᠯᠠᠨ ᠬᠤᠶᠠᠭ ᠶᠢᠡᠨ ᠳᠠᠪᠬᠤᠷ ᠳᠠᠪᠬᠤᠷ ᠡᠮᠦᠰᠴᠤ᠂ ᠰᠠᠭᠤᠭᠰᠠᠨ ᠭᠠᠵᠠᠷ ᠶᠢᠡᠷ ᠶᠢᠡᠨ ᠣᠷᠤᠭᠠᠤᠨ᠂ ᠰᠠᠨᠠᠭᠰᠠᠨ ᠭᠠᠵᠠᠷ ᠶᠢᠡᠷ ᠶᠢᠡᠨ ᠭᠠᠷᠳᠠᠭ ᠮᠤᠤᠰ ᠤᠨ ᠣᠷᠤᠨ ᠡᠴᠠ ᠠᠪᠴᠤ ᠢᠷᠡᠭ᠍ᠰᠡᠨ ᠮᠤᠩᠬᠠᠭ ᠬᠠᠷ᠎ᠠ ᠮᠠᠩᠭ᠋ᠤᠰ ᠪᠠᠭᠠᠳᠤᠷ ᠤᠳ ᠲᠠᠭᠠᠨ᠂ ᠮᠠᠩᠭ᠋ᠤᠰ ᠤᠨ ᠣᠷᠤᠨ ᠡᠴᠠ ᠴᠤᠭᠯᠠᠭᠤᠯᠵᠤ ᠢᠷᠡᠭ᠍ᠰᠡᠨ ᠮᠠᠯᠮᠠᠤᠨ ᠬᠠᠷ᠎ᠠ ᠪᠠᠭᠠᠳᠤᠷ ᠤᠳ ᠲᠠᠭᠠᠨ ᠢᠩᠭᠢᠵᠤ ᠵᠠᠷᠯᠢᠭ ᠪᠣᠯᠵᠤ ᠪᠠᠢ᠌ᠨ᠎ᠠ
[ᠡᠮᠦᠨᠡᠭᠢ ᠭᠦᠭ᠍ᠵᠢᠮ ᠦᠷᠭᠦᠯᠵᠢᠯᠡᠨ᠎ᠡ ᠁ ᠬᠤᠯᠠ ᠳᠤ ᠴᠡᠷᠢᠭ᠌ ᠤᠨ ᠣᠷᠠᠢ᠂ ᠳᠠᠢ᠌ᠨ ᠤ ᠭᠡᠩᠭᠡᠷᠭᠡ᠂ ᠠᠭᠳᠠ ᠶᠢᠨ ᠢᠠᠴᠠᠭᠠᠭᠠ ᠁
ᠡᠷᠭᠢᠭᠦᠤ ᠮᠥᠩᠭᠦᠨ ᠳᠡᠪᠠᠭ᠌᠄ (ᠭᠡᠷᠴᠡᠭᠡᠢ ᠬᠠᠰᠭᠢᠷᠤᠨ)
ᠳᠡᠭᠡᠳᠤ ᠶᠢᠨ ᠳᠤᠯᠤᠭᠠᠨ ᠣᠷᠤᠨ ᠤ ᠵᠡᠭᠦᠳᠤᠨ ᠪᠣᠯᠤᠭᠰᠠᠨ
ᠳᠤᠤᠷᠠᠳᠤ ᠶᠢᠨ ᠳᠤᠯᠤᠭᠠᠨ ᠣᠷᠤᠨ ᠤ ᠭᠦᠰᠡᠯ ᠪᠣᠯᠤᠭᠰᠠᠨ
ᠬᠤᠯᠠ ᠭᠠᠵᠠᠷ ᠲᠤ ᠨᠠᠷᠠ ᠨᠢ ᠳᠤᠤᠷᠠᠭᠰᠠᠨ
ᠤᠢ᠌ᠷᠠᠬᠠᠨ ᠭᠠᠵᠠᠷ ᠲᠤ ᠪᠠᠶ᠎ᠠ ᠨᠢ ᠥᠵᠡᠭ᠍ᠳᠡᠭ᠍ᠰᠡᠨ
ᠦᠵᠤᠩ ᠠᠯᠳᠠᠷ ᠬᠠᠭᠠᠨ ᠢ
ᠨᠢᠭᠡ ᠰᠦᠨᠢ ᠶᠢᠨ ᠬᠤᠨᠤᠭ ᠭᠢᠵᠤ
ᠠᠪᠴᠤ ᠢᠷᠡᠳᠡᠭ᠌ ᠭᠡᠷᠡᠭ᠌︕
(ᠮᠠᠩᠭ᠋ᠤᠰ ᠪᠠᠭᠠᠳᠤᠷ ᠤᠳ ᠤᠨ ᠣᠷᠠᠢ︕)
ᠪᠠᠭᠠᠳᠤᠷA᠄ (ᠵᠠᠨᠤᠯ ᠲᠡᠶ ᠪᠠᠷ) ᠦᠵᠤᠩ ᠠᠯᠳᠠᠷ ᠬᠠᠭᠠᠨ ᠤ ᠨᠤᠳᠤᠭ ᠤᠨ
ᠦᠨᠡᠰᠤᠨ ᠳᠤᠭᠤᠷᠤᠮ ᠭᠢᠵᠤ
ᠦᠯ ᠮᠠᠩᠬᠠᠨ ᠴᠠᠭᠠᠨ ᠠᠭᠤᠯᠠ ᠶᠢ ᠨᠢ
ᠪᠣᠯᠭᠤ ᠳᠠᠳᠠᠵᠤ ᠬᠠᠶᠠᠭᠠᠤᠨ
ᠪᠣᠮᠪᠠ ᠶᠡᠭᠡ ᠳᠠᠯᠠᠢ ᠶᠢ ᠨᠢ
ᠰᠢᠷᠭᠢᠭᠡᠵᠤ ᠬᠠᠶᠠᠶ᠎ᠠ︕
(ᠣᠯᠠᠨ ᠮᠠᠩᠭ᠋ᠤᠰ ᠲᠠᠭᠠᠨ ᠬᠠᠰᠭᠢᠷᠬᠤ ᠳᠠᠭᠤ ᠁)
ᠪᠠᠭᠠᠳᠤᠷB᠄ ᠥᠯᠦᠭ᠍ᠴᠢᠨ ᠨᠤᠬᠠᠢ᠂ ᠦᠨᠦᠴᠢᠨ ᠭᠦᠤ ᠥᠯᠡᠳᠡᠭᠡᠯ ᠦᠭᠡᠶ ᠭᠢᠳᠤᠵᠤ ᠬᠠᠶᠠᠶ᠎ᠠ︕
(ᠣᠯᠠᠨ ᠮᠠᠩᠭ᠋ᠤᠰ ᠲᠠᠭᠠᠨ ᠬᠠᠰᠭᠢᠷᠬᠤ ᠳᠠᠭᠤ ᠁)
ᠡᠷᠭᠢᠭᠦᠤ ᠮᠥᠩᠭᠦᠨ ᠳᠡᠪᠠᠭ᠌᠄ (ᠣᠯᠠᠮ ᠭᠦᠴᠦᠳᠡᠢ ᠰᠦᠷᠳᠠᠢ ᠬᠠᠰᠭᠢᠷᠴᠤ)
ᠣᠷᠠᠢ︕ ᠪᠠᠭᠠᠳᠤᠷᠴᠤᠳ ᠮᠢᠨᠢ ︕
ᠡᠷᠴᠢᠰ ᠪᠣᠮᠪᠠ ᠶᠢᠨ ᠣᠷᠤᠨ ᠢ ᠵᠤᠷᠢᠭᠠᠤᠨ ᠁ ᠮᠤᠷᠳᠠᠵᠠᠭ᠎ᠠ︕
[ᠠᠶᠤᠮᠰᠢᠭᠳᠤ ᠭᠦᠭ᠍ᠵᠢᠮ (1 ᠊᠊᠊᠊᠊᠊᠊᠊᠊᠊᠊᠊᠊᠊᠊ 08) ᠶᠠᠪᠣᠬᠤ ᠳᠤᠳᠤᠮ ᠶᠢᠡᠨ ᠰᠢᠷᠦᠭᠦᠨ ᠪᠣᠯᠵᠤ᠂ ᠭᠦᠴᠦᠳᠡᠢ ᠦᠷᠭᠦᠯᠵᠢᠯᠡᠨ᠎ᠡ ᠁
ᠳᠠᠢ᠌ᠯᠪᠣᠷᠢ᠄ ᠭᠦᠯ ᠦᠭᠡᠶ ᠵᠢᠷᠭᠠᠯ ᠳᠤ ᠴᠠᠯᠭᠢᠵᠤ ᠪᠠᠢ᠌ᠭᠰᠠᠨ ᠦᠵᠤᠩ ᠠᠯᠳᠠᠷ ᠬᠠᠭᠠᠨ ᠤ ᠨᠤᠳᠤᠭ ᠲᠤ ᠢᠩᠭᠢᠭᠡᠳ ᠯᠠ ᠭᠡᠨᠡᠳᠲᠡ ᠳᠠᠢ᠌ᠨ ᠢᠷᠠᠪᠠ᠃
[ᠭᠦᠭ᠍ᠵᠢᠮ (1 ᠊᠊᠊᠊᠊᠊᠊᠊᠊᠊᠊᠊᠊᠊᠊ 09) ᠳᠠᠢ᠌ᠨ ᠤ ᠭᠡᠩᠭᠡᠷᠭᠡ ᠬᠤᠯᠠ ᠡᠴᠠ ᠤᠢ᠌ᠷᠠᠳᠤᠨ᠎ᠠ ᠁ ᠤᠢ᠌ᠷᠠᠳᠤᠬᠤ ᠳᠤᠳᠤᠮ ᠶᠢᠡᠨ ᠭᠡᠩᠭᠡᠷᠭᠡ ᠶᠢᠨ ᠳᠠᠭᠤᠨ ᠭᠦᠷᠴᠢᠭᠢᠨᠡᠵᠤ᠂ ᠵᠠᠷ ᠵᠠᠪᠠ ᠬᠠᠷᠰᠢᠨ ᠬᠠᠩᠭᠢᠨᠠᠵᠤ᠂ ᠭᠦᠯᠦᠭ᠌ ᠦᠣᠷᠰᠠᠨ ᠬᠡᠦᠬᠡᠳ ᠣᠭᠢᠯᠠᠵᠤ᠂ ᠨᠤᠬᠠᠢ ᠣᠯᠢᠨ ᠬᠤᠴᠠᠨ ᠭᠠᠩᠭᠢᠨᠠᠨᠠ ᠁
ᠲᠦᠰᠢᠮᠠᠯA᠄ ᠬᠠᠭᠠᠨ ᠮᠢᠨᠢ᠂ ᠳᠠᠢ᠌ᠨ ᠢᠷᠠᠵᠤ ᠶᠠᠪᠣᠨ᠎ᠠ︕ ᠣᠳᠤ ᠶᠠᠭᠠᠭᠢᠨ᠎ᠠ︖ ᠵᠠᠷᠯᠢᠭ ᠪᠠᠭᠤᠯᠭᠠᠭᠳᠤᠨ︕
ᠦᠵᠤᠩ ᠬᠠᠭᠠᠨ᠄ ᠠᠷᠪᠠᠨ ᠪᠣᠬ᠎ᠠ ᠴᠡᠷᠢᠭ᠌ ᠠᠪᠣᠭᠠᠤᠨ᠂ ᠠᠷᠰᠯᠠᠨ ᠪᠠᠭᠠᠳᠤᠷ ᠭᠠᠷᠳᠤᠭᠠᠢ︕
ᠲᠦᠰᠢᠮᠠᠯA᠄ (ᠵᠠᠷᠯᠢᠭ ᠣᠯᠠᠮᠵᠢᠯᠠᠵᠤ)ᠠᠷᠪᠠᠨ ᠪᠣᠬ᠎ᠠ ᠴᠡᠷᠢᠭ᠌ ᠠᠪᠣᠭᠠᠤᠨ᠂ ᠠᠷᠰᠯᠠᠨ ᠪᠠᠭᠠᠳᠤᠷ ᠭᠠᠷᠳᠤᠭᠠᠢ︕
[ᠦᠵᠤᠩ ᠤᠨ ᠳᠠᠯ᠎ᠠ ᠶᠢᠨ ᠶᠡᠭᠡ ᠪᠦᠷᠢᠶ᠎ᠡ (ᠭᠦᠭ᠍ᠵᠢᠮ1 ᠊᠊᠊᠊᠊᠊᠊᠊᠊᠊᠊᠊᠊᠊᠊ 10) ᠰᠦᠷᠳᠠᠢ ᠭᠦᠩᠭᠢᠨᠡᠵᠤ᠂ ᠳᠠᠢ᠌ᠨ ᠤ ᠭᠡᠩᠭᠡᠷᠭᠡ ᠨᠢᠵᠢᠭᠢᠨᠠᠨᠡ᠃ ᠮᠢᠩᠭ᠎ᠠ ᠲᠦᠮᠡᠨ ᠴᠡᠷᠢᠭ᠌ 《ᠪᠣᠮᠪᠠ ᠶᠢᠨ ᠣᠷᠤᠨ ᠤ ᠣᠷᠢᠶ᠎ᠠ》 ᠬᠠᠰᠭᠢᠷᠤᠨ ᠳᠠᠢ᠌ᠨ ᠳᠤ ᠣᠷᠤᠨ᠎ᠠ᠃ ᠭᠡᠩᠭᠡᠷᠭᠡ ᠶᠢᠨ ᠳᠠᠭᠤᠨ ᠭᠦᠷᠵᠢᠭᠢᠨᠡᠵᠤ᠂ ᠵᠠᠷ ᠵᠠᠪᠠ ᠬᠠᠷᠰᠢᠨ ᠬᠠᠩᠭᠢᠨᠠᠵᠤ᠂ ᠭᠦᠯᠦᠭ᠌ ᠦᠣᠷᠰᠠᠨ ᠨᠢᠷ ᠴᠤᠷ ᠁
ᠲᠦᠰᠢᠮᠠᠯA᠄ (ᠬᠤᠯᠠ ᠡᠴᠠ ᠪᠠᠴᠢᠮᠳᠠᠨ ᠬᠠᠰᠭᠢᠷᠴᠤ ᠢᠷᠠᠨ ᠮᠡᠳᠡᠭᠦᠯᠵᠤ ᠪᠠᠢ᠌ᠨ᠎ᠠ) ᠬᠠᠭᠠᠨ︕ ᠠᠷᠰᠯᠠᠨ ᠪᠠᠭᠠᠳᠤᠷ ᠮᠠᠨᠢ ᠠᠷᠪᠠᠨ ᠪᠣᠬ᠎ᠠ ᠴᠡᠷᠢᠭ᠌ ᠲᠡᠶ ᠪᠠᠨ ᠡᠷᠭᠢᠭᠦᠤ ᠮᠥᠩᠭᠦᠨ ᠳᠡᠪᠠᠭ᠌ ᠬᠠᠭᠠᠨ ᠤ ᠲᠦᠮᠡᠨ ᠬᠠᠷ᠎ᠠ ᠠᠵᠢᠷᠭ᠎ᠠ ᠲᠡᠶ ᠲᠦᠮᠡᠨ ᠬᠠᠷ᠎ᠠ ᠮᠠᠩᠭ᠋ᠤᠰ ᠲᠤ ᠭᠢᠳᠤᠭᠳᠠᠵᠤ ᠴᠢᠯᠠᠪᠠ︕ ᠣᠳᠤ ᠶᠠᠭᠠᠭᠢᠨ᠎ᠠ ⁉
ᠦᠵᠤᠩ ᠬᠠᠭᠠᠨ᠄ ᠪᠦᠭᠦ ᠴᠡᠷᠢᠭ᠌ ᠶᠢᠡᠨ ᠠᠪᠣᠭᠠᠤᠨ᠂ ᠦᠪᠡᠷ ᠶᠢᠡᠨ ᠣᠷᠤ︕
ᠲᠦᠰᠢᠮᠠᠯA᠄ ᠵᠠ︕ ᠵᠠᠷᠯᠢᠭ ᠶᠢᠡᠷ ᠪᠣᠯᠤᠶ᠎ᠠ︕ (ᠴᠡᠷᠢᠭ᠌ ᠲᠡᠭᠡᠨ ᠬᠠᠠᠳᠤᠵᠤ) ᠠᠷᠤ ᠪᠣᠮᠪᠠ ᠶᠢᠨ ᠣᠷᠤᠨ ᠤ ᠲᠦᠯᠦᠭᠡ᠂ ᠠᠯᠳᠠᠷ ᠦᠵᠤᠩ ᠬᠠᠭᠠᠨ ᠤ ᠪᠠᠨ ᠲᠦᠯᠦᠭᠡ ᠮᠤᠷᠳᠠᠵᠠᠭ᠎ᠠ︕ ᠡᠷᠭᠢᠭᠦᠤ ᠮᠥᠩᠭᠦᠨ ᠳᠡᠪᠠᠭ᠌ ᠤᠨ ᠬᠠᠷ᠎ᠠ ᠳᠤᠯᠤᠭᠠᠢ ᠶᠢ ᠬᠠᠭ᠎ᠠ ᠴᠤᠭᠢᠵᠤ᠂ ᠬᠠᠷ᠎ᠠ ᠮᠠᠩᠭ᠋ᠤᠰ ᠤᠳ ᠢ ᠭᠢᠳᠤᠶᠠ︕
[ᠣᠯᠠᠨ ᠴᠡᠷᠢᠭ᠌ ᠤᠨ ᠣᠷᠠᠢ ᠬᠠᠰᠭᠢᠷᠤᠨ ᠳᠠᠭᠠᠷᠢᠨ ᠣᠷᠤᠬᠤ ᠴᠢᠮᠡᠭᠡᠨ ᠁
[ᠲ᠋ᠠᠭᠢᠭᠠᠤᠨ ᠯᠠ ᠦᠵᠤᠩ ᠤᠨ ᠳᠠᠯ᠎ᠠ ᠶᠢᠨ ᠶᠡᠭᠡ ᠪᠦᠷᠢᠶ᠎ᠡ (ᠭᠦᠭ᠍ᠵᠢᠮ1 ᠊᠊᠊᠊᠊᠊᠊᠊᠊᠊᠊᠊᠊᠊᠊ 10) ᠰᠦᠷᠳᠠᠢ ᠭᠦᠩᠭᠢᠨᠡᠵᠤ᠂ ᠳᠠᠢ᠌ᠨ ᠤ ᠭᠡᠩᠭᠡᠷᠭᠡ ᠨᠢᠵᠢᠭᠢᠨᠠᠨᠡ᠃ ᠮᠢᠩᠭ᠎ᠠ ᠲᠦᠮᠡᠨ ᠴᠡᠷᠢᠭ᠌ 《ᠪᠣᠮᠪᠠ ᠶᠢᠨ ᠣᠷᠤᠨ ᠤ ᠣᠷᠠᠢ》 ᠬᠠᠰᠭᠢᠷᠤᠨ ᠳᠠᠢ᠌ᠨ ᠳᠤ ᠣᠷᠤᠨ᠎ᠠ᠃ ᠭᠡᠩᠭᠡᠷᠭᠡ ᠶᠢᠨ ᠳᠠᠭᠤᠨ ᠭᠦᠷᠴᠢᠭᠢᠨᠡᠵᠤ᠂ ᠵᠠᠷ ᠵᠠᠪᠠ ᠬᠠᠷᠰᠢᠨ ᠬᠠᠩᠭᠢᠨᠠᠵᠤ᠂ ᠭᠦᠯᠦᠭ᠌ ᠦᠣᠷᠰᠠᠨ ᠨᠢᠷ ᠴᠤᠷ ᠁
[ᠪᠠᠭᠠᠳᠤᠷA ᠊ᠤᠨ ᠰᠢᠷᠬᠠᠳᠤᠵᠤ ᠭᠦᠴᠦᠳᠡᠢ ᠠᠶᠤᠮᠰᠢᠭᠳᠠᠢ ᠪᠠᠷᠭᠢᠷᠠᠬᠤ ᠳᠠᠭᠤᠨ᠁ ᠬᠤᠯᠠ ᠡᠴᠠ ᠭᠦᠴᠦᠳᠡᠢ ᠮᠤᠷᠢᠨ ᠤ ᠳᠦᠪᠠᠷᠭᠡᠨ ᠤᠢ᠌ᠷᠠᠳᠤᠨ᠎ᠠ᠁
ᠦᠵᠤᠩ ᠬᠠᠭᠠᠨ᠄ (ᠭᠠᠰᠠᠯᠵᠤ) ᠳᠤᠰᠤᠭᠠᠤᠨ ᠪᠠᠷᠢ︕ ᠠᠷᠤ ᠪᠣᠮᠪᠠ ᠶᠢᠨ ᠣᠷᠤᠨ ᠤ ᠮᠢᠨᠢ ᠠᠯᠳᠠᠨ ᠪᠠᠭᠠᠨ᠎ᠠ ᠪᠣᠯᠤᠭᠰᠠᠨ ᠪᠣᠳᠤᠩ ᠮᠢᠨᠢ︕ ᠶᠠᠮᠠᠷ ᠮᠠᠭᠤᠬᠠᠢ ᠣᠢ᠌ᠯᠠ ᠪᠣᠢ ᠡᠨᠡ︕ (ᠮᠤᠷᠢᠨ ᠳᠠᠪᠭᠢᠵᠤ ᠢᠷᠡᠭᠡᠳ ᠵᠤᠭᠰᠤᠨ᠎ᠠ ᠁)
ᠲᠦᠰᠢᠮᠠᠯA᠄ (ᠭᠦᠡᠳᠤ ᠰᠢᠷᠬ᠎ᠠ ᠳᠠᠢ) ᠬᠠᠮᠤᠭ ᠴᠡᠷᠢᠭ᠌ ᠭᠢᠳᠤᠭᠳᠠᠵᠤ ᠴᠢᠯᠠᠪᠠ︕ ᠠᠷᠭ᠎ᠠ ᠦᠭᠡᠶ︕ ᠢᠩᠭᠢᠵᠤ ᠳᠠᠨ ᠢ ᠭᠠᠭᠴᠠᠭᠠᠷ ᠢ ᠳᠠᠨᠢ᠂ ᠭᠠᠰᠠᠯᠠᠩ ᠤᠨ ᠳᠠᠯᠠᠢ ᠳᠤ ᠬᠠᠶᠠᠭᠠᠤᠨ ᠥᠭᠦᠨ᠎ᠡ ᠭᠡᠵᠤ ᠭᠡᠨ ᠪᠣᠳᠤᠯ᠎ᠠ︕ (ᠥᠭᠦᠨ ᠭᠡᠵᠤ) ᠨᠠᠮᠢ᠋ᠢ ᠠᠭᠤᠴᠢᠯᠠᠭᠳᠤᠨ︕ (ᠠᠮᠢ ᠨᠢ ᠭᠠᠷᠤᠨ᠎ᠠ)
[ᠭᠦᠭ᠍ᠵᠢᠮ (1 ᠊᠊᠊᠊᠊᠊᠊᠊᠊᠊᠊᠊᠊᠊᠊ 11) ᠠᠶᠤᠯ ᠵᠡᠳᠭᠡᠷ ᠳᠤᠯᠭᠠᠷᠠᠭᠰᠠᠨ ᠪᠠᠢ᠌ᠳᠠᠯ ᠢ ᠳᠤᠰᠬᠠᠭᠰᠠᠨ ᠠᠶᠤᠮᠰᠢᠭᠳᠤ ᠠᠶ᠎ᠠ ᠦᠷᠭᠦᠯᠵᠢᠯᠡᠨ᠎ᠡ ᠁ ᠳᠠᠢ᠌ᠨ ᠤ ᠭᠡᠩᠭᠡᠷᠭᠡ (ᠭᠦᠭ᠍ᠵᠢᠮ1 ᠊᠊᠊᠊᠊᠊᠊᠊᠊᠊᠊᠊᠊᠊᠊ 09) ᠬᠤᠯᠠ ᠡᠴᠠ ᠤᠢ᠌ᠷᠠᠳᠤᠨ᠎ᠠ᠃ ᠤᠢ᠌ᠷᠠᠳᠤᠬᠤ ᠳᠤᠳᠤᠮ ᠶᠢᠡᠨ ᠭᠡᠩᠭᠡᠷᠭᠡ ᠶᠢᠨ ᠳᠠᠭᠤᠨ ᠭᠦᠷᠴᠢᠭᠢᠨᠡᠵᠤ᠂ ᠵᠠᠷ ᠵᠠᠪᠠ ᠬᠠᠷᠰᠢᠨ ᠬᠠᠩᠭᠢᠨᠠᠵᠤ᠂ ᠭᠦᠯᠦᠭ᠌ ᠦᠣᠷᠰᠠᠨ ᠬᠡᠦᠬᠡᠳ ᠣᠭᠢᠯᠠᠵᠤ᠂ ᠨᠤᠬᠠᠢ ᠣᠯᠢᠨ ᠬᠤᠴᠠᠨ ᠭᠠᠩᠭᠢᠨᠠᠨᠠ ᠁ ᠳᠠᠢ᠌ᠨ ᠤ ᠴᠡᠷᠢᠭ᠌ ᠤᠨ ᠳᠠᠭᠠᠷᠢᠨ ᠣᠷᠤᠬᠤ ᠳᠠᠭᠤᠷᠢᠶᠠ ᠁ ᠵᠠᠷ ᠵᠠᠪᠠ ᠬᠠᠩᠭᠢᠨᠠᠵᠤ᠂ ᠭᠦᠯᠦᠭ᠌ ᠦᠣᠷᠰᠠᠨ ᠁ ᠠᠯᠠᠯᠳᠤᠬᠤ ᠳᠠᠭᠤ ᠦᠷᠭᠦᠯᠵᠢᠯᠡᠨ᠎ᠡ ᠁
ᠦᠵᠤᠩ ᠬᠠᠭᠠᠨ᠄ (ᠬᠠᠰᠭᠢᠷᠤᠨ ᠴᠠᠪᠴᠢᠯᠳᠤᠵᠤ ᠪᠠᠢ᠌ᠨ᠎ᠠ᠂ ᠳᠠᠢ᠌ᠰᠤᠨ ᠥᠭᠦᠵᠤ ᠪᠠᠢ᠌ᠨ᠎ᠠ ᠬᠠᠳᠤᠨ ᠨᠢ ᠣᠭᠢᠯᠠᠵᠤ ᠢᠷᠡᠭᠦ ᠴᠢᠮᠡᠭᠡᠨ ᠁)
ᠬᠠᠳᠤᠨ᠄ (ᠠᠮᠢᠰᠬᠤᠨ ᠱᠤᠭᠰᠢᠨ ᠣᠭᠢᠯᠠᠵᠤ ᠭᠦᠶᠦᠵᠤ ᠢᠷᠡᠭᠡᠳ)
ᠬᠠᠭᠠᠨ ᠮᠢᠨᠢ︕ ᠬᠠᠭᠠᠨ ᠮᠢᠨᠢ︕
ᠡᠷᠭᠢᠭᠦᠤ ᠮᠥᠩᠭᠦᠨ ᠳᠡᠪᠠᠭ᠌ ᠬᠠᠭᠠᠨ ᠤ
ᠲᠦᠮᠡᠨ ᠬᠠᠷ᠎ᠠ ᠠᠵᠢᠷᠭ᠎ᠠ ᠳᠠᠢ
ᠲᠦᠮᠡᠨ ᠬᠠᠷ᠎ᠠ ᠮᠠᠩᠭ᠋ᠤᠰ ᠨᠢ
ᠲᠦᠮᠡᠨ ᠭᠤᠤᠯ ᠤᠨ ᠡᠭᠢᠨ ᠳ᠋ᠤ
ᠳᠣᠢ᠌ᠮᠠᠷ ᠳᠠᠯᠪᠢᠳᠠᠭ ᠴᠠᠭ ᠪᠣᠯᠪᠠ︕
ᠪᠢᠳᠠᠨ ᠡᠨᠡ ᠳᠠᠢ᠌ᠨ ᠳᠤ ᠥᠭᠦᠭᠦᠯ᠎ᠡ ᠴᠤ ᠥᠭᠦᠶ᠎ᠡ
ᠭᠠᠵᠠᠷ ᠳᠡᠭᠡᠷ᠎ᠡ ᠭᠢ ᠭᠠᠭᠴᠠᠬᠠᠨ ᠦᠷ᠎ᠡ ᠪᠠᠨ
ᠣᠷᠴᠢᠯᠠᠩ ᠳᠤ ᠠᠮᠢᠳᠤ ᠥᠯᠡᠳᠡᠭᠡᠳᠡᠭ᠌ ᠠᠷᠭ᠎ᠠ ᠭᠢᠶ᠎ᠠ︕
[ᠲ᠋ᠠᠢ᠌ᠨ ᠤ ᠴᠤᠤᠷᠢᠶ᠎ᠠ ᠣᠯᠠᠮ ᠶᠡᠭᠡᠰᠴᠤ ᠳᠣᠢ᠌ᠮᠠᠷ ᠰᠢᠳᠠᠵᠤ ᠭᠦᠮᠦᠰ ᠠᠯᠠᠯᠳᠤᠨ ᠴᠠᠪᠴᠢᠯᠳᠤᠵᠤ ᠪᠠᠢ᠌ᠨ᠎ᠠ᠃ ᠡᠮᠦᠨᠡᠭᠢ ᠭᠦᠭ᠍ᠵᠢᠮ ᠦᠷᠭᠦᠯᠵᠢᠯᠡᠭ᠍ᠰᠡᠭᠡᠷ ᠁ ᠬᠡᠦᠬᠡᠳ ᠣᠭᠢᠯᠠᠬᠤ ᠳᠠᠭᠤ ᠁
ᠦᠵᠤᠩ ᠬᠠᠭᠠᠨ᠄ ᠶᠠᠪᠣᠶ᠎ᠠ︕ ᠴᠠᠩᠭᠢᠷ ᠴᠠᠭᠠᠨ ᠬᠠᠳᠠ ᠶᠢᠨ ᠴᠥᠩᠭᠦᠭᠡᠷ ᠴᠠᠭᠠᠨ ᠠᠭᠤᠢ ᠳᠤ ᠣᠳᠤᠶ᠎ᠠ︕
ᠬᠠᠳᠤᠨ᠄ ᠳᠡᠭᠡᠶ᠎ᠡ︕ (ᠬᠤᠶᠠᠷ ᠭᠦᠮᠤᠨ ᠤ ᠶᠠᠭᠠᠷᠠᠯᠳᠠᠢ ᠶᠠᠪᠣᠬᠤ ᠴᠢᠮᠡᠭᠡᠨ ᠁)
[ᠬᠠᠳᠠ ᠶᠢᠨ ᠠᠭᠤᠢ ᠳᠤ ᠣᠷᠤᠬᠤ ᠴᠤᠤᠷᠢᠶ᠎ᠠ ᠁ ᠳᠠᠢ᠌ᠨ ᠤ ᠴᠢᠮᠡᠭᠡᠨ ᠬᠤᠯᠠᠵᠢᠨ᠎ᠠ ᠁ ᠠᠭᠤᠢ ᠳᠤᠳᠤᠷ᠎ᠠ ᠬᠤᠶᠠᠷ ᠭᠦᠮᠤᠨ ᠶᠠᠪᠣᠬᠤ ᠴᠢᠮᠡᠭᠡᠨ ᠁
ᠦᠵᠤᠩ ᠬᠠᠭᠠᠨ᠄ ᠠᠷᠭ᠎ᠠ ᠦᠭᠡᠶ︕ ᠰᠠᠭ ᠦᠭᠡᠶ ᠳᠡᠭᠡᠨ ᠳᠦᠷᠤ ᠱᠠᠵᠢᠨ ᠶᠢᠡᠨ ᠠᠯᠳᠠᠵᠤ᠂ ᠳᠠᠪᠤᠨ ᠰᠠᠶ᠎ᠠ ᠠᠯᠪᠠᠳᠤ ᠪᠠᠨ ᠬᠠᠷᠢ ᠶᠢᠨ ᠳᠠᠢ᠌ᠰᠤᠨ ᠤ ᠪᠣᠭᠤᠯ ᠪᠣᠯᠭᠠᠯ᠎ᠠ ᠪᠢ︕ (ᠬᠠᠷᠠᠮᠰᠠᠨ) ᠣᠳᠤ ᠶᠠᠭᠠᠭᠢᠬᠤ ᠪᠣᠢ︖ ᠭᠦᠤ ᠶᠢ ᠪᠠᠨ ᠳᠤ ᠡᠨᠡ ᠠᠭᠤᠢ ᠳᠤ ᠪᠣᠯᠳᠠᠭᠤᠯᠵᠤ ᠣᠷᠭᠢᠶ᠎ᠠ︕
ᠬᠠᠳᠤᠨ᠄ (ᠣᠭᠢᠯᠠᠵᠤ) ᠭᠡᠯᠡ ᠠᠮᠠ ᠦᠭᠡᠶ ᠭᠡᠡᠵᠡ ᠪᠠᠭ᠎ᠠ ᠭᠦᠪᠠᠭᠦᠨ ᠮᠢᠨᠢ᠂ ᠭᠡᠰᠢᠭ᠌ ᠴᠢᠨᠢ ᠪᠠᠢ᠌ᠬᠤᠯ᠎ᠠ ᠪᠠᠰᠠ ᠨᠢᠭᠡ ᠡᠳᠦᠷ ᠳᠦᠷᠤ ᠱᠠᠵᠢᠨ ᠬᠤᠶᠠᠷ ᠶᠢᠡᠨ ᠭᠠᠷ ᠲᠠᠭᠠᠨ ᠠᠪᠴᠤ ᠪᠣᠮᠪᠠ ᠶᠢᠨ ᠣᠷᠤᠨ ᠶᠢᠡᠨ ᠲᠡᠳᠬᠦᠭᠦ ᠴᠢ︕
ᠦᠵᠤᠩ ᠬᠠᠭᠠᠨ᠄ ᠵᠠ︕ ᠡᠨᠡ ᠡᠷᠳᠡᠨᠢ ᠶᠢᠨ ᠴᠠᠭᠠᠨ ᠥᠯᠦᠭᠡᠢ ᠳᠤ ᠭᠦᠤ ᠪᠠᠨ ᠥᠯᠦᠭᠡᠢ᠌ᠳᠡᠶᠡ︕ (ᠭᠦᠤ ᠥᠯᠦᠭᠡᠢ᠌ᠳᠡᠭᠦ) ᠮᠠᠢ︕ ᠡᠨᠡ᠂ ᠮᠤᠷᠢᠨ ᠤ ᠳᠤᠯᠤᠭᠠᠢ ᠶᠢᠨ ᠴᠢᠨᠡᠭᠡᠨ ᠮᠤᠯᠤᠷ ᠴᠠᠭᠠᠨ ᠡᠷᠳᠡᠨᠢ ᠶᠢ ᠭᠦᠤ ᠳᠡᠭᠡᠨ ᠭᠦᠭᠦᠭᠦᠯᠵᠤ ᠣᠷᠭᠢ︕
ᠬᠠᠳᠤᠨ᠄ ᠵᠠ︕ (ᠡᠨᠡ ᠵᠠᠪᠰᠠᠷ ᠭᠦᠤ ᠶᠢ ᠪᠠᠨ ᠡᠷᠭᠡᠯᠡᠭᠦᠯᠤᠨ ᠦᠨᠦᠰᠴᠤ ᠣᠭᠢᠯᠠᠨ᠎ᠠ)
ᠦᠵᠤᠩ᠄ ᠡᠨᠡ ᠥᠯᠦᠭᠡᠢ ᠳᠤ ᠭᠡᠪᠳᠡᠭᠡᠳ᠂ ᠡᠨᠡ ᠡᠷᠳᠡᠨᠢ ᠶᠢ ᠭᠦᠭᠦᠭᠡᠳ ᠪᠠᠢ᠌ᠬᠤᠯ᠎ᠠ᠂ ᠭᠦᠪᠠᠭᠦᠨ ᠮᠠᠨᠢ ᠭᠦᠮᠤ ᠪᠠᠷ ᠠᠰᠠᠷᠠᠭᠤᠯᠤᠯ ᠦᠭᠡᠶ ᠥᠰᠦᠭᠡᠳ᠂ ᠨᠢᠭᠡ ᠡᠳᠦᠷ ᠠᠭᠤᠢ ᠶᠢᠨ ᠶᠢᠡᠨ ᠡᠭᠦᠳᠡ ᠶᠢ ᠡᠪᠳᠡᠭᠡᠳ ᠭᠠᠷᠤᠭᠠᠤᠨ ᠢᠷᠠᠨ᠎ᠠ︕ (ᠵᠠᠷ ᠵᠠᠪᠠ ᠳᠠᠢ᠌ᠯᠬᠤ) ᠭᠦᠪᠠᠭᠦᠨ ᠮᠢᠨᠢ︕ (ᠣᠶᠠᠷᠠᠵᠤ) ᠡᠳᠦᠷ ᠤᠨ ᠪᠣᠳᠤᠯ ᠪᠣᠯᠤᠭᠰᠠᠨ ᠨᠠᠷᠠ ᠮᠢᠨᠢ᠂ ᠰᠦᠨᠢ ᠶᠢᠨ ᠵᠡᠭᠦᠳᠤᠨ ᠪᠣᠯᠤᠭᠰᠠᠨ ᠰᠠᠷ᠎ᠠ ᠮᠢᠨᠢ︕ ᠠᠪᠣ ᠴᠢᠨᠢ ᠴᠢᠮ᠎ᠠ ᠳᠤ ᠦᠪᠡᠷ ᠤᠨ ᠶᠢᠡᠨ ᠵᠡᠭᠦᠵᠤ ᠪᠠᠢ᠌ᠭᠰᠠᠨ ᠡᠷ᠎ᠡ ᠭᠦᠮᠤᠨ ᠤ ᠳᠠᠪᠤᠨ ᠵᠣᠢ᠌ᠯ ᠤᠨ ᠵᠠᠷ ᠵᠠᠪᠠ ᠶᠢ ᠥᠯᠡᠳᠡᠭᠡᠶ᠎ᠡ︕ ᠬᠣᠢ᠌ᠨ᠎ᠠ ᠨᠢ ᠡᠷ᠎ᠡ ᠶᠢᠨ ᠵᠡᠷᠭᠡ ᠳᠤ ᠭᠦᠷᠭᠦᠯᠡᠷ ᠶᠢᠡᠨ ᠭᠡᠷᠡᠭᠯᠡᠭᠦ ᠴᠢ︕
ᠬᠠᠳᠤᠨ᠄ (ᠭᠦᠪᠠᠭᠦᠨ ᠡᠴᠡ ᠪᠠᠨ ᠰᠠᠯᠵᠤ ᠴᠢᠳᠠᠯ ᠦᠭᠡᠶ ᠣᠶᠠᠷᠠᠯᠳᠠᠢ ᠣᠭᠢᠯᠠᠵᠤ ᠪᠠᠢ᠌ᠨ᠎ᠠ ᠁)
[ᠭᠦᠭ᠍ᠵᠢᠮ (1 ᠊᠊᠊᠊᠊᠊᠊᠊᠊᠊᠊᠊᠊᠊᠊ 12) ᠣᠶᠠᠷᠠᠯᠳᠠᠢ ᠁
ᠦᠵᠤᠩ᠄ ᠬᠠᠳᠤᠨ ᠮᠢᠨᠢ᠂ ᠡ᠊ᠨᠳᠡ ᠪᠢᠳᠠᠨ ᠣᠳᠠᠭᠠᠨ ᠪᠠᠢ᠌ᠵᠤ ᠪᠣᠯᠬᠤᠰᠢ︕ ᠶᠠᠪᠣᠶ᠎ᠠ︕ ᠡᠰᠡᠭᠦᠯ᠎ᠡ ᠭᠦᠪᠠᠭᠦᠨ ᠢ ᠮᠠᠨᠢ ᠠᠮᠢᠳᠤ ᠳᠠᠯᠪᠢᠬᠤ ᠦᠭᠡᠶ︕
[ᠬᠤᠶᠠᠷ ᠭᠦᠮᠤᠨ ᠤ ᠠᠭᠤᠢ ᠡᠴᠠ ᠭᠠᠷᠴᠤ ᠶᠠᠪᠣᠬᠤ ᠴᠢᠮᠡᠭᠡᠨ ᠁ ᠭᠦᠭ᠍ᠵᠢᠮ (1 ᠊᠊᠊᠊᠊᠊᠊᠊᠊᠊᠊᠊᠊᠊᠊ 12) ᠦᠷᠭᠦᠯᠵᠢᠯᠡᠨ᠎ᠡ ᠁ ᠠᠭᠤᠢ ᠶᠢᠨ ᠡᠭᠦᠳᠡ ᠳᠠᠷᠤᠬᠤ ᠭᠦᠡᠳᠤ ᠳᠠᠭᠤᠨ ᠁ ᠲᠦᠷ ᠨᠠᠮ ᠵᠢᠮ ᠊᠊᠊᠊᠊᠊᠊᠊᠊᠊᠊᠊᠊᠊᠊ ᠥᠵᠡᠭ᠍ᠳᠡᠯ ᠰᠤᠯᠢᠬᠤ ᠣᠢ᠌ᠯᠠᠳᠤᠯ ᠲᠡᠶ᠃ ]
* * *
[ᠲ᠋ᠠᠢ᠌ᠰᠤᠨ ᠤ ᠭᠡᠩᠭᠡᠷᠭᠡ ᠨᠢᠵᠢᠭᠢᠨᠠᠵᠤ ᠁ ᠡᠭᠡ ᠵᠠᠬ᠎ᠠ ᠦᠭᠡᠶ ᠠᠯᠠᠯᠳᠤᠭᠠᠨ ᠁ ᠡᠨᠡᠯᠦᠯ ᠁
ᠳᠠᠢ᠌ᠰᠤᠨA᠄ ᠬᠠᠢ ︕ ᠬᠠᠢ︕ ᠦᠵᠤᠩ ᠠᠯᠳᠠᠷ ᠬᠠᠭᠠᠨ᠂ ᠬᠠᠳᠤᠨ ᠲᠡᠶ ᠪᠠᠨ ᠬᠤᠶᠠᠭᠤᠯᠠ ᠳᠠ᠊ ᠁ ᠳᠠᠷᠠ ᠵᠤᠯᠠᠵᠤ (ᠳᠤᠳᠠᠭᠠᠵᠤ) ᠶᠠᠪᠣᠨ᠎ᠠ︕
ᠡᠷᠭᠢᠭᠦᠤ ᠮᠥᠩᠭᠦᠨ ᠳᠡᠪᠠᠭ᠌᠄ ᠭᠦᠭᠡᠭᠡ︕ ᠠᠮᠢᠳᠤ ᠪᠠᠷ ᠨᠢ ᠪᠠᠷᠢᠵᠤ ᠢᠷ᠎ᠠ︕
[ᠣᠯᠠᠨ ᠮᠤᠷᠢᠨ ᠤ ᠳᠦᠪᠠᠷᠭᠡᠨ ᠳᠠᠴᠢᠭᠢᠨᠠᠨ ᠬᠤᠯᠠᠵᠢᠨ᠎ᠠ ᠁ 《ᠪᠠᠷᠢ︕ ᠠᠯᠠ︕》 ᠭᠡᠭᠦ ᠮᠠᠭᠤᠬᠠᠢ ᠳᠠᠭᠤ ᠦᠷᠭᠦᠯᠵᠢᠯᠡᠨ᠎ᠡ ᠁ ᠨᠢᠭᠡ ᠵᠡᠷᠭᠡ ᠳᠡᠮᠡᠴᠡᠯᠳᠦᠭᠡᠨ ᠁
ᠳᠠᠢ᠌ᠰᠤᠨAB᠄ (ᠵᠡᠷᠭᠡ ᠳ᠋ᠡᠭᠡᠨ) ᠬᠠᠭᠠᠨ ᠠᠪᠣ︕ ᠦᠵᠤᠩ ᠠᠯᠳᠠᠷ ᠬᠠᠭᠠᠨ ᠢ ᠪᠠᠷᠢᠵᠤ ᠠᠪᠣᠪᠠ ᠪᠢᠳᠠᠨ︕
ᠡᠷᠭᠢᠭᠦᠤ ᠮᠥᠩᠭᠦᠨ ᠳᠡᠪᠠᠭ᠌᠄ (ᠬᠠᠭᠢᠷ ᠳᠠᠭᠤ ᠪᠠᠷ) ᠰᠠᠢ᠌ᠨ ᠪᠣᠯᠪᠠ︕ ᠬᠠᠭᠠᠨ ᠬᠠᠳᠤᠨ ᠬᠤᠶᠠᠷ ᠢ ᠭᠦᠯᠢ︕ (ᠭᠦᠯᠢᠭᠦ ᠴᠢᠮᠡᠭᠡᠨ)
ᠡᠷᠭᠢᠭᠦᠤ ᠮᠥᠩᠭᠦᠨ ᠳᠡᠪᠠᠭ᠌᠄ ᠬᠨ ᠬᠨ ᠬᠨ ᠬᠨ︕ ᠦᠵᠤᠩ ᠠᠯᠳᠠᠷ ᠬᠠᠭᠠᠨ ᠢ ᠣᠢ᠌ᠯᠠ ᠶᠢ ᠨᠢ ᠥᠵᠡᠭᠦᠯᠵᠤ ᠪᠠᠢ᠌ᠭᠠᠤᠨ ᠠᠯᠠ︕ ᠳᠦᠷᠦᠭᠦᠯᠡᠭᠡᠳ ᠁ ᠳᠦᠷᠦᠭᠦᠯᠡᠭᠡᠳ ᠡᠨᠡ ᠬᠠᠭᠠᠨ ᠤ ᠴᠢᠭᠢ ᠶᠢ ᠨᠢ ᠭᠡᠷᠴᠢ︕ (ᠴᠢᠭᠢ ᠭᠡᠷᠴᠢᠭᠦ ᠴᠢᠮᠡᠭᠡᠨ᠂ ᠬᠠᠭᠠᠨ ᠤ ᠪᠠᠷᠭᠢᠷᠠᠬᠤ ᠴᠢᠮᠡᠭᠡᠨ᠂ ᠬᠠᠳᠤᠨ ᠤ ᠬᠠᠷᠠᠰᠠᠨ ᠬᠠᠰᠭᠢᠷᠬᠤ ᠳᠠᠭᠤ)
ᠬᠠᠳᠤᠨ᠄ ᠬᠠᠭᠠᠨ ᠭᠦᠮᠤᠨ ᠬᠠᠷᠭᠢᠰ ᠪᠣᠯᠬᠤᠯ᠎ᠠ ᠬᠠᠷ᠎ᠠ ᠳᠤᠯᠤᠭᠠᠢ ᠪᠠᠨ ᠢᠳᠠᠨ᠎ᠡ᠃ ᠡᠷᠭᠢᠭᠦᠤ ᠮᠥᠩᠭᠦᠨ ᠳᠡᠪᠠᠭ᠌ ᠴᠢ᠂ ᠬᠠᠭᠠᠨ ᠭᠦᠮᠤᠨ ᠪᠣᠯᠬᠤᠯ᠎ᠠ ᠁ ᠡᠨᠡᠷᠢᠭᠦ ᠶᠢᠨ ᠰᠡᠳᠭᠢᠯ ᠳᠦᠷᠤ︕ ᠪᠣᠮᠪᠠ ᠶᠢᠨ ᠣᠷᠤᠨ ᠤ ᠡᠵᠡᠨ ᠬᠠᠭᠠᠨ ᠢ ᠪᠢᠳᠡᠭᠡᠢ ᠳᠤᠷᠤᠮᠵᠢᠯᠠ︕
ᠡᠷᠭᠢᠭᠦᠤ ᠮᠥᠩᠭᠦᠨ ᠳᠡᠪᠠᠭ᠌᠄ (ᠮᠠᠭᠤᠬᠠᠢ ᠢᠨᠢᠶᠠᠵᠤ) ᠬᠨ ᠬᠨ ᠬᠨ︕ ᠡᠨᠡ ᠥᠯᠦᠭ᠍ᠴᠢᠨ ᠤ ᠵᠢᠷᠦᠭᠡᠨ ᠤ ᠭᠢᠨᠢ ᠪᠦᠳᠦᠭᠦᠨ ᠢ᠁ (ᠠᠭᠤᠷᠯᠠᠵᠤ) ᠴᠢᠮ᠎ᠠ ᠪᠠᠷ ᠣᠬᠠᠭ᠎ᠠ ᠵᠢᠭᠠᠯᠭᠠᠮᠠᠷ ᠨᠢ ᠡᠷᠭᠢᠭᠦᠤ ᠮᠥᠩᠭᠦᠨ ᠳᠡᠪᠠᠭ᠌ ᠪᠢᠰᠢ︕ ᠠᠯᠢ ᠪᠣᠢ᠂ ᠡᠨᠡ ᠬᠠᠳᠤᠨ ᠪᠠᠬᠠᠨ 《ᠵᠢᠷᠭᠠᠭᠠᠵᠤ》 ᠦᠭᠭᠦᠶ᠎ᠡ︕
[ᠬᠠᠳᠤᠨ ᠢ ᠪᠠᠷᠭᠢᠷᠠᠭᠤᠯᠤᠨ ᠴᠢᠷᠴᠤ ᠪᠠᠢ᠌ᠬᠤ ᠴᠢᠮᠡᠭᠡᠨ ᠁
ᠦᠵᠤᠩ᠄ (ᠬᠠᠷᠠᠰᠠᠯᠳᠠᠢ ᠬᠠᠰᠭᠢᠷᠴᠤ)
ᠠᠭᠢᠷᠠᠬᠤᠯᠠ ᠨᠢ᠋ᠮᠠᠨ ᠭᠡᠯᠭᠢᠶ᠎ᠡ ᠶᠠᠰᠤᠨ ᠪᠢᠰᠢ ᠦᠦ ⁈
ᠠᠰᠬᠠᠷᠠᠬᠤᠯᠠ ᠨᠢᠭᠡ ᠪᠠᠯᠭᠤ ᠴᠢᠰᠤᠨ ᠪᠢᠰᠢ ᠦᠦ⁈
ᠨᠠᠮᠢ᠋ᠢ ᠶᠠᠭᠠᠭᠢᠭᠠᠤᠨ ᠴᠠᠭᠠᠵᠠᠯᠠᠵᠤ ᠠᠯᠠᠬᠤᠯᠠ ᠴᠢᠨᠤ ᠳᠤᠷᠠᠨ ᠪᠣᠯᠤᠭ
ᠬᠠᠳᠤᠨ ᠢ ᠮᠢᠨᠢ ᠪᠢᠳᠡᠭᠡᠢ ᠵᠤᠪᠠᠭ᠎ᠠ︕
ᠡᠷᠭᠢᠭᠦᠤ ᠮᠥᠩᠭᠦᠨ ᠳᠡᠪᠠᠭ᠌᠄ (ᠮᠠᠭᠤᠬᠠᠢ ᠳᠠᠭᠤ ᠪᠠᠷ ᠭᠦᠷᠭᠢᠷᠡᠵᠤ) ᠭᠡᠯᠡ ᠶᠢ ᠨᠢ ᠭᠡᠷᠴᠢ︕
[ᠭᠡᠯᠡ ᠭᠡᠷᠴᠢᠭᠦ ᠴᠢᠮᠡᠭᠡᠨ ᠁ ᠦᠵᠤᠩ ᠬᠠᠭᠠᠨ ᠤ ᠣᠷᠭᠢᠯᠠᠬᠤ ᠳᠠᠭᠤ ᠁ ᠬᠤᠯᠠ ᠳᠤ ᠬᠠᠳᠤᠨ ᠤ ᠴᠢᠱᠭᠢᠭᠦ ᠳᠠᠭᠤᠨ ᠁
ᠡᠷᠭᠢᠭᠦᠤ ᠮᠥᠩᠭᠦᠨ ᠳᠡᠪᠠᠭ᠌᠄ (ᠪᠠᠬ᠎ᠠ ᠨᠢ ᠬᠠᠠᠵᠤ) ᠣᠳᠤ ᠳᠠᠭᠤ ᠭᠠᠷ︕ ᠁ ᠭᠡᠯᠡᠨ ᠡᠴᠡ ᠨᠢ ᠰᠠᠯᠭᠠᠵᠤ ᠪᠣᠯᠤᠯ᠎ᠠ ᠁ ᠣᠳᠤ ᠁ ᠨᠢᠳᠤ ᠶᠢ ᠨᠢ ᠮᠠᠯᠳᠠ︕
[ᠨᠢᠳᠤ ᠮᠠᠯᠳᠠᠬᠤ ᠴᠢᠮᠡᠭᠡᠨ ᠁
ᠡᠷᠭᠢᠭᠦᠤ ᠮᠥᠩᠭᠦᠨ ᠳᠡᠪᠠᠭ᠌᠄ ᠄ (ᠭᠡᠷᠴᠡᠭᠡᠢ ᠪᠠᠷ) ᠣᠳᠤ ᠁ ᠨᠢ᠋ᠮᠠᠨ ᠴᠢᠮᠦᠭᠡ ᠶᠢ ᠨᠢ ᠨᠠᠳᠠ ᠨᠢᠭᠡ ᠨᠢᠭᠡ ᠪᠠᠷ ᠴᠤᠭᠢᠵᠤ ᠥᠭ᠌︕
[ᠲ᠋ᠠᠴᠢᠭᠢᠨᠠᠭᠤᠯᠤᠨ ᠶᠠᠰᠤ ᠬᠤᠭᠤᠯᠬᠤ ᠴᠢᠮᠡᠭᠡᠨ ᠁ ᠬᠠᠭᠠᠨ ᠬᠠᠳᠤᠨ ᠬᠤᠶᠠᠷ ᠤᠨ ᠪᠠᠷᠭᠢᠷᠠᠬᠤ ᠳᠠᠭᠤᠨ ᠁ ᠭᠦᠭ᠍ᠵᠢᠮ (1 ᠊᠊᠊᠊᠊᠊᠊᠊᠊᠊᠊᠊᠊᠊᠊ 13) ᠪᠣᠮᠪᠠ ᠶᠢᠨ ᠣᠷᠤᠨ ᠤ ᠡᠵᠡ ᠦᠭᠡᠶ ᠪᠣᠯᠵᠤ᠂ ᠭᠠᠰᠠᠯᠠᠩ ᠤᠨ ᠭᠠᠯᠪᠠ ᠪᠣᠯᠤᠭᠰᠠᠨ ᠪᠠᠢ᠌ᠳᠠᠯ ᠢ ᠳᠤᠰᠬᠠᠨ᠎ᠠ
ᠡᠷᠭᠢᠭᠦᠤ ᠮᠥᠩᠭᠦᠨ ᠳᠡᠪᠠᠭ᠌᠄ (ᠭᠦᠭ᠍ᠵᠢᠮ ᠳᠤ ᠳᠠᠪᠬᠤᠴᠠᠭᠤᠯᠤᠨ᠂ ᠭᠡᠷᠴᠡᠭᠡᠢ ᠳᠠᠭᠤ ᠪᠠᠷ)
ᠪᠣᠮᠪᠠ ᠶᠢᠨ ᠣᠷᠤᠨ ᠳ᠋ᠤ
ᠥᠯᠦᠭ᠍ᠴᠢᠨ ᠨᠤᠬᠠᠢ
ᠦᠨᠦᠴᠢᠨ ᠭᠦᠪᠠᠭᠦᠨ
ᠥᠯᠡᠳᠡᠭᠡᠯ ᠦᠭᠡᠶ ᠳᠠᠭᠤᠭᠠᠤᠨ ᠬᠠᠷᠢᠶ᠎ᠠ︕
[ᠭᠦᠭ᠍ᠵᠢᠮ (1 ᠊᠊᠊᠊᠊᠊᠊᠊᠊᠊᠊᠊᠊᠊᠊ 13) ᠦᠷᠭᠦᠯᠵᠢᠯᠡᠵᠤ ᠁ ᠡᠨᠡᠯᠦᠯ ᠤᠨ ᠳᠠᠭᠤ ᠳᠡᠭ᠍ᠷᠢ ᠳᠤ ᠬᠠᠳᠠᠭᠳᠠᠨᠠ ᠁
* * *
[ᠭᠦᠭ᠍ᠵᠢᠮ ᠣᠶᠠᠷᠠᠯᠳᠠᠢ ᠪᠣᠯᠵᠤ ᠬᠤᠪᠢᠷᠠᠨ᠎ᠠ᠃ ᠰᠠᠯᠭᠢ ᠬᠤᠤᠭᠢᠵᠤ᠂ ᠭᠡᠷᠢᠶ᠎ᠡ ᠭᠤᠸᠠᠭᠯᠠᠵᠤ ᠁ ᠬᠤᠯᠠ ᠳᠤ ᠴᠢᠨ᠋ᠸ᠎ᠠ ᠣᠯᠢᠨ᠎ᠠ᠃
[ᠬᠤᠶᠠᠷ ᠭᠦᠮᠤᠨ ᠤ ᠭᠦᠯ ᠤᠨ ᠴᠢᠮᠡᠭᠡᠨ ᠬᠤᠯᠠ ᠡᠴᠠ ᠤᠢ᠌ᠷᠠᠳᠤᠨ᠎ᠠ ᠁
ᠶᠢᠠᠳᠢᠷᠠᠢ ᠴᠠᠭᠠᠨ ᠡᠪᠦᠭᠡᠨ᠄ (ᠭᠦᠭ᠍ᠵᠢᠮ ᠳᠤ ᠳᠠᠪᠬᠤᠴᠠᠭᠤᠯᠤᠨ᠂ ᠡᠮᠭᠡᠨᠢᠨ ᠪᠠᠢ᠌ᠵᠤ)
ᠪᠠᠭᠠᠳᠤᠷ ᠬᠠᠭᠠᠨ ᠤ ᠨᠤᠳᠤᠭ ᠡᠰᠡ ᠪᠢᠯᠠ ᠤᠤ
ᠪᠠᠶᠠᠨ ᠨᠤᠳᠤᠭ ᠤᠨ ᠪᠠᠭᠤᠷᠢ ᠡᠰᠡ ᠪᠢᠯᠠ ᠤᠤ
ᠢᠩᠭᠢᠵᠤ ᠳᠠᠯᠬᠠᠨ ᠳᠠᠮᠤ ᠪᠣᠯᠵᠤ ᠣᠳᠤᠨ᠎ᠠ ᠭᠡᠳᠡᠭ᠌ (ᠱᠤᠭᠰᠢᠵᠤ)
ᠳᠠᠢ᠌ᠨ ᠭᠡᠳᠡᠭ᠌ ᠶᠠᠭᠠᠭᠢᠭᠰᠠᠨ ᠮᠠᠭᠤ ᠶᠠᠭᠤᠮᠠᠨ ᠪᠣᠢ︕
ᠭᠡᠨ ᠬᠤᠴᠤᠷᠤᠭᠰᠠᠨ ᠪᠣᠯᠪᠠ︖
ᠶᠠᠭᠤᠨ ᠥᠯᠡᠳᠡᠭ᠍ᠰᠡᠨ ᠪᠣᠯᠪᠠ︖
ᠶᠠᠪᠣ︕ ᠡᠮᠡᠭᠡᠨ︕ ᠡᠷᠭᠢᠭᠡᠳ ᠬᠠᠯᠢᠶᠠᠵᠤ ᠦᠵᠡᠶ᠎ᠠ︕
ᠡᠮᠡᠭᠡᠨ᠄ (ᠣᠶᠠᠷᠠᠨ ᠵᠤᠪᠠᠵᠤ)
ᠬᠠᠢ᠌ᠷᠠᠨ ᠪᠣᠮᠪᠠ ᠶᠢᠨ ᠣᠷᠤᠨ ᠮᠢᠨᠢ
ᠬᠠᠢ᠌ᠷᠠᠳᠠᠢ ᠦᠵᠤᠩ ᠠᠯᠳᠠᠷ ᠬᠠᠭᠠᠨ ᠮᠢᠨᠢ
ᠦᠯ ᠮᠠᠩᠬᠠᠨ ᠴᠠᠭᠠᠨ ᠠᠭᠤᠯᠠ ᠶᠢ ᠳᠠᠨᠢ ᠪᠣᠯᠭᠤ ᠳᠠᠳᠠᠵᠤ ᠬᠠᠶᠠᠭᠠᠤᠨ
ᠪᠣᠮᠪᠠ ᠳᠠᠯᠠᠢ ᠶᠢ ᠳᠠᠨᠢ ᠰᠢᠷᠭᠢᠭᠡᠳ ᠬᠠᠶᠠᠵᠤ ᠪᠢᠰᠢ ᠦᠦ⁈
ᠭᠦᠭᠡ ᠳᠡᠭ᠍ᠷᠢ ᠮᠢᠨᠢ︕ ᠭᠦᠷᠦᠰᠦᠳᠤ ᠭᠠᠵᠠᠷ ᠮᠢᠨᠢ︕
ᠶᠠᠭᠠᠭᠢᠭᠰᠠᠨ ᠡᠨᠡᠷᠢᠯ ᠦᠭᠡᠶ ᠳᠠᠢ᠌ᠰᠤᠨ ᠪᠣᠢ︕ (ᠣᠭᠢᠯᠠᠨ᠎ᠠ)
ᠶᠢᠠᠳᠢᠷᠠᠢ ᠴᠠᠭᠠᠨ ᠡᠪᠦᠭᠡᠨ᠄ (ᠡᠮᠡᠭᠡᠨ ᠶᠢᠡᠨ ᠡᠪᠯᠡᠵᠤ)
ᠣᠭᠢᠯᠠᠭᠠᠤᠨ ᠡᠨᠡᠯᠦᠭᠡᠳ ᠰᠠᠭᠤᠬᠤ ᠪᠠᠷ
ᠡᠷᠭᠢᠭᠡᠳ ᠬᠠᠯᠢᠶᠠᠭᠠᠳ ᠦᠵᠡᠶ᠎ᠠ︕
ᠦᠨᠢᠷ ᠨᠤᠳᠤᠭ ᠡᠰᠡ ᠪᠢᠯᠠ ᠤᠤ
ᠦᠷᠭᠡᠨ ᠨᠤᠳᠤᠭ ᠡᠰᠡ ᠪᠢᠯᠠ ᠦᠦ︕
ᠠᠳᠠᠭ ᠭᠡᠭᠦ ᠳᠤ
ᠦᠨᠦᠴᠢᠨ ᠲᠠᠭᠠᠨ ᠥᠯᠦᠭᠡᠢ ᠲᠡᠶ ᠭᠦᠪᠠᠭᠦᠨ
ᠥᠯᠡᠳᠡᠭᠦ ᠣᠴᠢᠷ ᠲᠡᠶ︕
[ᠬᠤᠶᠠᠷ ᠭᠦᠮᠤᠨ ᠤ ᠬᠤᠯᠠᠳᠬᠤ ᠴᠢᠮᠡᠭᠡᠨ᠃ ᠭᠦᠭ᠍ᠵᠢᠮ ᠳᠤ ᠪᠠᠶᠠᠷ ᠤᠨ ᠥᠩᠭᠡ ᠣᠷᠤᠨ᠎ᠠ ᠁
ᠶᠢᠠᠳᠢᠷᠠᠢ ᠴᠠᠭᠠᠨ ᠡᠪᠦᠭᠡᠨ᠄ (ᠪᠠᠶᠠᠷᠯᠠᠵᠤ) ᠬᠡᠯᠢᠶᠡᠭᠡᠴᠢ ᠡᠮᠡᠭᠡᠨ︕ ᠦᠵᠤᠩ ᠠᠯᠳᠠᠷ ᠬᠠᠭᠠᠨ ᠤ ᠭᠢᠨ ᠤ ᠣᠮᠳᠠ ᠪᠣᠯᠤᠭᠰᠠᠨ ᠷᠠᠰᠢᠶᠠᠨ ᠬᠠᠷ᠎ᠠ ᠪᠣᠯᠠᠭ ᠨᠢ ᠰᠢᠷᠭᠢᠵᠤ ᠦᠭᠡᠶ᠂ ᠣᠠᠳᠤᠷᠴᠤ ᠪᠠᠢ᠌ᠨ᠎ᠠ᠃ ᠡᠨᠡ ᠶᠡᠭᠡ ᠰᠠᠢ᠌ᠨ ᠢᠷᠸ᠎ᠠ︕ ᠳᠠᠩᠰᠤᠭ ᠪᠣᠮᠪᠠ ᠬᠠᠭᠠᠨ ᠤ ᠣᠭ ᠳᠠᠰᠤᠷᠠᠳᠠᠭ ᠶᠤᠰᠤᠨ ᠦᠭᠡᠶ︕ ᠯᠠᠪᠯᠠᠭᠠᠤᠨ ᠬᠠᠢ᠌ᠶ᠎ᠠ︕ (ᠪᠣᠯᠠᠭ ᠤᠨ ᠪᠣᠷᠭᠢᠯᠬᠤ ᠴᠢᠮᠡᠭᠡᠨ ᠁)
ᠡᠮᠡᠭᠡᠨ᠄ (ᠭᠡᠨᠡᠳᠲᠡ ᠪᠠᠶᠠᠷᠯᠠᠵᠤ) ᠡᠪᠦᠭᠡᠨ ᠬᠠᠯᠢᠶᠠᠭᠠᠴᠢ︕ ᠳᠠᠷᠠ ᠡᠪᠦᠳᠦᠭ᠌ ᠴᠢᠨᠡᠭᠡᠨ ᠱᠤᠤᠷᠠᠢ ᠶᠢᠨ ᠳᠤᠳᠤᠷ᠎ᠠ᠂ ᠳᠠᠭᠠᠭᠢ ᠲᠡᠶ ᠵᠡᠭᠡᠷᠳᠡ ᠲᠠᠭᠠᠨ ᠥᠵᠡᠭ᠍ᠳᠡᠨ᠎ᠡ︕ (ᠬᠤᠯᠠ ᠳᠤ ᠲᠠᠭ᠎ᠠ ᠢᠠᠴᠠᠭᠠᠨ᠎ᠠ)
ᠶᠢᠠᠳᠢᠷᠠᠢ ᠴᠠᠭᠠᠨ ᠡᠪᠦᠭᠡᠨ᠄ (ᠪᠠᠶᠠᠷᠯᠠᠵᠤ)
ᠥᠭᠡᠢ᠌ᠷᠡᠭ᠍ᠰᠡᠨ ᠡᠴᠡ ᠬᠤᠴᠤᠷᠤᠭᠰᠠᠨ ᠮᠠᠯ ᠤᠨ ᠬᠤᠭ ᠭᠡᠳᠡᠭ᠌ ᠡᠨᠡ ᠵᠢᠭᠢ᠃ ᠣᠳᠤ ᠡᠭᠦᠨ ᠤ ᠡᠵᠡᠨ ᠢ ᠨᠢ ᠣᠯᠳᠠᠭ ᠭᠡᠷᠡᠭ᠌︕
[ᠭᠦᠰᠡᠯ ᠡᠷᠡᠮᠰᠢᠯ ᠤᠨ ᠰᠡᠳᠭᠢᠯ ᠲᠡᠶ ᠭᠦᠭ᠍ᠵᠢᠮ (1 ᠊᠊᠊᠊᠊᠊᠊᠊᠊᠊᠊᠊᠊᠊᠊ 13) ᠁ ᠬᠤᠯᠠᠵᠢᠵᠤ ᠶᠠᠪᠣᠬᠤ ᠬᠤᠶᠠᠷ ᠭᠦᠮᠤᠨ ᠤ ᠭᠦᠯ ᠤᠨ ᠴᠢᠮᠡᠭᠡᠨ ᠁
ᠡᠮᠡᠭᠡᠨ᠄ (ᠴᠤᠴᠢᠨ ᠪᠠᠶᠠᠷᠳᠠᠢ) ᠬᠤᠢ ᠬᠤᠢ︕ ᠡᠪᠦᠭᠡᠨ︕ ᠳᠡᠷᠡ ᠬᠠᠯᠢᠶᠠᠭᠠᠴᠢ︕ ᠴᠠᠩᠭᠡᠷ ᠴᠠᠭᠠᠨ ᠬᠠᠳᠠ ᠶᠢᠨ ᠴᠥᠩᠭᠦᠭᠡᠷ ᠴᠠᠭᠠᠨ ᠠᠭᠤᠢ ᠶᠢ ᠬᠠᠯᠢᠶᠠᠭᠠᠴᠢ︕ ᠠᠮᠠ ᠶᠢ ᠨᠢ ᠭᠦᠡᠳᠤ ᠬᠠᠷ᠎ᠠ ᠴᠢᠯᠦᠭᠡ ᠪᠠᠷ ᠳᠠᠷᠤᠭᠤᠯᠵᠤ ᠣᠷᠭᠢᠵᠠᠢ︕
ᠶᠢᠠᠳᠢᠷᠠᠢ ᠴᠠᠭᠠᠨ ᠡᠪᠦᠭᠡᠨ᠄ (ᠰᠤᠨᠢᠷᠬᠠᠵᠤ) ᠴᠥᠩᠭᠦᠭᠡᠷ ᠴᠠᠭᠠᠨ ᠠᠭᠤᠢ ᠶᠢᠨ ᠠᠮᠠ ᠶᠢ ᠶᠠᠷᠤ ᠳᠡᠭᠡᠨ ᠪᠦᠭᠯᠡᠳᠡᠭ᠌ ᠦᠭᠡᠶ ᠪᠢᠯᠠ︕ ᠶᠠᠪᠣ ᠡᠮᠡᠭᠡᠨ︕ ᠶᠠᠪᠣ︕ ᠣᠳᠤᠭᠠᠤᠨ ᠦᠵᠡᠶ᠎ᠠ︕ (ᠬᠤᠶᠠᠷ ᠭᠦᠮᠤᠨ ᠤ ᠶᠠᠪᠣᠳᠠᠯ ᠁ ᠭᠡᠷᠢᠶ᠎ᠡ ᠰᠢᠪᠠᠭᠤᠨ ᠤ ᠳᠠᠭᠤᠨ ᠁ ᠰᠢᠷ᠎ᠠ ᠰᠢᠪᠠᠭᠤᠨ ᠤ ᠳᠠᠭᠤ)
ᠶᠢᠠᠳᠢᠷᠠᠢ ᠴᠠᠭᠠᠨ ᠡᠪᠦᠭᠡᠨ᠄ ᠡᠮᠡᠭᠡᠨ ᠢᠷ᠎ᠠ︕ ᠡᠭᠦᠳᠡ ᠪᠦᠭᠯᠡᠭ᠍ᠰᠡᠨ ᠴᠢᠯᠠᠭᠤ ᠶᠢ ᠵᠠᠢ᠌ᠴᠠᠭᠤᠯᠤᠶᠠ︕ (ᠲᠦᠯᠭᠢᠵᠤ ᠳᠠᠳᠠᠵᠤ ᠨᠡᠭᠡᠭᠡᠵᠤ ᠶᠠᠳᠠᠨ᠎ᠠ)
ᠡᠮᠡᠭᠡᠨ᠄ (ᠱᠤᠤᠭᠢᠷᠴᠤ) ᠡᠨᠡ ᠴᠢᠯᠠᠭᠤ ᠶᠢ ᠴᠢ ᠪᠢᠳᠠᠨ ᠬᠤᠶᠠᠷ ᠨᠠᠰᠤᠨ ᠳᠠᠭᠠᠨ ᠭᠦᠳᠡᠯᠭᠡᠵᠤ ᠴᠢᠳᠠᠬᠤ ᠦᠭᠡᠶ ᠪᠢᠳᠠᠨ᠃ ᠡᠢ᠌ᠮᠤ ᠪᠦᠳᠦᠭᠦᠨ ᠴᠢᠯᠠᠭᠤ ᠶᠢ ᠶᠠᠮᠠᠷ ᠨᠢᠭᠡᠨ ᠪᠠᠭᠠᠳᠤᠷ ᠡᠷᠭᠦᠵᠤ ᠢᠷᠡᠭᠡᠳ᠂ ᠠᠠᠳᠠᠭᠠᠷ ᠳᠠᠯᠪᠢᠵᠤ ᠪᠠᠢ᠌ᠭᠠᠤᠨ ᠠᠭᠤᠢ ᠶᠢᠨ ᠠᠮᠠ ᠶᠢ ᠪᠦᠭᠯᠡᠭ᠍ᠰᠡᠨ ᠶᠠᠩᠵᠤ ᠲᠡᠶ︕
ᠶᠢᠠᠳᠢᠷᠠᠢ ᠴᠠᠭᠠᠨ ᠡᠪᠦᠭᠡᠨ᠄ ᠬᠠᠮᠢᠶ᠎ᠠ ᠦᠭᠡᠶ︕ ᠪᠣᠮᠪᠠ ᠶᠢᠨ ᠣᠷᠤᠨ ᠤ ᠪᠠᠭᠠᠳᠤᠷ ᠪᠦᠭᠯᠡᠭ᠍ᠰᠡᠨ ᠪᠣᠯᠬᠤᠯ᠎ᠠ ᠰᠡᠭᠦᠭ᠍ᠳᠡᠭᠦ︕ (ᠬᠣᠢ᠌ᠰᠢ ᠴᠤᠬᠤᠷᠤᠬᠤ ᠴᠢᠮᠡᠭᠡᠨ ᠁ ᠳᠡᠭᠡᠷ᠎ᠡ ᠳᠠᠭᠤ ᠪᠠᠷ ᠵᠠᠯᠪᠠᠷᠢᠯ ᠤᠨ ᠠᠶᠠᠰ ᠵᠢᠠᠷ) ᠪᠢᠳᠠᠨ ᠪᠣᠯᠬᠤᠯ᠎ᠠ ᠊᠊᠊᠊᠊᠊᠊᠊᠊᠊᠊᠊᠊᠊᠊ ᠦᠵᠤᠩ ᠠᠯᠳᠠᠷ ᠬᠠᠭᠠᠨ ᠤ ᠠᠷᠤ ᠶᠡᠭᠡ ᠨᠤᠳᠤᠭ ᠤᠨ ᠬᠢᠨᠢ ᠰᠠᠪᠳᠠᠭ ᠰᠢᠪᠳᠡᠭ᠌ ᠨᠢ ᠪᠣᠯᠬᠤ ᠶᠢᠠᠳᠢᠷᠠᠢ ᠴᠠᠭᠠᠨ ᠡᠪᠦᠭᠡᠨ ᠡᠭᠡᠯᠵᠢᠭ᠌ ᠪᠣᠭᠤᠷᠤᠯ ᠡᠮᠡᠭᠡᠨ ᠬᠤᠶᠠᠷ︕ ᠪᠣᠮᠪᠠ ᠶᠢᠨ ᠣᠷᠤᠨ ᠤ ᠪᠠᠭᠠᠳᠤᠷ ᠪᠦᠭᠯᠡᠭ᠍ᠰᠡᠨ ᠴᠢᠯᠠᠭᠤᠨ ᠪᠣᠯᠬᠤᠯ᠎ᠠ᠂ ᠴᠢ ᠁ ᠮᠦᠨ ᠣᠳᠤ ᠦᠪᠡᠷ ᠶᠢᠡᠨ ᠰᠡᠭᠦᠭ᠍ᠳᠡ︕
[ ᠬᠠᠳᠠ ᠴᠢᠯᠠᠭᠤᠨ ᠨᠤᠷᠠᠬᠤ ᠴᠢᠮᠡᠭᠡᠨ ᠁ ᠭᠦᠭ᠍ᠵᠢᠮ (1 ᠊᠊᠊᠊᠊᠊᠊᠊᠊᠊᠊᠊᠊᠊᠊ 14) ᠭᠦᠰᠡᠯ ᠪᠢᠯᠬᠠᠮ᠎ᠠ ᠭᠦᠭ᠍ᠵᠢᠮ ᠁ ᠡᠪᠦᠭᠡᠨ ᠡᠮᠡᠭᠡᠨ ᠬᠤᠶᠠᠷ 《ᠰᠡᠭᠦᠭ᠍ᠳᠡᠪᠡ ᠰᠡᠭᠦᠭ᠍ᠳᠡᠪᠡ︕》 ᠭᠡᠵᠤ ᠪᠠᠶᠠᠷᠯᠠᠵᠤ᠂ ᠠᠭᠤᠢ ᠳᠤ ᠣᠷᠤᠨ᠎ᠠ ᠁ ᠭᠦᠭ᠍ᠵᠢᠮ ᠳᠤ ᠳᠠᠪᠬᠤᠴᠠᠨ ᠨᠢᠯᠬ᠎ᠠ ᠬᠡᠦᠬᠡᠳ ᠤᠨ ᠳᠠᠭᠤ ᠁
ᠶᠢᠠᠳᠢᠷᠠᠢ ᠴᠠᠭᠠᠨ ᠡᠪᠦᠭᠡᠨ᠄ ᠡ᠂ ᠬᠠᠢ᠌ᠷᠬᠠᠨ ᠮᠢᠨᠢ︕ ᠥᠵᠡᠭᠡᠴᠢ︕ ᠳᠠᠷᠠ ᠭᠡᠷᠡᠯ ᠭᠠᠷᠴᠤ ᠪᠠᠢ᠌ᠬᠤ ᠵᠥᠭ᠌︕ ᠦᠵᠤᠩ ᠠᠯᠳᠠᠷ ᠬᠠᠭᠠᠨ ᠤ ᠭᠢᠨ ᠤ ᠡᠷᠳᠡᠨᠢ ᠴᠠᠭᠠᠨ ᠥᠯᠦᠭᠡᠢ ᠭᠡᠳᠡᠭ᠌ ᠳᠠᠷᠠ᠃ (ᠪᠠᠶᠠᠷᠯᠠᠵᠤ) ᠡᠨᠡ ᠡᠷᠳᠡᠨᠢ ᠴᠠᠭᠠᠨ ᠥᠯᠦᠭᠡᠢ ᠳᠤ ᠥᠯᠦᠭᠡᠢ᠌ᠳᠡᠭ᠍ᠰᠡᠨ ᠬᠡᠦᠬᠡᠳ ᠲᠤ ᠪᠠᠷᠴᠢᠳ ᠬᠠᠯᠳᠠᠳᠠᠭ ᠦᠭᠡᠶ ᠶᠤᠮ᠂ ᠶᠠᠮᠠᠷ ᠴᠤ ᠬᠤᠤᠷᠳᠠᠢ ᠳᠠᠢ᠌ᠰᠤᠨ ᠬᠤᠤᠷ ᠭᠦᠷᠭᠡᠵᠤ ᠴᠢᠳᠠᠳᠠᠭ ᠦᠭᠡᠶ ᠶᠤᠮ᠃ (ᠠᠭᠤᠢ ᠳᠤᠳᠤᠷ᠎ᠠ ᠬᠤᠷᠳᠤᠯᠠᠨ ᠶᠠᠪᠣᠬᠤ ᠴᠢᠮᠡᠭᠡᠨ ᠁)
ᠡᠮᠡᠭᠡᠨ᠄ (ᠪᠠᠶᠠᠷᠯᠠᠵᠤ ᠣᠶᠠᠷᠠᠵᠤ) ᠠᠷᠤ ᠪᠣᠮᠪᠠ ᠶᠢᠨ ᠣᠷᠤᠨ ᠤ ᠮᠢᠨᠢ ᠭᠡᠰᠢᠭ᠌ ᠪᠣᠯᠤᠭᠰᠠᠨ ᠭᠦᠭᠡᠷᠦᠭᠦᠢ ᠮᠢᠨᠢ︕ (ᠠᠭᠤᠢ ᠳᠤᠳᠤᠷ᠎ᠠ ᠬᠤᠷᠳᠤᠯᠠᠨ ᠶᠠᠪᠣᠬᠤ ᠴᠢᠮᠡᠭᠡᠨ ᠁)
ᠶᠢᠠᠳᠢᠷᠠᠢ ᠴᠠᠭᠠᠨ ᠡᠪᠦᠭᠡᠨ᠄ ᠠᠯᠭᠤᠷ ᠠᠯᠭᠤᠷ︕ ᠭᠦᠪᠠᠭᠦᠨ ᠤ ᠠᠮᠠᠨ ᠳ᠋ᠤᠨᠢ ᠮᠤᠷᠢᠨ ᠤ ᠳᠤᠯᠤᠭᠠᠢ ᠶᠢᠨ ᠳᠦᠰᠦᠭᠡᠳᠡᠢ ᠮᠤᠷᠠᠯ (ᠮᠤᠯᠤᠷ) ᠴᠠᠭᠠᠨ ᠡᠷᠳᠡᠨᠢ ᠭᠦᠭᠦᠭᠦᠯᠵᠤ ᠣᠷᠭᠢᠭᠰᠠᠨ ᠪᠠᠢ᠌ᠨ᠎ᠠ᠃ ᠡᠨᠡ ᠮᠤᠷᠠᠯ ᠴᠠᠭᠠᠨ ᠡᠷᠳᠡᠨᠢ ᠡᠰᠡ ᠪᠣᠯᠬᠤᠯ᠎ᠠ ᠡᠨᠡ ᠭᠦᠪᠠᠭᠦᠨ ᠭᠡᠵᠢᠶᠡᠨ ᠤ ᠬᠠᠷᠠᠭᠤᠨᠠᠭᠠᠤᠨ ᠥᠭᠦᠵᠤ ᠣᠤᠠᠬᠤ ᠪᠢᠰᠢ ᠦᠦ ⁈ ᠠᠮᠠᠨ ᠳ᠋ᠠᠭᠢ ᠮᠤᠷᠠᠯ ᠡᠷᠳᠡᠨᠢ ᠶᠢ ᠨᠢ ᠠᠪᠴᠤ ᠣᠷᠭᠢ︕
ᠡᠮᠡᠭᠡᠨ᠄ ᠪᠢᠳᠡᠭᠡᠢ ᠳᠠᠭᠤ ᠭᠠᠷ︕ ᠡᠪᠦᠭᠡᠨ︕ ᠭᠦᠪᠠᠭᠦᠨ ᠰᠡᠷᠡᠭᠡᠳ ᠣᠭᠢᠯᠠᠨ᠎ᠠ᠃ ᠡᠪᠯᠡᠭᠡᠳ ᠥᠯᠦᠭᠡᠢ ᠡᠴᠡ ᠨᠢ ᠳᠠᠢ᠌ᠯᠵᠤ ᠠᠪᠣᠶ᠎ᠠ︕ (ᠥᠯᠦᠭᠡᠢ ᠶᠢᠨ ᠪᠦᠴᠡ ᠳᠠᠢ᠌ᠯᠬᠤ ᠴᠢᠮᠡᠭᠡᠨ ᠁ ᠭᠦᠪᠠᠭᠦᠨ ᠰᠡᠷᠡᠭᠡᠳ ᠣᠭᠢᠯᠠᠨ᠎ᠠ ᠁ ᠡᠮᠡᠭᠡᠨ ᠣᠶᠠᠷᠠᠵᠤ ᠣᠭᠢᠯᠠᠭᠰᠠᠭᠠᠷ ᠁) ᠠᠮᠢᠨ ᠮᠢᠨᠢ ᠪᠣᠯᠤᠭᠠᠤᠨ ᠬᠠᠷᠭᠤᠯᠳᠤᠪᠠ ᠦᠦ ᠴᠢ︕ ᠰᠦᠰᠦᠨ ᠮᠢᠨᠢ ᠪᠣᠯᠤᠭᠠᠤᠨ ᠬᠠᠷᠭᠤᠯᠳᠤᠪᠠ ᠴᠢ ᠦᠦ⁈ ᠣᠭᠢᠯᠠᠬᠤ ᠮᠠᠢ᠌ᠯᠠᠬᠤ ᠶᠠᠭᠤᠮᠠᠨ ᠤ ᠳᠠᠭᠤ ᠰᠤᠨᠤᠰᠤᠯ ᠦᠭᠡᠶ᠂ ᠥᠭᠦᠵᠤ ᠪᠠᠢ᠌ᠯ᠎ᠠ ᠪᠢᠳᠠᠨ︕ (ᠭᠦᠭ᠍ᠵᠢᠮ1 ᠊᠊᠊᠊᠊᠊᠊᠊᠊᠊᠊᠊᠊᠊᠊ 15 ᠊᠊᠊᠊᠊᠊᠊᠊᠊᠊᠊᠊᠊᠊᠊ ᠣᠶᠠᠷᠠᠯ ᠪᠠᠶᠠᠰᠤᠯ ᠬᠤᠤᠰᠯᠠᠭᠰᠠᠨ ᠭᠦᠭ᠍ᠵᠢᠮ᠃)
ᠶᠢᠠᠳᠢᠷᠠᠢ ᠴᠠᠭᠠᠨ ᠡᠪᠦᠭᠡᠨ᠄ (ᠭᠡᠨᠡᠳᠲᠡ ᠰᠠᠭ ᠠᠪᠴᠤ) ᠠᠢ︕ ᠡᠨᠡ ᠭᠦᠪᠠᠭᠦᠨ ᠦᠵᠤᠩ ᠠᠯᠳᠠᠷ ᠬᠠᠭᠠᠨ ᠤ ᠭᠦᠪᠠᠭᠦᠨ ᠮᠦᠨ ᠪᠣᠯᠳᠠᠭ ᠵᠢᠭᠢ ᠯᠠᠪᠳᠠᠢ ᠳᠡᠮᠳᠡᠭ᠌ ᠪᠣᠯᠳᠠᠭ ᠶᠠᠭᠤᠮ᠎ᠠ ᠥᠯᠡᠳᠡᠭᠡᠨ᠎ᠡ᠃ ᠡᠨᠡ ᠭᠦᠪᠠᠭᠦᠨ ᠭᠡᠷᠡᠭᠯᠡᠳᠡᠭ᠌ ᠶᠠᠭᠤᠮ᠎ᠠ ᠥᠯᠡᠳᠡᠭᠡᠳᠡᠭ᠌ ᠵᠦᠪᠳᠠᠢ︕ ᠬᠠᠢ᠌ᠭᠠᠤᠨ ᠥᠵᠡᠰᠦᠭᠡᠢ︕ (ᠠᠭᠤᠢ ᠳᠤᠳᠤᠷ᠎ᠠ ᠬᠤᠯᠠᠵᠢᠵᠤ ᠶᠠᠪᠣᠬᠤ ᠴᠢᠮᠡᠭᠡᠨ ᠁ ᠡᠮᠡᠭᠡᠨ ᠭᠦᠤ ᠶᠢ ᠡᠷᠭᠡᠯᠡᠭᠦᠯᠤᠨ ᠡᠨᠡᠷᠢᠭᠦ ᠁)
ᠶᠢᠠᠳᠢᠷᠠᠢ ᠴᠠᠭᠠᠨ ᠡᠪᠦᠭᠡᠨ᠄ (ᠭᠡᠨᠡᠳᠲᠡ ᠪᠠᠶᠠᠷᠯᠠᠨ ᠬᠠᠰᠭᠢᠷᠴᠤ) ᠬᠤᠢ᠂ ᠡᠮᠡᠭᠡᠨ ᠥᠵᠡᠭᠡᠴᠢ ᠡᠭᠦᠨ ᠢ︕ (ᠵᠠᠷ ᠵᠠᠪᠠ ᠶᠢᠨ ᠬᠠᠩᠭᠢ ᠵᠢᠩ ᠳᠠᠭᠤ) ᠦᠵᠤᠩ ᠠᠯᠳᠠᠷ ᠬᠠᠭᠠᠨ ᠤ ᠭᠡᠷᠡᠭᠯᠡᠵᠤ ᠪᠠᠢ᠌ᠭᠰᠠᠨ᠂ ᠡᠷ᠎ᠡ ᠭᠦᠮᠤᠨ ᠤ ᠳᠠᠪᠤᠨ ᠵᠣᠢ᠌ᠯ ᠤᠨ ᠵᠠᠷ ᠵᠠᠪᠠ ᠪᠦᠷᠢᠨ ᠶᠢᠡᠷ ᠶᠢᠡᠨ ᠡᠨᠡ ᠪᠠᠢ᠌ᠳᠠᠭ ᠵᠢᠭᠢ︕
ᠡᠮᠡᠭᠡᠨ᠄ (ᠪᠠᠶᠠᠷᠯᠠᠨ ᠣᠶᠠᠷᠠᠵᠤ) ᠥᠭᠡᠢ᠌ᠷᠡᠭᠡᠳ ᠬᠤᠭᠤᠰᠤᠷᠠᠪᠠᠴᠤ ᠳᠠᠭᠠᠭᠢ ᠲᠡᠶ ᠲᠠᠭᠠᠨ ᠥᠯᠡᠳᠡᠳᠡᠭ᠌᠂ ᠥᠭᠦᠭᠡᠳ ᠬᠤᠭᠤᠰᠤᠷᠠᠪᠠᠴᠤ ᠥᠯᠦᠭᠡᠢ ᠲᠡᠶ ᠭᠦᠪᠠᠭᠦᠨ ᠥᠯᠡᠳᠡᠳᠡᠭ᠌᠂ ᠭᠡᠰᠢᠭ᠌ ᠶᠡᠭᠡᠳᠡᠢ ᠨᠤᠳᠤᠭ ᠤᠨ ᠵᠠᠶᠠᠭᠠᠨ ᠭᠡᠳᠡᠭ᠌ ᠡᠨᠡ︕
ᠶᠢᠠᠳᠢᠷᠠᠢ ᠴᠠᠭᠠᠨ ᠡᠪᠦᠭᠡᠨ᠄ ᠵᠠ︕ ᠡᠮᠡᠭᠡᠨ︕ ᠡ᠊ᠨᠳᠡ ᠣᠭᠢᠯᠠᠭᠠᠤᠨ ᠰᠠᠭᠤᠳᠠᠭ ᠶᠤᠮ ᠪᠢᠰᠢ᠃ ᠬᠠᠷᠢᠶ᠎ᠠ︕ (ᠬᠡᠦᠬᠡᠳ ᠤᠨ ᠳᠠᠭᠤ ᠁)
ᠡᠮᠡᠭᠡᠨ᠄ (ᠭᠦᠤ ᠶᠢ ᠦᠨᠦᠰᠤᠨ ᠡᠷᠭᠡᠯᠡᠭᠦᠯᠵᠤ) ᠵᠡᠭᠦᠳᠤᠨ ᠪᠣᠯᠤᠭᠠᠤᠨ ᠬᠠᠷᠭᠤᠯᠳᠤᠭᠰᠠᠨ ᠭᠦᠭᠡᠷᠦᠭᠦᠢ ᠮᠢᠨᠢ︕ ᠵᠢᠷᠦᠭᠡᠨ ᠪᠣᠯᠤᠭᠠᠤᠨ ᠬᠠᠷᠭᠤᠯᠳᠤᠭᠰᠠᠨ ᠭᠦᠭᠡᠷᠦᠭᠦᠢ ᠮᠢᠨᠢ︕ (ᠬᠡᠦᠬᠡᠳ ᠤᠨ ᠡᠷᠭᠡᠯᠡᠨ᠂ ᠢᠨᠢᠶᠡᠭᠦ ᠴᠢᠮᠡᠭᠡᠨ ᠁)
ᠶᠢᠠᠳᠢᠷᠠᠢ ᠴᠠᠭᠠᠨ ᠡᠪᠦᠭᠡᠨ᠄ (ᠡᠷᠭᠡᠯᠡᠭᠦᠯᠤᠨ) ᠴᠢᠭᠢᠴᠢᠭᠡ ᠪᠠᠨ ᠱᠠᠯᠤᠤ ᠨᠢ ᠴᠢᠴᠢᠷᠡᠭ᠍ᠰᠡᠨ᠂ ᠴᠢᠯᠳᠠᠩ ᠣᠯᠠᠭᠠᠨ ᠬᠠᠯᠬ᠎ᠠ ᠨᠢ ᠮᠡᠯᠮᠡᠢ᠌ᠭ᠍ᠰᠡᠨ᠂ ᠠᠰᠠᠷ ᠬᠠᠷ᠎ᠠ ᠨᠢᠳᠤ ᠨᠢ ᠳ᠋ᠦᠷᠦᠪᠭᠢᠭ᠍ᠰᠡᠨ᠂ ᠶᠠᠮᠠᠷ ᠭᠦᠭᠡᠷᠦᠭᠦᠨ ᠭᠦᠪᠠᠭᠦᠨ ᠪᠣᠢ ᠭᠡᠴᠢ︕ ᠬᠤᠢ᠂ ᠡᠮᠡᠭᠡᠨ ᠡᠨᠡ ᠴᠢᠨᠢ ᠮᠥᠮᠥ ᠬᠠᠢ᠌ᠵᠤ ᠪᠠᠢ᠌ᠨ᠎ᠠ︕
ᠡᠮᠡᠭᠡᠨ᠄ ᠬᠠᠷᠢᠨ ᠬᠠᠷᠢᠨ︕ (ᠢᠴᠢᠵᠤ᠂ ᠢᠨᠢᠶᠠᠵᠤ) ᠡᠨᠡ ᠭᠦᠪᠠᠭᠦᠨ ᠢ ᠥᠵᠡᠭ᠍ᠰᠡᠨ ᠡᠴᠡ ᠨᠠᠭᠠᠷᠤ ᠭᠦᠭᠦ ᠮᠢᠨᠢ ᠮᠠᠷ ᠮᠠᠷ ᠭᠡᠳ ᠴᠢᠨᠦᠭ᠍ᠰᠡᠨ ᠰᠢᠭ᠌ ᠪᠣᠯᠤᠭᠠᠤᠨ ᠪᠠᠢ᠌ᠨ᠎ᠠ᠃ ᠭᠦᠭᠦᠭᠦᠯᠦᠭᠡᠳ ᠥᠵᠡᠭᠦᠯ᠎ᠡ ᠶᠠᠭᠠᠭᠢᠨ᠎ᠠ ⁉
ᠶᠢᠠᠳᠢᠷᠠᠢ ᠴᠠᠭᠠᠨ ᠡᠪᠦᠭᠡᠨ᠄ (ᠨᠠᠭᠠᠳᠤ ᠭᠢᠵᠤ ᠢᠨᠢᠶᠡᠭᠡᠳ) ᠡ ᠁ ᠴᠠᠪᠠᠰᠤ︕ ᠴᠢᠨᠦ ᠳᠠᠷᠠ ᠰᠢᠷᠭᠢᠭᠡᠳ ᠵᠠᠭᠤᠨ ᠵᠢᠯ ᠪᠣᠯᠤᠭᠰᠠᠨ ᠮᠠᠭᠤ ᠬᠠᠯᠢᠰᠤᠨ ᠡᠴᠠ ᠴᠢᠨᠢ ᠶᠠᠮᠠᠷ ᠦᠰᠦᠨ ᠭᠠᠷᠤᠨ᠎ᠠ ᠭᠡᠨ᠎ᠡ ᠴᠢ︕
[ᠡᠨᠡᠷᠢᠯ ᠪᠢᠯᠬᠠᠭᠰᠠᠨ ᠭᠦᠭ᠍ᠵᠢᠮ (1 ᠊᠊᠊᠊᠊᠊᠊᠊᠊᠊᠊᠊᠊᠊᠊ 16) ᠁
ᠡᠮᠡᠭᠡᠨ᠄ (ᠪᠠᠶᠠᠷᠯᠠᠨ ᠰᠠᠠᠳᠤᠷᠴᠤ) ᠭᠦᠭ᠍ᠰᠢᠨ ᠭᠦᠭ᠍ᠰᠢᠨ︕ ᠨᠠᠭᠠᠳᠤᠨ ᠢᠨᠢᠶᠠᠳᠤᠨ ᠪᠢᠰᠢ︕ (ᠰᠢᠮᠰᠢᠷᠠᠵᠤ) ᠢᠱᠢ︕ ᠬᠤᠶᠠᠷ ᠭᠦᠭᠦ ᠡᠴᠡ ᠮᠢᠨᠢ ᠦᠰᠦᠨ (ᠰᠥ᠋) ᠭᠤᠭᠤᠵᠢᠵᠤ ᠪᠠᠢ᠌ᠨ᠎ᠠ︕
ᠶᠢᠠᠳᠢᠷᠠᠢ ᠴᠠᠭᠠᠨ ᠡᠪᠦᠭᠡᠨ᠄ (ᠪᠠᠶᠠᠷᠯᠠᠵᠤ) ᠶᠠᠮᠠᠷ ᠰᠠᠢ᠌ᠨ ᠢᠷᠸ᠎ᠠ ᠪᠣᠢ︕ ᠬᠤᠢ᠂ ᠭᠦᠭᠦᠭᠦᠯᠦᠭᠡᠴᠢ ᠨᠠᠭᠠᠳᠤᠭᠢ ᠭᠦᠪᠠᠭᠦᠨ ᠳᠡᠭᠡᠨ︕ ᠬᠤᠷᠳᠤᠨ ᠭᠦᠭᠦᠭᠦᠯ︕
ᠡᠮᠡᠭᠡᠨ᠄ (ᠶᠠᠭᠠᠷᠠᠨ) ᠮᠠᠢ ᠮᠠᠢ ᠮᠠᠢ︕ ᠮᠠᠢ᠌ᠮ ᠮᠠᠢ᠌ᠮ︕ (ᠬᠡᠦᠬᠡᠳ ᠭᠦᠭᠦᠭᠦᠯᠤᠨᠡ)
[ᠬᠡᠦᠬᠡᠳ ᠤᠨ ᠬᠤᠪᠳᠤᠭᠯᠠᠨ ᠭᠦᠭᠦᠭᠦ ᠴᠢᠮᠡᠭᠡᠨ ᠁ ᠭᠦᠭ᠍ᠵᠢᠮ (1 ᠊᠊᠊᠊᠊᠊᠊᠊᠊᠊᠊᠊᠊᠊᠊ 16) ᠦᠷᠭᠦᠯᠵᠢᠯᠡᠨ᠎ᠡ ᠁
ᠶᠢᠠᠳᠢᠷᠠᠢ ᠴᠠᠭᠠᠨ ᠡᠪᠦᠭᠡᠨ᠄ (ᠭᠦᠭ᠍ᠵᠢᠮ ᠳᠤ ᠳᠠᠪᠬᠤᠴᠠᠭᠤᠯᠤᠨ᠂ ᠪᠠᠶᠠᠷᠳᠠᠢ ᠪᠠᠷ) ᠵᠠ︕ ᠭᠦᠪᠠᠭᠦᠨ ᠶᠢᠡᠨ ᠴᠠᠳᠬᠠᠵᠤ ᠠᠪᠣᠭᠠᠤᠨ᠂ ᠣᠷᠤᠴᠠ ᠳᠠᠭᠠᠨ ᠬᠠᠷᠢᠳᠠᠭ ᠭᠡᠷᠡᠭ᠌︕
[ᠭᠦᠭ᠍ᠵᠢᠮ ᠡᠴᠡ (1 ᠊᠊᠊᠊᠊᠊᠊᠊᠊᠊᠊᠊᠊᠊᠊ 17) ᠁ ᠭᠦᠭ᠍ᠵᠢᠮ ᠶᠢᠡᠷ ᠳᠡᠪᠢᠰᠭᠡᠷᠯᠡᠨ ᠵᠥᠴᠦᠭᠡ ᠶᠢᠨ ᠠᠵᠢᠯᠳᠠᠤᠨ ᠪᠣᠯᠤᠨ ᠳᠤᠭᠯᠠᠭᠴᠢᠳ ᠶᠢᠡᠨ ᠳᠠᠨᠢᠯᠴᠠᠭᠤᠯᠤᠨ᠎ᠠ᠃
(ᠨᠢᠭᠡᠳᠦᠭᠡᠷ ᠪᠦᠯᠦᠭ᠌ ᠳᠡᠭᠦᠰᠪᠡ)
ᠵᠤᠬᠢᠶᠠᠭᠴᠢ ᠶᠢᠨ ᠬᠠᠶᠢᠭ ᠄ ᠰᠢᠠᠵᠢᠶᠠᠩ ᠤᠨ ᠦᠷᠤᠮᠴᠢ
ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9251
ᠴᠠᠭ᠄ 2011 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ